1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠭᠤᠴᠢᠨ ᠵᠢᠷᠭᠤᠭ᠎ᠠ

1 ᠡᠯᠢᠾᠦ᠋ ᠦᠷᠭᠦᠯᠵᠢᠯᠡᠭᠦᠯᠦᠨ᠄
2 《ᠮᠢᠨᠦᠬᠢ ᠶᠢ ᠵᠢᠭᠠᠬᠠᠨ ᠲᠡᠰᠪᠦᠷᠢᠯᠡᠵᠦ ᠪᠠᠢᠭᠠᠷᠠᠢ᠂ ᠪᠢ ᠲᠠᠨ ᠳᠤ ᠮᠡᠳᠡᠭᠦᠯᠦᠶ᠎ᠡ᠂ ᠪᠤᠷᠬᠠᠨ ᠤ ᠲᠥᠯᠥᠭᠡ ᠬᠡᠯᠡᠬᠦ ᠦᠭᠡ ᠮᠢᠨᠢ ᠪᠠᠰᠠ ᠪᠠᠢᠨ᠎ᠠ᠂
3 ᠡᠷᠳᠡᠮ ᠮᠡᠳᠡᠯᠭᠡ ᠪᠡᠨ ᠪᠢ ᠠᠯᠤᠰ ᠠᠴᠠ ᠠᠪᠴᠢᠷᠠᠵᠤ ᠨᠠᠮᠠᠶᠢ ᠪᠦᠲᠦᠭᠡᠭᠰᠡᠨ ᠨᠢᠭᠡᠨ ᠵᠥᠪ ᠰᠢᠳᠤᠷᠭᠤ ᠭᠡᠳᠡᠭ ᠢ ᠢᠯᠡᠷᠬᠡᠶᠢᠯᠡᠶ᠎ᠡ᠂
4 ᠮᠢᠨᠦ ᠦᠭᠡᠰ ᠣᠭᠲᠣᠬᠠᠨ ᠴᠤ ᠬᠤᠳᠠᠯ ᠪᠢᠰᠢ ᠮᠡᠳᠡᠯᠭᠡ ᠪᠡᠷ ᠲᠡᠭᠦᠰ ᠨᠢᠭᠡᠨ ᠲᠠᠨ ᠤ ᠡᠮᠦᠨ᠎ᠡ ᠪᠠᠢᠨ᠎ᠠ᠂
5 ᠬᠠᠷᠠ᠂ ᠪᠤᠷᠬᠠᠨ ᠠᠭᠤᠤ ᠪᠣᠯᠪᠠᠴᠤ ᠬᠥᠮᠦᠨ ᠢ ᠪᠠᠰᠤᠮᠵᠢᠯᠠᠳᠠᠭ ᠦᠭᠡᠢ ᠲᠡᠷᠡ ᠪᠡᠷ ᠠᠭᠤᠤ ᠬᠦᠴᠦᠲᠡᠢ᠂ ᠠᠭᠤᠤ ᠰᠠᠨᠠᠭ᠎ᠠ ᠲᠠᠢ ᠪᠥᠭᠡᠳ
6 ᠪᠤᠷᠤᠭᠤᠲᠠᠨ ᠢ ᠠᠮᠢᠳᠤ ᠦᠯᠡᠳᠡᠭᠡᠬᠦ ᠦᠭᠡᠢ ᠳᠠᠷᠤᠯᠠᠭᠳᠠᠭᠰᠠᠳ ᠤᠨ ᠡᠷᠬᠡ ᠶᠢ ᠥᠮᠥᠭᠯᠡᠨ᠎ᠡ᠃
7 ᠵᠥᠪᠲᠦ ᠬᠥᠮᠦᠨ ᠡᠴᠡ ᠮᠡᠯᠮᠡᠢ ᠪᠡᠨ ᠰᠠᠯᠭᠠᠯ ᠦᠭᠡᠢ ᠪᠠᠢᠵᠤ ᠲᠡᠭᠦᠨ ᠢ ᠡᠷᠭᠦᠮᠵᠢᠯᠡᠵᠦ ᠬᠠᠭᠠᠳ ᠲᠠᠢ ᠬᠠᠮᠲᠤ ᠲᠡᠭᠦᠨ ᠢ ᠰᠡᠨᠲᠢ ᠳᠤ ᠡᠭᠦᠷᠢᠳᠡ ᠵᠠᠯᠠᠨ᠎ᠠ᠂
8 ᠬᠡᠷᠪᠡ ᠲᠡᠷᠡ ᠭᠢᠨᠵᠢᠯᠡᠭᠳᠡᠵᠦ ᠵᠣᠪᠠᠯᠠᠩ ᠤᠨ ᠤᠶᠠᠭᠠᠰᠤᠨ ᠳᠤ ᠬᠦᠯᠢᠭᠳᠡᠪᠡᠯ
9 ᠪᠤᠷᠬᠠᠨ ᠦᠢᠯᠡᠳᠦᠭᠰᠡᠨ ᠢ ᠨᠢ ᠪᠠᠷᠳᠠᠮ ᠵᠠᠩ ᠢᠶᠠᠷ ᠭᠡᠮ ᠬᠢᠭᠰᠡᠨ ᠢ ᠨᠢ ᠮᠡᠳᠡᠭᠦᠯᠵᠦ
10 ᠴᠢᠬᠢ ᠶᠢ ᠨᠢ ᠨᠡᠭᠡᠭᠡᠵᠦ ᠵᠢᠭᠠᠪᠤᠷᠢ ᠪᠠᠨ ᠰᠣᠨᠣᠰᠬᠠᠨ ᠭᠡᠮ ᠡᠴᠡ ᠡᠷᠭᠢᠬᠦ ᠶᠢ ᠲᠤᠰᠢᠶᠠᠳᠠᠭ᠂
11 ᠬᠡᠷᠪᠡ ᠲᠡᠳᠡ ᠰᠣᠨᠣᠰᠣᠭᠠᠳ ᠲᠡᠭᠦᠨ ᠳᠦ ᠦᠢᠯᠡᠴᠢᠯᠡᠪᠡᠯ ᠡᠳᠦᠷ ᠬᠣᠨᠣᠭ ᠢᠶᠠᠨ ᠰᠠᠢᠨ ᠰᠠᠢᠬᠠᠨ ᠢᠶᠠᠷ ᠥᠩᠭᠡᠷᠡᠭᠦᠯᠵᠦ ᠣᠨ ᠵᠢᠯ ᠤᠳ ᠢᠶᠠᠨ ᠵᠢᠷᠭᠠᠯ ᠲᠠᠢ ᠪᠠᠷ ᠥᠨᠳᠥᠷᠯᠡᠭᠦᠯᠦᠨ᠎ᠡ᠂
12 ᠬᠠᠷᠢᠨ ᠰᠣᠨᠣᠰᠬᠤ ᠦᠭᠡᠢ ᠠᠪᠠᠰᠤ ᠰᠡᠯᠡᠮᠡᠨ ᠳᠦ ᠰᠥᠨᠥᠵᠦ ᠮᠡᠳᠡᠯᠭᠡ ᠦᠭᠡᠢ ᠪᠠᠷ ᠮᠥᠬᠥᠨ᠎ᠡ᠂
13 ᠬᠣᠶᠠᠷ ᠨᠢᠭᠤᠷᠲᠠᠨ ᠠᠭᠤᠷ ᠢᠶᠠᠨ ᠬᠠᠳᠠᠭᠠᠯᠠᠵᠤ ᠬᠦᠯᠢᠶᠡᠰᠦ ᠲᠠᠢ ᠪᠠᠢᠭᠰᠠᠨ ᠴᠤ ᠲᠡᠭᠦᠨ ᠤᠷᠤᠭᠤ ᠬᠠᠰᠬᠢᠷᠤᠯ ᠦᠭᠡᠢ᠂
14 ᠢᠳᠡ ᠵᠠᠯᠠᠭᠤ ᠪᠠᠷ ᠢᠶᠠᠨ ᠦᠬᠦᠵᠦ ᠢᠴᠢᠭᠦᠷᠢ ᠳᠤᠮᠳᠠ 12 ᠪᠠᠨ ᠠᠮᠢ ᠲᠠᠯᠪᠢᠨ᠎ᠠ᠂
15 ᠬᠠᠷᠢᠨ ᠪᠤᠷᠬᠠᠨ ᠵᠣᠪᠠᠯᠠᠩ ᠲᠠᠢ ᠬᠥᠮᠦᠨ ᠢ ᠵᠣᠪᠠᠵᠤ ᠪᠠᠢᠬᠤ ᠳᠤᠨᠢ ᠴᠢᠯᠥᠭᠡᠯᠡᠨ᠎ᠡ᠂ ᠳᠠᠷᠤᠯᠠᠯ ᠳᠣᠣᠷ᠎ᠠ ᠪᠠᠢᠬᠤ ᠳᠤᠨᠢ ᠴᠢᠬᠢ ᠶᠢ ᠨᠢ ᠨᠡᠭᠡᠭᠡᠨ᠎ᠡ᠂
16 ᠤᠤᠯ ᠨᠢ ᠪᠤᠷᠬᠠᠨ ᠲᠠᠨ ᠢ ᠵᠣᠪᠠᠯᠠᠩ ᠤᠨ ᠠᠮᠠᠨ ᠠᠴᠠ ᠲᠠᠲᠠᠨ ᠲᠣᠷᠣᠭ᠎ᠠ ᠦᠭᠡᠢ ᠠᠭᠤᠳᠠᠮ ᠭᠠᠵᠠᠷ ᠤᠷᠤᠭᠤ ᠬᠥᠲᠥᠯᠬᠦ ᠪᠠᠢᠭᠰᠠᠨ ᠰᠢᠷᠡᠭᠡᠨ ᠳᠡᠭᠡᠷ᠎ᠡ ᠴᠢᠨᠢ ᠥᠭᠡᠬᠦ ᠲᠣᠰᠣ ᠲᠠᠢ ᠬᠣᠭᠣᠯᠠ ᠲᠠᠯᠪᠢᠭᠠᠰᠤᠲᠠᠢ ᠪᠠᠢᠬᠤ ᠪᠠᠢᠭᠰᠠᠨ᠃
17 ᠬᠠᠷᠢᠨ ᠡᠳᠦᠭᠡ ᠲᠠ ᠪᠤᠷᠤᠭᠤᠲᠠᠨ ᠤ ᠬᠦᠯᠢᠶᠡᠳᠡᠭ ᠰᠢᠳᠬᠡᠯ ᠢᠶᠡᠷ ᠳᠦᠭᠦᠷᠡᠩ ᠪᠠᠢᠨ᠎ᠠ᠂ ᠶᠠᠯ᠎ᠠ ᠰᠢᠳᠬᠡᠯ ᠲᠠᠨ ᠢ ᠪᠠᠷᠢᠵᠠᠢ᠂
18 ᠠᠭᠤᠷ ᠲᠠᠢ ᠪᠠᠢᠬᠤ ᠳᠤᠨᠢ ᠲᠣᠬᠣᠭᠤᠷᠬᠠᠯ ᠢᠶᠠᠷ ᠲᠡᠭᠦᠨ ᠢ ᠪᠦᠦ ᠥᠳᠥᠭᠡ᠂ ᠶᠡᠬᠡ ᠵᠣᠯᠢᠶᠠᠰᠤ ᠪᠠᠷ ᠴᠤ ᠵᠠᠢᠯᠠᠵᠤ ᠦᠯᠦ ᠴᠢᠳᠠᠨ᠎ᠠ᠂
19 ᠲᠠᠨ ᠤ ᠡᠳ᠋ ᠪᠠᠶᠠᠯᠢᠭ᠂ ᠡᠰᠡᠪᠡᠯ ᠲᠠᠨ ᠤ ᠬᠠᠮᠤᠭ ᠬᠦᠴᠦ ᠴᠢᠳᠠᠯ ᠲᠠᠨ ᠢ ᠡᠨᠡ ᠵᠣᠪᠠᠯᠠᠩ ᠠᠴᠠ ᠠᠩᠭᠢᠵᠢᠷᠠᠭᠤᠯᠤᠨ᠎ᠠ ᠭᠡᠵᠢ ᠤᠤ︖
20 ᠳᠡᠭᠡᠭᠰᠢ ᠪᠠᠨ ᠣᠴᠢᠨ᠎ᠠ ᠭᠡᠳ ᠰᠥᠨᠢ 13  ᠶᠢ ᠪᠦᠦ ᠬᠦᠰᠡᠮᠵᠢᠯᠡ᠂ ᠬᠥᠮᠦᠰ ᠳᠣᠷᠣᠭᠰᠢ ᠪᠠᠨ ᠪᠠᠭᠤᠬᠤ ᠪᠣᠯᠣᠨ᠎ᠠ᠂
21 ᠪᠣᠯᠭᠣᠮᠵᠢᠲᠠᠢ ᠪᠠᠢ᠂ ᠪᠤᠵᠠᠷ ᠮᠠᠭᠤ ᠤᠷᠤᠭᠤ ᠪᠦᠦ ᠡᠷᠭᠢ ᠡᠭᠦᠨ ᠡᠴᠡ ᠪᠣᠯᠣᠭᠠᠳ ᠴᠢ ᠵᠣᠪᠠᠯᠠᠩ ᠢᠶᠠᠷ ᠰᠣᠷᠢᠭᠳᠠᠭᠰᠠᠨ᠂
22 ᠬᠠᠷᠠ᠂ ᠪᠤᠷᠬᠠᠨ ᠬᠦᠴᠦ ᠴᠢᠳᠠᠯ ᠢᠶᠠᠷ ᠢᠶᠠᠨ ᠡᠷᠭᠦᠮᠵᠢᠯᠡᠭᠳᠡᠭᠰᠡᠨ ᠲᠡᠭᠦᠨ ᠰᠢᠭ ᠪᠠᠭᠰᠢ ᠨᠢ ᠬᠡᠨ ᠪᠤᠢ︖
23 ᠬᠡᠨ ᠲᠡᠭᠦᠨ ᠦ ᠲᠥᠯᠥᠭᠡ ᠵᠠᠮ ᠢ ᠨᠢ ᠵᠢᠭᠠᠪᠤᠷᠢᠯᠠᠪᠠ︖ ᠬᠡᠨ ᠲᠡᠭᠦᠨ ᠳᠦ 〈ᠲᠠ ᠪᠤᠷᠤᠭᠤᠳᠠᠵᠠᠢ〉 ᠭᠡᠬᠦ ᠪᠤᠢ︖

24 ᠬᠥᠮᠦᠰ ᠲᠡᠭᠦᠨ ᠦ ᠦᠢᠯᠡᠰ ᠢ ᠮᠠᠭᠲᠠᠨ ᠳᠠᠭᠤᠯᠠᠳᠠᠭ ᠰᠢᠭ᠋ ᠲᠠ ᠪᠠᠰᠠ ᠲᠡᠢᠨ ᠬᠦ ᠮᠠᠭᠲᠠᠬᠤ ᠪᠠᠨ ᠪᠦᠦ ᠮᠠᠷᠲᠠ᠂
25 ᠡᠭᠦᠨ ᠢ ᠪᠦᠬᠦ ᠬᠥᠮᠦᠨ ᠬᠠᠷᠠᠳᠠᠭ ᠠᠯᠤᠰ ᠠᠴᠠ ᠠᠩᠵᠠᠭᠠᠷᠠᠳᠠᠭ᠂
26 ᠬᠠᠷᠠ᠂ ᠪᠤᠷᠬᠠᠨ ᠪᠣᠯ ᠪᠢᠳᠡᠨ ᠳᠦ ᠤᠬᠠᠭᠠᠷᠠᠭᠳᠠᠰᠢ ᠦᠭᠡᠢ ᠠᠭᠤᠤ ᠲᠡᠭᠦᠨ ᠦ ᠣᠨ ᠵᠢᠯ ᠤᠳ ᠲᠣᠭᠠᠯᠠᠰᠢ ᠦᠭᠡᠢ᠂
27 ᠲᠡᠷᠡ ᠪᠡᠷ ᠤᠰᠤᠨ ᠤ ᠳᠤᠰᠤᠯ ᠤᠳ ᠢ ᠳᠡᠭᠳᠡᠭᠡᠵᠦ ᠲᠡᠳᠡᠭᠡᠷ ᠢ ᠬᠤᠷᠠᠮᠳᠤᠭᠤᠯᠵᠤ ᠪᠣᠷᠣᠭᠠᠨ ᠪᠣᠯᠭᠠᠳᠠᠭ᠂
28 ᠡᠭᠦᠯᠡᠰ ᠲᠡᠭᠦᠨ ᠢ ᠨᠢ ᠪᠠᠭᠤᠯᠭᠠᠨ ᠬᠥᠮᠦᠨ ᠦ ᠳᠡᠭᠡᠷ᠎ᠡ ᠡᠯᠪᠡᠭ ᠶᠡᠬᠡ ᠪᠡᠷ ᠴᠢᠳᠬᠤᠨ᠎ᠠ᠂
29 ᠡᠭᠦᠯᠡᠰ ᠬᠡᠷᠬᠢᠨ ᠲᠠᠷᠬᠠᠬᠤ ᠶᠢ ᠲᠡᠭᠦᠨ ᠦ ᠴᠠᠴᠠᠷ ᠠᠴᠠ ᠭᠠᠷᠬᠤ ᠠᠶᠤᠩ᠋ᠭ᠎ᠠ ᠶᠢᠨ ᠳᠠᠭᠤ ᠶᠢ ᠬᠡᠨ ᠣᠢᠯᠠᠭᠠᠵᠤ ᠴᠢᠳᠠᠬᠤ ᠪᠤᠢ︖
30 ᠬᠠᠷᠠ᠂ ᠲᠡᠷᠡ ᠡᠷᠭᠢᠨ ᠲᠣᠭᠣᠷᠢᠨ ᠳᠠᠭᠠᠨ ᠭᠢᠯᠪᠢᠭᠡᠨ ᠢᠶᠡᠨ ᠰᠠᠴᠤᠷᠠᠭᠠᠵᠤ ᠳᠠᠯᠠᠢ ᠶᠢᠨ ᠭᠦᠨ ᠢ ᠴᠤ ᠪᠦᠷᠬᠦᠳᠡᠭ᠂
31 ᠲᠡᠷᠡ ᠪᠡᠷ ᠡᠳᠡᠭᠡᠷ ᠢᠶᠡᠷ ᠦᠨᠳᠦᠰᠦᠲᠡᠨ ᠨᠦᠭᠦᠳ ᠢ ᠰᠢᠭᠦᠵᠦ ᠬᠣᠭᠣᠯᠠ ᠬᠦᠨᠡᠰᠦ ᠶᠢ ᠨᠢ ᠡᠯᠪᠡᠭ ᠳᠡᠯᠪᠡᠭ ᠢᠶᠡᠷ ᠰᠣᠶᠣᠷᠬᠠᠳᠠᠭ᠂
32 ᠲᠡᠷᠡ ᠭᠢᠯᠪᠢᠭᠡᠨ ᠢ ᠠᠳᠬᠤᠭᠠᠳ ᠬᠠᠮᠢᠭ᠎ᠠ ᠭᠢᠯᠪᠠᠬᠤ ᠶᠢ ᠲᠡᠭᠦᠨ ᠳᠦ ᠲᠤᠰᠢᠶᠠᠳᠠᠭ᠂
33 ᠠᠶᠤᠩ᠋ᠭ᠎ᠠ ᠨᠢ ᠲᠡᠭᠦᠨ ᠦ ᠣᠷᠣᠰᠢᠬᠤᠢ ᠶᠢ ᠢᠯᠡᠷᠬᠡᠶᠢᠯᠡᠵᠦ ᠮᠠᠯ ᠠᠮᠢᠲᠠᠨ ᠴᠤ ᠲᠡᠭᠦᠨ ᠦ ᠢᠷᠡᠵᠦ ᠪᠤᠢ ᠶᠢ ᠮᠡᠳᠡᠭᠦᠯᠵᠦ ᠪᠠᠢᠨ᠎ᠠ᠃