ᠶᠣᠪ ᠳᠥᠴᠢ
1 ᠶᠣᠬᠣᠸᠠ ᠶᠣᠪ ᠲᠤ ᠠᠢᠯᠠᠳᠤᠨ᠄
2 《ᠰᠢᠭᠦᠮᠵᠢᠯᠡᠭᠴᠢ ᠡ᠂ ᠲᠡᠭᠦᠰ ᠬᠦᠴᠦᠲᠡᠨ ᠲᠡᠢ ᠮᠠᠷᠭᠤᠯᠳᠤᠬᠤ ᠨᠢ ᠤᠤ︖ ᠪᠤᠷᠬᠠᠨ ᠢ ᠵᠢᠮᠡᠯᠡᠭᠴᠢ ᠡ᠂ ᠬᠠᠷᠢᠭᠤᠯᠤᠭᠠᠷᠠᠢ》 ᠭᠡᠯᠡ᠃
3 ᠶᠣᠪ ᠶᠣᠬᠣᠸᠠ ᠳᠤ ᠬᠠᠷᠢᠭᠤᠯᠤᠨ᠄
4 《ᠬᠠᠷᠠᠭᠠᠴᠢ᠂ ᠪᠢ ᠥᠴᠦᠬᠡᠨ ᠪᠠᠢᠵᠤ ᠲᠠᠨ ᠳᠤ ᠶᠠᠭᠤ ᠬᠠᠷᠢᠭᠤᠯᠵᠤ ᠴᠢᠳᠠᠬᠤ ᠪᠢᠯᠡ︖ ᠪᠢ ᠭᠠᠷ ᠢᠶᠠᠨ ᠠᠮᠠᠨ ᠳᠡᠭᠡᠷ᠎ᠡ ᠪᠡᠨ ᠲᠠᠯᠪᠢᠶ᠎ᠠ᠂
5 ᠪᠢ ᠨᠢᠭᠡ ᠤᠳᠠᠭ᠎ᠠ ᠶᠠᠷᠢᠭᠰᠠᠨ᠂ ᠣᠳᠣ ᠬᠠᠷᠢᠭᠤᠯᠬᠤ ᠦᠭᠡᠢ᠂ ᠬᠣᠶᠠᠳᠠᠬᠢ ᠤᠳᠠᠭ᠎ᠠ ᠨᠡᠮᠡᠬᠦ ᠦᠭᠡᠢ》 ᠭᠡᠵᠦ ᠬᠡᠯᠡᠪᠡ᠃
6 ᠶᠣᠬᠣᠸᠠ ᠰᠢᠭᠤᠷᠭᠠᠨ ᠳᠤᠮᠳᠠ ᠠᠴᠠ ᠶᠣᠪ ᠲᠤ ᠬᠠᠷᠢᠭᠤᠯᠤᠨ᠄
7 《ᠴᠢ ᠡᠷ᠎ᠡ ᠬᠥᠮᠦᠨ ᠰᠢᠭ ᠪᠦᠰᠡ ᠪᠡᠨ ᠴᠢᠩ᠋ᠭᠠᠯᠠᠵᠤ ᠠᠰᠠᠭᠤᠯᠲᠠ ᠳᠤ ᠮᠢᠨᠢ ᠬᠠᠷᠢᠭᠤ ᠥᠭ᠂
8 ᠴᠢ ᠦᠨᠡᠬᠡᠷ ᠰᠢᠳᠤᠷᠭᠤ ᠶᠢ ᠮᠢᠨᠢ ᠦᠭᠡᠶᠢᠰᠬᠡᠬᠦ ᠭᠡᠵᠦ ᠪᠠᠢᠨ᠎ᠠ ᠤᠤ︖ ᠥᠪᠡᠷ ᠢ ᠪᠠᠨ ᠵᠥᠪᠲᠥᠭᠡᠬᠦ ᠶᠢᠨ ᠲᠤᠯᠠᠳᠠ ᠨᠠᠮᠠᠶᠢ ᠪᠤᠷᠤᠭᠤᠳᠬᠠᠬᠤ ᠨᠢ ᠤᠤ︖
9 ᠴᠢᠮ᠎ᠠ ᠳᠤ ᠪᠤᠷᠬᠠᠨ ᠤ ᠬᠢ ᠰᠢᠭ᠋ ᠬᠦᠴᠦ 14 ᠪᠤᠢ ᠤᠤ︖ ᠴᠢ ᠲᠡᠭᠦᠨ ᠦ ᠳᠠᠭᠤ ᠪᠠᠷ ᠨᠦᠷᠭᠢᠯᠡᠵᠦ ᠴᠢᠳᠠᠬᠤ ᠤᠤ︖
10 ᠲᠡᠭᠡᠪᠡᠯ ᠴᠢ ᠥᠪᠡᠷ ᠢ ᠪᠠᠨ ᠢᠷᠠᠭᠤ ᠠᠯᠳᠠᠷ ᠢᠶᠠᠷ ᠭᠤᠶᠤᠵᠤ ᠰᠦᠷ ᠵᠢᠪᠬᠤᠯᠠᠩ ᠢᠶᠠᠷ ᠬᠤᠪᠴᠠᠰᠤᠯᠠᠵᠤ
11 ᠠᠭᠤᠷ ᠬᠢᠯᠢᠩ ᠢᠶᠠᠨ ᠠᠰᠬᠠᠵᠤ ᠦᠵᠡ᠂ ᠣᠮᠣᠷᠬᠠᠭ ᠪᠣᠯᠭᠠᠨ ᠢ ᠬᠠᠷᠠᠵᠤ ᠲᠡᠭᠦᠨ ᠢ ᠳᠠᠷᠤᠤ ᠪᠣᠯᠭ᠎ᠠ᠂
12 ᠣᠮᠣᠷᠬᠠᠭ ᠪᠣᠯᠭᠠᠨ ᠢ ᠬᠠᠷᠠᠵᠤ ᠲᠡᠭᠦᠨ ᠢ ᠳᠠᠷᠤᠤ ᠪᠣᠯᠭ᠎ᠠ᠂ ᠪᠤᠷᠤᠭᠤᠲᠠᠳ ᠢ ᠲᠡᠷᠡ ᠭᠠᠵᠠᠷ ᠲᠤᠨᠢ ᠲᠠᠯᠬᠢᠯᠠᠵᠤ
13 ᠬᠥᠷᠥᠰᠥ ᠰᠢᠷᠣᠢ ᠶᠢᠨ ᠳᠣᠲᠣᠷ᠎ᠠ ᠬᠠᠮᠲᠤ ᠳᠤᠨᠢ ᠨᠢᠭᠤᠵᠤ ᠬᠠᠷᠠᠩ᠋ᠭᠤᠢ ᠳᠤ ᠨᠢᠭᠤᠷ ᠢ ᠨᠢ ᠪᠤᠭᠤ᠂
14 ᠲᠡᠭᠡᠪᠡᠯ ᠪᠢ ᠴᠤ ᠪᠠᠷᠠᠭᠤᠨ ᠭᠠᠷ ᠴᠢᠨᠢ ᠥᠪᠡᠷ ᠢ ᠴᠢᠨᠢ ᠠᠪᠤᠷᠠᠵᠤ ᠴᠢᠳᠠᠨ᠎ᠠ ᠭᠡᠳᠡᠭ ᠢ ᠬᠦᠯᠢᠶᠡᠨ ᠵᠥᠪᠰᠢᠶᠡᠷᠡᠨ᠎ᠡ᠃
15 ᠣᠳᠣ ᠴᠢ ᠡᠪᠡᠰᠦ ᠶᠢ ᠦᠬᠡᠷ ᠰᠢᠭ ᠢᠳᠡᠳᠡᠭ ᠪᠧᠾᠧᠮᠣᠲ 15 ᠢ ᠬᠠᠷ᠎ᠠ᠂ ᠴᠢᠮᠠᠶᠢ ᠪᠦᠲᠦᠭᠡᠬᠦ ᠳᠡᠭᠡᠨ ᠪᠢ ᠲᠡᠭᠦᠨ ᠢ ᠴᠤ ᠪᠦᠲᠦᠭᠡᠭᠰᠡᠨ ᠶᠤᠮ᠂
16 ᠬᠠᠷ᠎ᠠ᠂ ᠲᠡᠭᠦᠨ ᠦ ᠲᠡᠩᠬᠡᠭᠡ ᠲᠠᠰᠢᠶᠠᠨ ᠳᠤᠨᠢ ᠲᠡᠭᠦᠨ ᠦ ᠬᠦᠴᠦ ᠬᠡᠪᠡᠯᠢ ᠶᠢᠨ ᠪᠤᠯᠴᠢᠩ ᠳᠦᠨᠢ ᠪᠤᠢ
17 ᠰᠡᠭᠦᠯ ᠨᠢ ᠬᠤᠱᠢ ᠮᠣᠳᠣ ᠰᠢᠭ᠋ ᠬᠥᠳᠡᠯᠵᠦ ᠪᠠᠢᠨ᠎ᠠ ᠭᠤᠶᠠᠨ ᠤ ᠬᠢᠨᠢ ᠰᠢᠷᠪᠥᠰᠥ ᠨᠢᠭᠲᠠ ᠬᠣᠯᠪᠣᠯᠳᠤᠭᠰᠠᠨ ᠪᠤᠶᠤ
18 ᠶᠠᠰᠤ ᠨᠢ ᠬᠦᠷᠡᠯ ᠬᠣᠭᠣᠯᠠᠢ ᠮᠥᠴᠢ ᠨᠦᠭᠦᠳ ᠨᠢ ᠲᠡᠮᠦᠷ ᠰᠢᠳᠠᠮ ᠮᠡᠲᠦ ᠪᠤᠶᠤ᠃
19 ᠪᠤᠷᠬᠠᠨ ᠤ ᠦᠢᠯᠡᠰ ᠦᠨ ᠠᠩ᠋ᠬᠠᠳᠠᠭᠴᠢ ᠨᠢ ᠲᠡᠷᠡ ᠪᠢᠯᠡ ᠪᠦᠲᠦᠭᠡᠭᠴᠢ ᠨᠢ ᠯᠠ ᠲᠡᠭᠦᠨ ᠳᠦ ᠢᠯᠳᠦ ᠪᠡᠨ ᠲᠤᠯᠭᠠᠵᠤ ᠪᠣᠯᠣᠨ᠎ᠠ᠂
20 ᠬᠠᠷᠢᠨ ᠬᠡᠭᠡᠷ᠎ᠡ ᠶᠢᠨ ᠠᠯᠢᠪᠠ ᠠᠮᠢᠲᠠᠨ ᠢ ᠥᠪᠡᠷ ᠳᠡᠭᠡᠷ᠎ᠡ ᠪᠡᠨ ᠲᠣᠭᠯᠠᠭᠤᠯᠳᠠᠭ ᠠᠭᠤᠯᠠᠰ ᠲᠡᠳᠡᠨ ᠳᠦ ᠬᠣᠭᠣᠯᠠ ᠬᠦᠨᠡᠰᠦ ᠣᠯᠭᠣᠵᠤ ᠪᠠᠢᠨ᠎ᠠ᠂
21 ᠲᠡᠷᠡ ᠰᠡᠭᠦᠳᠡᠷᠲᠦ ᠮᠣᠳᠣᠨ 16 ᠤ ᠳᠣᠣᠷ᠎ᠠ ᠪᠤᠶᠤ ᠵᠡᠭᠡᠰᠦ᠂ ᠨᠠᠮᠤᠭ ᠤᠨ ᠳᠤᠮᠳᠠ ᠬᠡᠪᠲᠡᠨ᠎ᠡ᠂
22 ᠮᠣᠳᠣᠳ ᠲᠡᠭᠦᠨ ᠢ ᠰᠡᠭᠦᠳᠡᠷ ᠢᠶᠡᠷ ᠢᠶᠠᠨ ᠬᠠᠯᠬᠠᠯᠠᠵᠤ ᠭᠣᠣᠯ ᠤᠨ ᠤᠳᠠ ᠮᠣᠳᠣᠳ ᠲᠡᠭᠦᠨ ᠢ ᠬᠦᠷᠢᠶᠡᠯᠡᠨ᠎ᠡ᠂
23 ᠭᠣᠣᠯ ᠦᠶᠡᠷᠯᠡᠭᠰᠡᠨ ᠴᠤ ᠲᠡᠷᠡ ᠰᠠᠨᠳᠤᠷᠬᠤ ᠦᠭᠡᠢ ᠶᠣᠷᠳᠠᠨ ᠤ ᠤᠰᠤ ᠠᠮᠠ ᠤᠷᠤᠭᠤ ᠨᠢ ᠴᠢᠳᠬᠤᠨ ᠢᠷᠡᠭᠰᠡᠨ ᠴᠤ ᠲᠡᠷᠡ ᠲᠠᠢᠪᠤᠩ ᠪᠠᠢᠳᠠᠭ᠂
24 ᠨᠢᠳᠦᠨ ᠳᠡᠭᠡᠷ᠎ᠡ ᠨᠢ ᠲᠡᠭᠦᠨ ᠢ ᠪᠠᠷᠢᠵᠤ ᠴᠢᠳᠠᠬᠤ ᠤᠤ︖ ᠬᠠᠮᠠᠷ ᠢ ᠨᠢ ᠭᠣᠬ᠎ᠠ ᠪᠠᠷ ᠭᠣᠬᠠᠳᠠᠵᠤ ᠴᠢᠳᠠᠬᠤ ᠤᠤ︖