1 2 3 4 5 6 7 8 9 10 11 12 13 14 15 16 17 18 19 20 21 22 23 24 25 26 27 28 29 30 31 32 33 34 35 36 37 38 39 40 41 42


ᠶᠣᠪ ᠠᠷᠪᠠᠨ ᠵᠢᠷᠭᠤᠭ᠎ᠠ
 ᠶᠣᠪ ᠤᠨ ᠬᠠᠷᠢᠭᠤ

1 ᠶᠣᠪ ᠬᠠᠷᠢᠭᠤᠯᠤᠨ᠄
2 《ᠲᠡᠳᠡᠭᠡᠷ ᠢ ᠪᠢ ᠣᠯᠠᠨᠲᠠ ᠰᠣᠨᠣᠰᠣᠭᠰᠠᠨ᠂ ᠲᠠ ᠨᠠᠷ ᠪᠦᠭᠦᠳᠡ ᠶᠠᠷᠰᠢᠭ ᠲᠠᠢ ᠲᠠᠢᠳᠬᠤᠷᠠᠭᠤᠯᠤᠭᠴᠢᠳ ᠪᠠᠢᠨ᠎ᠠ᠂
3 ᠰᠠᠯᠬᠢ ᠮᠡᠲᠦ ᠦᠭᠡᠨ ᠳᠦ ᠲᠠᠨᠢ ᠲᠡᠭᠦᠰᠬᠡᠯ ᠪᠠᠢᠭ᠎ᠠ ᠤᠤ︖ ᠴᠠᠯᠴᠢᠭᠠᠳ ᠪᠠᠢᠭ᠎ᠠ ᠶᠢᠨ ᠴᠢᠨᠢ ᠤᠴᠢᠷ ᠶᠠᠭᠤᠨ︖
4 ᠲᠠ ᠨᠠᠷ ᠮᠢᠨᠦ ᠣᠷᠣᠨ ᠳᠤ ᠪᠠᠢᠭᠰᠠᠨ ᠪᠣᠯ ᠪᠢ ᠴᠤ ᠲᠠ ᠨᠠᠷ ᠰᠢᠭ᠋ ᠶᠠᠷᠢᠵᠤ ᠲᠠ ᠨᠠᠷ ᠢ ᠰᠢᠭᠦᠮᠵᠢᠯᠡᠬᠦ ᠦᠭᠡᠰ ᠵᠣᠬᠢᠶᠠᠨ ᠲᠣᠯᠣᠭᠠᠢ ᠪᠠᠨ ᠰᠡᠭᠰᠦᠷᠴᠦ ᠴᠢᠳᠠᠬᠤ ᠪᠠᠢᠭᠰᠠᠨ᠂
5 ᠬᠠᠷᠢᠨ ᠪᠢ ᠠᠮᠠ ᠪᠠᠷ ᠢᠶᠠᠨ ᠲᠠ ᠨᠠᠷ ᠢ ᠲᠡᠩᠬᠡᠷᠡᠭᠦᠯᠵᠦ ᠲᠠᠢᠳᠬᠤᠷᠠᠯ ᠤᠨ ᠣᠷᠣᠭᠤᠯ ᠢᠶᠠᠷ ᠢᠶᠠᠨ ᠲᠠ ᠨᠠᠷ ᠢ ᠲᠠᠢᠪᠤᠰᠢᠷᠠᠭᠤᠯᠬᠤ ᠪᠠᠢᠭᠰᠠᠨ᠃

6 ᠪᠢ ᠶᠠᠷᠢᠭᠰᠠᠨ ᠴᠤ ᠵᠣᠪᠠᠯᠠᠩ ᠮᠢᠨᠢ ᠲᠠᠢᠪᠤᠰᠢᠷᠠᠬᠤ ᠦᠭᠡᠢ ᠶᠠᠷᠢᠬᠤ ᠪᠠᠨ ᠪᠣᠯᠢᠭᠰᠠᠨ ᠴᠤ ᠲᠡᠷᠡ ᠵᠠᠢᠯᠠᠬᠤ ᠦᠭᠡᠢ᠂
7 ᠡᠳᠦᠭᠡ ᠪᠤᠷᠬᠠᠨ ᠨᠠᠮᠠᠶᠢ ᠲᠤᠢᠯᠳᠠᠭᠤᠯᠤᠯ᠎ᠠ ᠪᠦᠬᠦ ᠪᠦᠯᠢ ᠶᠢ ᠮᠢᠨᠢ ᠲᠠ ᠪᠤᠰᠠᠨᠢᠭᠤᠯᠤᠭᠰᠠᠨ᠂
8 ᠲᠠ ᠨᠠᠮᠠᠶᠢ ᠬᠣᠷᠴᠢᠢᠯᠭᠠᠭᠰᠠᠨ ᠲᠡᠷᠡ ᠨᠢ ᠭᠡᠷᠡᠴᠢ ᠶᠤᠮ᠂ ᠮᠢᠨᠦ ᠰᠤᠯᠠᠳᠠᠭᠰᠠᠨ ᠪᠠᠢᠳᠠᠯ ᠴᠤ ᠮᠢᠨᠦ ᠡᠰᠡᠷᠭᠦ ᠪᠣᠰᠴᠤ ᠨᠢᠭᠤᠷ ᠳᠡᠭᠡᠷ᠎ᠡ ᠮᠢᠨᠢ ᠭᠡᠷᠡᠴᠢᠯᠡᠵᠦ ᠪᠠᠢᠨ᠎ᠠ᠂
9 ᠪᠤᠷᠬᠠᠨ ᠬᠢᠯᠢᠩᠨᠡᠨ ᠨᠠᠮᠠᠶᠢ ᠲᠠᠰᠤᠳᠠᠴᠢᠳᠠᠭ ᠨᠠᠮᠠᠶᠢ ᠬᠣᠷᠣᠰᠴᠤ ᠰᠢᠳᠦ ᠪᠡᠨ ᠬᠠᠪᠢᠷᠳᠠᠭ ᠥᠰᠲᠡᠨ ᠮᠢᠨᠢ ᠨᠠᠳᠠ ᠤᠷᠤᠭᠤ ᠨᠢᠳᠦ ᠦᠵᠦᠭᠦᠷᠯᠡᠵᠦ ᠪᠠᠢᠨ᠎ᠠ᠂
10 ᠬᠥᠮᠦᠰ ᠨᠠᠳᠠ ᠤᠷᠤᠭᠤ ᠠᠮᠠ ᠪᠠᠨ ᠠᠩ᠋ᠭᠠᠯᠵᠠᠭᠤᠯᠵᠤ ᠨᠠᠮᠠᠶᠢ ᠪᠠᠰᠤᠮᠵᠢᠯᠠᠨ ᠬᠠᠴᠠᠷ ᠳᠡᠭᠡᠷ᠎ᠡ ᠮᠢᠨᠢ ᠴᠣᠬᠢᠵᠤ ᠮᠢᠨᠦ ᠳᠡᠭᠡᠷ᠎ᠡ ᠪᠥᠭᠡᠮᠨᠡᠷᠡᠵᠦ ᠪᠠᠢᠨ᠎ᠠ᠂
11 ᠪᠤᠷᠬᠠᠨ ᠨᠠᠮᠠᠶᠢ ᠵᠥᠪ ᠪᠤᠰᠤ ᠬᠥᠮᠦᠰ ᠲᠦ ᠲᠤᠰᠢᠶᠠᠨ ᠪᠤᠷᠤᠭᠤᠲᠠᠳ ᠤᠨ ᠭᠠᠷ ᠲᠤ ᠣᠷᠬᠢᠬᠤ ᠨᠢ ᠡ᠂
12 ᠠᠮᠤᠷ ᠲᠠᠢᠪᠤᠩ ᠪᠠᠢᠬᠤ ᠳᠤ ᠮᠢᠨᠢ ᠲᠡᠷᠡ ᠨᠠᠮᠠᠶᠢ ᠪᠢᠴᠠᠯᠤᠭᠰᠠᠨ ᠬᠦᠵᠦᠭᠦᠨ ᠡᠴᠡ ᠮᠢᠨᠢ ᠠᠳᠬᠤᠵᠤ ᠨᠠᠮᠠᠶᠢ ᠪᠤᠲᠠᠯᠤᠭᠰᠠᠨ ᠨᠠᠮᠠᠶᠢ ᠪᠣᠰᠬᠠᠵᠤ ᠰᠣᠷ ᠢᠶᠠᠨ ᠪᠣᠯᠭᠠᠨ
13 ᠬᠠᠷᠪᠤᠭᠠᠴᠢᠳ ᠢᠶᠠᠷ ᠢᠶᠠᠨ ᠨᠠᠮᠠᠶᠢ ᠪᠦᠰᠡᠯᠡᠭᠦᠯᠦᠭᠡᠳ ᠪᠥᠭᠡᠷ᠎ᠡ ᠶᠢ ᠮᠢᠨᠢ ᠴᠣᠭᠣᠯᠵᠤ ᠰᠥᠰᠥ ᠶᠢ ᠮᠢᠨᠢ ᠭᠠᠵᠠᠷ ᠲᠤ ᠠᠰᠬᠠᠭᠰᠠᠨ᠂
14 ᠲᠡᠷᠡ ᠨᠠᠮᠠᠶᠢ ᠰᠡᠭᠯᠡᠨ ᠰᠡᠭᠯᠡᠳᠡᠭ ᠨᠠᠳᠠ ᠤᠷᠤᠭᠤ ᠳᠠᠢᠴᠢᠨ ᠮᠡᠲᠦ ᠳᠠᠭᠠᠷᠢᠵᠤ ᠪᠠᠢᠨ᠎ᠠ᠂
15 ᠪᠢ ᠲᠠᠭᠠᠷ ᠣᠶᠣᠵᠤ ᠠᠷᠠᠰᠤ ᠪᠠᠨ ᠪᠦᠲᠡᠭᠡᠨ ᠲᠣᠯᠣᠭᠠᠢ ᠪᠠᠨ ᠰᠢᠷᠣᠢ ᠳᠤ ᠰᠢᠭᠠᠪᠠ᠂
16 ᠤᠬᠢᠯᠠᠭᠰᠠᠨ ᠠᠴᠠ ᠪᠣᠯᠵᠤ ᠨᠢᠭᠤᠷ ᠮᠢᠨᠢ ᠤᠯᠠᠢᠵᠤ ᠵᠣᠪᠬᠢᠨ ᠳᠡᠭᠡᠷ᠎ᠡ ᠮᠢᠨᠢ ᠦᠬᠦᠯ ᠦᠨ ᠰᠡᠭᠦᠳᠡᠷ ᠪᠠᠢᠨ᠎ᠠ᠂
17 ᠭᠡᠪᠡᠴᠦ ᠭᠠᠷ ᠲᠤ ᠮᠢᠨᠢ ᠬᠦᠴᠦᠷᠬᠡᠭᠯᠡᠯ ᠦᠭᠡᠢ᠃ ᠭᠤᠶᠤᠯᠲᠠ ᠮᠢᠨᠢ ᠴᠡᠪᠡᠷ᠂

18 ᠭᠠᠵᠠᠷ ᠡ᠂ ᠴᠢᠰᠤ ᠶᠢ ᠮᠢᠨᠢ ᠪᠦᠦ ᠳᠠᠯᠳᠠᠯᠠ ᠭᠠᠰᠠᠯᠬᠤ ᠳᠠᠭᠤ ᠮᠢᠨᠢ ᠠᠮᠠᠷᠠᠬᠤ ᠭᠠᠵᠠᠷ ᠪᠦᠦ ᠣᠯᠣᠭ᠂
19 ᠬᠠᠷᠢᠨ ᠣᠳᠣ ᠬᠠᠷᠠᠭᠠᠴᠢ᠂ ᠭᠡᠷᠡᠴᠢ ᠮᠢᠨᠢ ᠲᠩᠷᠢ ᠳᠤ ᠥᠮᠥᠭᠡᠯᠡᠭᠴᠢ ᠮᠢᠨᠢ ᠥᠨᠳᠥᠷ ᠲᠦ ᠪᠠᠢᠨ᠎ᠠ᠂
20 ᠪᠤᠷᠬᠠᠨ ᠤ ᠡᠮᠦᠨ᠎ᠡ ᠨᠢᠳᠦ ᠮᠢᠨᠢ ᠨᠢᠯᠪᠤᠰᠤ ᠤᠨᠠᠭᠠᠬᠤ ᠳᠤ᠂ ᠮᠢᠨᠦ ᠨᠠᠢᠵᠠ 5 ᠪᠣᠯ ᠮᠢᠨᠦ ᠵᠠᠭᠤᠴᠢ᠂
21 ᠬᠥᠮᠦᠨ ᠦ ᠡᠮᠦᠨ᠎ᠡ ᠡᠴᠡ ᠪᠤᠷᠬᠠᠨ ᠠᠴᠠ ᠭᠤᠶᠤᠳᠠᠭ᠂ ᠬᠥᠮᠦᠨ ᠦ ᠬᠦᠦ ᠨᠠᠢᠵᠢ ᠶᠢᠨ ᠢᠶᠠᠨ ᠲᠥᠯᠥᠭᠡ ᠭᠤᠶᠤᠳᠠᠭ︕
22 ᠲᠣᠭᠠᠯᠠᠭᠳᠠᠭᠰᠠᠨ ᠵᠢᠯ ᠤᠳ ᠥᠩᠭᠡᠷᠡᠬᠦ ᠳᠦ᠂ ᠪᠢ ᠪᠤᠴᠠᠯᠲᠠ ᠦᠭᠡᠢ ᠵᠠᠮ ᠢᠶᠠᠷ ᠶᠠᠪᠤᠬᠤ ᠪᠣᠯᠣᠨ᠎ᠠ᠃