ᠶᠣᠪ ᠬᠣᠷᠢᠨ ᠬᠣᠶᠠᠷ
ᠭᠤᠷᠪᠠᠳᠤᠭᠠᠷ ᠡᠷᠭᠢᠭᠡᠨ ᠦ ᠶᠠᠷᠢᠯᠴᠠᠭ᠎ᠠ ᠡᠯᠢᠹᠠᠽ ᠤᠨ ᠶᠠᠷᠢᠶ᠎ᠠ
1 ᠲᠧᠮᠠᠨ ᠬᠥᠮᠦᠨ ᠡᠯᠢᠹᠠᠽ ᠬᠠᠷᠢᠭᠤᠯᠵᠤ᠄
2 《ᠬᠥᠮᠦᠨ ᠪᠤᠷᠬᠠᠨ ᠳᠤ ᠠᠰᠢᠭ ᠲᠠᠢ ᠭᠡᠵᠢ ᠤᠤ︖ ᠮᠡᠷᠭᠡᠨ ᠨᠢ ᠴᠤ ᠥᠪᠡᠷ ᠲᠡᠭᠡᠨ ᠯᠠ ᠠᠰᠢᠭ ᠲᠠᠢ ᠪᠢᠵᠡ᠂
3 ᠵᠥᠪᠲᠦ ᠪᠠᠢᠳᠠᠯ ᠴᠢᠨᠢ ᠲᠡᠭᠦᠰ ᠬᠦᠴᠦᠲᠡᠨ ᠳᠦ ᠪᠠᠶᠠᠷ ᠪᠣᠯᠣᠨ᠎ᠠ ᠭᠡᠵᠢ ᠤᠤ︖ ᠵᠠᠮ ᠴᠢᠨᠢ ᠪᠤᠷᠤᠭᠤ ᠦᠭᠡᠢ ᠪᠠᠢᠭᠰᠠᠨ ᠴᠤ ᠲᠡᠭᠦᠨ ᠳᠦ ᠨᠡᠮᠡᠷᠢ ᠪᠣᠯᠣᠨ᠎ᠠ ᠭᠡᠵᠢ ᠤᠤ︖
4 ᠪᠤᠷᠬᠠᠨ ᠴᠢᠮᠠᠶᠢ ᠥᠪᠡᠷ ᠡᠴᠡ ᠨᠢ ᠡᠮᠢᠶᠡᠳᠡᠭ ᠦᠨ ᠤᠴᠢᠷ ᠢᠶᠠᠷ ᠵᠢᠮᠡᠯᠡᠨ ᠰᠢᠳᠬᠡᠵᠦ ᠪᠠᠢᠨ᠎ᠠ ᠭᠡᠵᠢ ᠤᠤ︖
5 ᠨᠢᠭᠦᠯ ᠴᠢᠨᠢ ᠶᠡᠬᠡ ᠭᠡᠮ ᠴᠢᠨᠢ ᠬᠡᠮᠵᠢᠶᠡᠯᠡᠰᠢ ᠦᠭᠡᠢ ᠪᠢᠰᠢ ᠤᠤ︖
6 ᠴᠢ ᠠᠬ᠎ᠠ ᠳᠡᠭᠦᠦᠰ ᠡᠴᠡ ᠪᠡᠨ ᠰᠢᠯᠲᠠᠭᠠᠨ ᠦᠭᠡᠢ ᠪᠠᠷ ᠪᠠᠷᠢᠴᠠᠭ᠎ᠠ ᠠᠪᠴᠤ ᠨᠣᠣᠷᠬᠠᠢ ᠬᠤᠪᠴᠠᠰᠤ ᠲᠠᠢ ᠬᠥᠮᠦᠰ ᠦᠨ ᠬᠤᠪᠴᠠᠰᠤ ᠶᠢ ᠬᠠᠤ ᠲᠠᠲᠠᠭᠰᠠᠨ ᠪᠠᠢᠬ᠎ᠠ᠂
7 ᠶᠠᠳᠠᠷᠠᠭᠰᠠᠨ ᠬᠥᠮᠦᠨ ᠳᠦ ᠴᠢ ᠤᠤᠭᠤᠬᠤ ᠤᠰᠤ ᠥᠭᠭᠥᠭᠡ ᠦᠭᠡᠢ ᠥᠯᠥᠰᠥᠭᠰᠡᠨ ᠬᠥᠮᠦᠨ ᠡᠴᠡ ᠬᠦᠨᠡᠰᠦ ᠪᠡᠨ ᠬᠠᠷᠠᠮᠨᠠᠭᠰᠠᠨ ᠪᠠᠢᠬ᠎ᠠ᠂
8 ᠡᠷᠬᠡ ᠮᠡᠳᠡᠯᠲᠡᠨ ᠪᠣᠯᠵᠤ ᠭᠠᠵᠠᠷ ᠡᠵᠡᠮᠰᠢᠨ ᠠᠯᠳᠠᠷ ᠬᠦᠨᠳᠦᠲᠡᠢ ᠪᠣᠯᠵᠤ ᠲᠡᠨᠳᠡ ᠰᠠᠭᠤᠳᠠᠭ ᠠᠲᠠᠯ᠎ᠠ ᠪᠠᠨ
9 ᠪᠡᠯᠪᠡᠰᠦᠨ ᠡᠮᠡᠭᠲᠡᠢ ᠶᠢ ᠬᠣᠭᠣᠰᠣᠨ ᠪᠤᠴᠠᠭᠠᠵᠤ ᠥᠨᠥᠴᠢᠨ ᠬᠡᠦᠬᠡᠳ ᠤᠳ ᠤᠨ ᠭᠠᠷ ᠢ ᠬᠤᠭᠤᠯᠤᠭᠰᠠᠨ ᠪᠠᠢᠬ᠎ᠠ᠂
10 ᠲᠡᠢᠮᠦ ᠡᠴᠡ ᠤᠷᠠᠬ᠎ᠠ ᠴᠢᠮᠠᠶᠢ ᠬᠦᠷᠢᠶᠡᠯᠡᠵᠦ ᠭᠡᠨᠡᠳᠲᠡ ᠶᠢᠨ ᠠᠶᠤᠮᠰᠢᠭ ᠴᠢᠮᠠᠶᠢ ᠲᠦᠭᠰᠢᠭᠡᠨ
11 ᠬᠠᠷᠠᠵᠤ ᠴᠢᠳᠠᠬᠤ ᠪᠠᠷ ᠦᠭᠡᠢ ᠬᠠᠷᠠᠩ᠋ᠭᠤᠢ ᠬᠢᠭᠡᠳ ᠦᠶᠡᠷ ᠦᠨ ᠤᠰᠤ ᠴᠢᠮᠠᠶᠢ ᠨᠥᠮᠥᠷᠴᠦ ᠪᠠᠢᠨ᠎ᠠ᠃
12 ᠪᠤᠷᠬᠠᠨ ᠲᠩᠷᠢ ᠶᠢᠨ ᠥᠨᠳᠥᠷ ᠲᠦ ᠪᠠᠢᠳᠠᠭ ᠪᠢᠰᠢ ᠤᠤ︖ ᠠᠯᠤᠰ ᠤᠨ ᠣᠳᠣᠳ ᠶᠠᠮᠠᠷ ᠥᠨᠳᠥᠷ ᠲᠦ ᠪᠠᠢᠳᠠᠭ ᠢ ᠬᠠᠷᠠᠭᠠᠴᠢ︕
13 ᠬᠠᠷᠢᠨ ᠴᠢ᠄ 〈ᠪᠤᠷᠬᠠᠨ ᠶᠠᠭᠤ ᠮᠡᠳᠡᠳᠡᠭ ᠪᠢᠯᠡ︖ ᠭᠦᠨ ᠬᠠᠷᠠᠩ᠋ᠭᠤᠢ ᠶᠢ ᠨᠡᠪᠲᠡᠯᠦᠨ ᠰᠢᠭᠦᠵᠦ ᠴᠢᠳᠠᠬᠤ ᠤᠤ︖
14 ᠥᠳᠬᠡᠨ ᠡᠭᠦᠯᠡᠰ ᠬᠠᠯᠬᠠᠯᠠᠭᠰᠠᠨ ᠲᠤᠯᠠ ᠲᠡᠷᠡ ᠪᠡᠷ ᠬᠠᠷᠠᠵᠤ ᠦᠯᠦ ᠴᠢᠳᠠᠨ᠎ᠠ ᠲᠡᠷᠡ ᠪᠡᠷ ᠲᠩᠷᠢ ᠶᠢᠨ ᠣᠷᠣᠢ ᠪᠠᠷ ᠬᠤᠯᠬᠢᠨ ᠶᠠᠪᠤᠭᠰᠠᠭᠠᠷ ᠯᠠ ᠪᠠᠢᠨ᠎ᠠ〉 ᠭᠡᠳᠡᠭ᠃
15 ᠲᠡᠢᠨ ᠬᠦ ᠴᠢ ᠭᠡᠮᠲᠡᠳ ᠦᠨ ᠶᠠᠪᠤᠵᠤ ᠥᠩᠭᠡᠷᠡᠭᠰᠡᠨ ᠡᠷᠲᠡᠨ ᠦ ᠵᠢᠮ ᠢ ᠳᠠᠭᠠᠬᠤ ᠭᠡᠵᠦ ᠪᠠᠢᠨ᠎ᠠ ᠤᠤ︖
16 ᠲᠡᠳᠡ ᠴᠠᠭ ᠠᠴᠠ ᠪᠠᠨ ᠡᠮᠦᠨ᠎ᠡ ᠠᠪᠠᠴᠢᠭᠳᠠᠭᠰᠠᠨ ᠰᠠᠭᠤᠷᠢ ᠨᠢ ᠦᠶᠡᠷ ᠲᠦ ᠬᠠᠮᠤᠭᠳᠠᠭᠰᠠᠨ᠂
17 ᠲᠡᠳᠡ ᠪᠤᠷᠬᠠᠨ ᠳᠤ᠄ 〈ᠪᠢᠳᠡᠨ ᠡᠴᠡ ᠵᠠᠢᠯᠠ︕〉 ᠭᠡᠵᠦ 〈ᠲᠡᠭᠦᠰ ᠬᠦᠴᠦᠲᠡᠨ ᠪᠢᠳᠡᠨ ᠳᠦ ᠶᠠᠭᠤ ᠬᠢᠵᠦ ᠴᠢᠳᠠᠬᠤ ᠶᠤᠮ ᠪᠤᠢ︖〉 ᠭᠡᠳᠡᠭ ᠪᠠᠢᠭᠰᠠᠨ ᠪᠣᠯᠪᠠᠴᠤ
18 ᠲᠡᠳᠡᠨ ᠦ ᠣᠷᠣᠨ ᠭᠡᠷ ᠢ ᠰᠠᠢᠨ ᠢᠶᠠᠷ ᠳᠦᠭᠦᠷᠭᠡᠭᠰᠡᠨ ᠨᠢ ᠪᠤᠷᠬᠠᠨ ᠠᠵᠢ᠂ ᠲᠡᠢᠨ ᠬᠦ ᠪᠤᠷᠤᠭᠤᠲᠠᠳ ᠤᠨ ᠪᠣᠳᠣᠯ ᠨᠠᠳᠠ ᠠᠴᠠ ᠬᠣᠯᠠ ᠪᠠᠢᠳᠠᠭ᠃
19 ᠵᠥᠪᠲᠦ ᠬᠥᠮᠦᠰ ᠬᠠᠷᠠᠭᠠᠳ ᠪᠠᠶᠠᠷᠯᠠᠨ᠎ᠠ᠂ ᠭᠡᠮ ᠦᠭᠡᠢ ᠬᠥᠮᠦᠰ ᠲᠡᠳᠡᠨ ᠢ ᠪᠠᠰᠤᠮᠵᠢᠯᠠᠨ᠄
20 〈ᠥᠰᠲᠡᠨ ᠨᠦᠭᠦᠳ ᠯᠠᠪᠲᠠᠢ ᠤᠰᠠᠳᠬᠠᠭᠳᠠᠵᠤ ᠦᠯᠡᠳᠡᠭᠰᠡᠨ ᠨᠢ ᠭᠠᠯ ᠳᠤ ᠵᠠᠯᠭᠢᠭᠳᠠᠪᠠ〉 ᠭᠡᠵᠡᠭᠡᠨ᠎ᠡ᠃
21 ᠴᠢ ᠣᠳᠣ ᠪᠤᠷᠬᠠᠨ ᠲᠠᠢ ᠡᠪᠯᠡᠷᠡᠭᠡᠳ ᠠᠮᠤᠷ ᠪᠠᠢᠭᠲᠤᠨ᠂ ᠰᠠᠢᠨ ᠰᠠᠢᠬᠠᠨ ᠴᠢᠮ᠎ᠠ ᠳᠤ ᠢᠷᠡᠬᠦ ᠪᠣᠯᠣᠨ᠎ᠠ᠃
22 ᠠᠮᠠᠨ ᠤ ᠬᠢᠨᠢ ᠵᠢᠭᠠᠪᠤᠷᠢ ᠶᠢ ᠬᠦᠯᠢᠶᠡᠨ ᠠᠪᠴᠤ ᠦᠭᠡᠰ ᠢ ᠨᠢ ᠵᠢᠷᠦᠬᠡᠨ ᠳᠡᠭᠡᠨ ᠬᠠᠳᠠᠭᠠᠯᠠᠭᠲᠤᠨ᠂
23 ᠲᠡᠭᠦᠰ ᠬᠦᠴᠦᠲᠡᠨ ᠤᠷᠤᠭᠤ ᠡᠷᠭᠢᠵᠦ ᠭᠡᠮ ᠪᠤᠷᠤᠭᠤ ᠶᠢ ᠭᠡᠷ ᠡᠴᠡ ᠪᠡᠨ ᠬᠣᠯᠠᠳᠠᠭᠤᠯᠪᠠᠯ ᠴᠢ ᠰᠡᠷᠭᠦᠬᠦ ᠪᠣᠯᠣᠨ᠎ᠠ᠂
24 ᠡᠷᠳᠡᠨᠢᠰ ᠢᠶᠠᠨ ᠰᠢᠷᠣᠢ ᠳᠤ ᠲᠠᠯᠪᠢ ᠣᠹᠢᠷ ᠤᠨ ᠠᠯᠲᠠ ᠪᠠᠨ ᠴᠤ ᠭᠣᠣᠯ ᠤᠨ ᠴᠢᠯᠠᠭᠤᠨ ᠳᠤᠮᠳᠠ ᠣᠷᠬᠢ᠂
25 ᠲᠡᠭᠡᠪᠡᠯ ᠲᠡᠭᠦᠰ ᠬᠦᠴᠦᠲᠡᠨ ᠴᠢᠨᠦ ᠠᠯᠲᠠ᠂ ᠴᠢᠨᠦ ᠰᠢᠯᠢᠮᠡᠯ ᠮᠥᠩᠭᠥ ᠪᠣᠯᠣᠨ᠎ᠠ᠃
26 ᠲᠡᠷᠡ ᠦᠶ᠎ᠡ ᠳᠦ ᠴᠢ ᠲᠡᠭᠦᠰ ᠬᠦᠴᠦᠲᠡᠨ ᠦ ᠤᠯᠠᠮ ᠢᠶᠠᠷ ᠵᠢᠷᠭᠠᠵᠤ ᠪᠤᠷᠬᠠᠨ ᠥᠭᠡᠳᠡ ᠨᠢᠭᠤᠷ ᠢᠶᠠᠨ ᠡᠷᠭᠦᠬᠦ ᠪᠣᠯᠣᠨ᠎ᠠ᠂
27 ᠴᠢ ᠲᠡᠭᠦᠨ ᠳᠦ ᠳᠠᠭᠠᠳᠬᠠᠵᠤ ᠲᠡᠷᠡ ᠴᠢᠨᠦᠬᠢ ᠶᠢ ᠰᠣᠨᠣᠰᠬᠤ ᠪᠥᠭᠡᠳ ᠴᠢ ᠲᠠᠩ᠋ᠭᠠᠷᠢᠭᠯᠠᠭᠰᠠᠨ ᠢᠶᠠᠨ ᠪᠡᠶᠡᠯᠡᠭᠦᠯᠬᠦ ᠪᠣᠯᠣᠨ᠎ᠠ᠂
28 ᠴᠢᠨᠦ ᠰᠢᠢᠳᠬᠦ ᠵᠦᠢᠯ ᠪᠦᠬᠦᠨ ᠪᠡᠶᠡᠯᠡᠭᠳᠡᠵᠦ ᠴᠢᠨᠦ ᠵᠠᠮ ᠳᠡᠭᠡᠷ᠎ᠡ ᠭᠡᠷᠡᠯ ᠭᠡᠶᠢᠭᠦᠯᠬᠦ ᠪᠣᠯᠣᠨ᠎ᠠ᠂
29 ᠬᠥᠮᠦᠰ ᠤᠨᠠᠭᠠᠭᠳᠠᠬᠤ ᠳᠤ᠂ ᠴᠢ 〈ᠪᠣᠰᠬᠠᠭᠠᠴᠢ〉 ᠭᠡᠵᠦ ᠶᠠᠷᠢ᠂ ᠪᠤᠷᠬᠠᠨ ᠳᠣᠷᠣᠢ ᠬᠥᠮᠦᠨ ᠢ ᠠᠪᠤᠷᠠᠨ᠎ᠠ 8 ᠂
30 ᠭᠡᠮᠲᠦ ᠬᠥᠮᠦᠨ ᠢ ᠴᠤ ᠴᠢᠯᠥᠭᠡᠯᠡᠨ᠎ᠡ᠂ ᠴᠢᠨᠦ ᠴᠡᠪᠡᠷ ᠭᠠᠷ ᠠᠴᠠ ᠪᠣᠯᠵᠤ ᠲᠡᠷᠡ ᠴᠢᠯᠥᠭᠡᠯᠡᠭᠳᠡᠨᠡ》 ᠭᠡᠪᠡ᠃