ᠨᠣᠮᠯᠠᠭᠴᠢ ᠶᠢᠨ ᠦᠭᠡᠰ ᠨᠢᠭᠡ
1 ᠶᠧᠷᠦ᠋ᠰᠠᠯᠧᠮ ᠳᠤ ᠪᠠᠢᠭ᠎ᠠ ᠬᠠᠭᠠᠨ᠂ ᠳ᠋ᠠᠸᠢᠳ᠋ ᠤᠨ ᠬᠦᠦ᠂ ᠨᠣᠮᠯᠠᠭᠴᠢ ᠶᠢᠨ ᠦᠭᠡᠰ᠄
2 《ᠬᠣᠭᠣᠰᠣᠨ ᠠᠴᠠ ᠬᠣᠭᠣᠰᠣᠨ》 ᠨᠣᠮᠯᠠᠭᠴᠢ ᠶᠠᠷᠢᠵᠤ ᠪᠠᠢᠨ᠎ᠠ᠂ 《ᠬᠣᠭᠣᠰᠣᠨ ᠠᠴᠠ ᠬᠣᠭᠣᠰᠣᠨ᠂ ᠪᠦᠭᠦᠳᠡ ᠬᠣᠭᠣᠰᠣᠨ᠃》
3 ᠬᠥᠮᠦᠨ ᠨᠠᠷᠠᠨ ᠤ ᠳᠣᠣᠷ᠎ᠠ ᠵᠢᠳᠬᠦᠭᠰᠡᠨ ᠴᠤ ᠪᠦᠬᠦ ᠵᠢᠳᠬᠦᠯ ᠨᠢ ᠥᠪᠡᠷ ᠲᠤᠨᠢ ᠶᠠᠮᠠᠷ ᠠᠰᠢᠭ ᠲᠠᠢ ᠪᠤᠢ︖
ᠬᠣᠷᠸ᠎ᠠ ᠶᠢᠨ ᠪᠦᠭᠦᠳᠡ ᠬᠣᠭᠣᠰᠣᠨ
4 ᠨᠢᠭᠡ ᠦᠶ᠎ᠡ ᠨᠢ ᠶᠠᠪᠤᠵᠤ᠂ ᠨᠥᠭᠥᠭᠡ ᠦᠶ᠎ᠡ ᠨᠢ ᠢᠷᠡᠭᠰᠡᠭᠡᠷ ᠪᠠᠢᠪᠠᠴᠤ ᠭᠠᠵᠠᠷ ᠨᠢ ᠡᠭᠦᠷᠢᠳᠡ ᠬᠡᠪ ᠢᠶᠡᠷ ᠢᠶᠠᠨ᠃
5 ᠨᠠᠷᠠ ᠮᠠᠨᠳᠤᠨ᠂ ᠨᠠᠷᠠ ᠵᠢᠷᠭᠠᠭᠰᠠᠭᠠᠷ ᠨᠠᠷᠠ ᠮᠠᠨᠳᠤᠭᠰᠠᠨ ᠭᠠᠵᠠᠷ ᠤᠷᠤᠭᠤ ᠪᠠᠨ ᠶᠠᠭᠠᠷᠠᠨ ᠪᠤᠴᠠᠭᠰᠠᠭᠠᠷ᠂
6 ᠰᠠᠯᠬᠢ ᠡᠮᠦᠨᠡᠰᠢ ᠪᠠᠨ ᠶᠠᠪᠤᠵᠤ᠂ ᠬᠣᠢᠰᠢ ᠪᠠᠨ ᠡᠷᠭᠢᠭᠰᠡᠭᠡᠷ ᠰᠠᠯᠬᠢ ᠡᠷᠭᠢᠯᠳᠦᠨ ᠡᠷᠭᠢᠯᠳᠦᠨ ᠶᠠᠪᠤᠭᠰᠠᠨ ᠢᠶᠠᠨ ᠡᠷᠭᠢᠨ ᠲᠡᠨᠳᠡ ᠪᠡᠨ ᠪᠤᠴᠠᠭᠰᠠᠭᠠᠷ
7 ᠤᠷᠤᠰᠬᠠᠯ ᠪᠦᠭᠦᠳᠡ ᠳᠠᠯᠠᠢ ᠤᠷᠤᠭᠤ ᠤᠷᠤᠰᠤᠭᠰᠠᠭᠠᠷ ᠳᠠᠯᠠᠢ ᠬᠠᠷᠢᠨ ᠳᠦᠭᠦᠷᠬᠦ ᠦᠭᠡᠢ ᠤᠷᠤᠰᠬᠠᠯ ᠤᠳ ᠤᠷᠤᠰᠳᠠᠭ ᠭᠠᠵᠠᠷ ᠤᠷᠤᠭᠤ ᠪᠠᠨ ᠳᠠᠪᠲᠠᠨ ᠤᠷᠤᠰᠤᠭᠰᠠᠭᠠᠷ᠂
8 ᠶᠠᠪᠤᠳᠠᠯ ᠪᠦᠷᠢ ᠶᠠᠷᠢᠵᠤ ᠪᠠᠷᠠᠰᠢ ᠦᠭᠡᠢ ᠶᠠᠳᠠᠷᠠᠭ᠎ᠠ ᠲᠠᠢ᠂ ᠨᠢᠳᠦ ᠬᠠᠷᠠᠭᠰᠠᠨ ᠢᠶᠠᠷ ᠢᠶᠠᠨ ᠬᠠᠨᠤᠬᠤ ᠦᠭᠡᠢ᠂ ᠴᠢᠬᠢ ᠰᠣᠨᠣᠰᠣᠭᠰᠠᠨ ᠢᠶᠠᠷ ᠢᠶᠠᠨ ᠳᠦᠭᠦᠷᠬᠦ ᠦᠭᠡᠢ᠃
9 ᠶᠠᠭᠤ ᠪᠠᠢᠭᠰᠠᠨ᠂ ᠲᠡᠷᠡ ᠨᠢ ᠪᠠᠢᠬᠤ ᠪᠣᠯᠣᠨ᠎ᠠ ᠶᠠᠭᠤ ᠬᠢᠭᠳᠡᠵᠦ ᠪᠠᠢᠭᠰᠠᠨ᠂ ᠲᠡᠷᠡ ᠨᠢ ᠬᠢᠭᠳᠡᠬᠦ ᠯᠠ ᠪᠣᠯᠣᠨ᠎ᠠ᠂ ᠨᠠᠷᠠᠨ ᠤ ᠳᠣᠣᠷ᠎ᠠ ᠰᠢᠨ᠎ᠡ ᠶᠠᠭᠤᠮ᠎ᠠ ᠠᠯᠠᠭ᠎ᠠ᠃
10 《ᠬᠠᠷ᠎ᠠ᠂ ᠡᠨᠡ ᠨᠢ ᠰᠢᠨ᠎ᠡ ᠪᠠᠢᠨ᠎ᠠ》 ᠭᠡᠵᠦ ᠬᠡᠯᠡᠴᠢᠬᠡᠬᠦ ᠪᠡᠷ ᠵᠦᠢᠯ ᠪᠠᠢᠨ᠎ᠠ ᠤᠤ︖ ᠥᠨᠢ ᠡᠷᠲᠡ ᠲᠡᠷᠡ ᠪᠠᠢᠭᠰᠠᠨ᠂ ᠥᠨᠥ ᠦᠶ᠎ᠡ ᠡᠴᠡ ᠴᠤ ᠡᠮᠦᠨ᠎ᠡ ᠲᠡᠷᠡ ᠪᠠᠢᠭᠰᠠᠨ᠃
11 ᠡᠮᠦᠨᠡᠬᠢ ᠶᠢᠨ ᠬᠢᠨᠢ ᠳᠤᠷᠠᠰᠤᠭᠳᠠᠬᠤ ᠦᠭᠡᠢ ᠬᠣᠵᠢᠮ ᠤᠨ ᠬᠢᠨᠢ ᠴᠤ ᠬᠣᠵᠢᠮ ᠤᠨ ᠬᠢᠨ ᠳᠠᠭᠠᠨ ᠳᠤᠷᠠᠰᠤᠭᠳᠠᠬᠤ ᠦᠭᠡᠢ᠃
ᠮᠡᠷᠭᠡᠨ ᠦ ᠵᠢᠳᠬᠦᠯ ᠬᠣᠭᠣᠰᠣᠨ
12 ᠨᠣᠮᠯᠠᠭᠴᠢ ᠪᠢ ᠢᠰᠷᠧᠯ ᠤᠨ ᠬᠠᠭᠠᠨ ᠪᠣᠯᠵᠤ ᠶᠧᠷᠦ᠋ᠰᠠᠯᠧᠮ ᠳᠤ ᠪᠠᠢᠬᠤ ᠳᠠᠭᠠᠨ᠂ 13 ᠲᠩᠷᠢ ᠶᠢᠨ ᠳᠣᠣᠷ᠎ᠠ ᠬᠢᠭᠳᠡᠳᠡᠭ ᠪᠦᠬᠦᠨ ᠢ ᠮᠡᠷᠭᠡᠨ ᠤᠬᠠᠭᠠᠨ ᠢᠶᠠᠷ ᠰᠢᠨᠵᠢᠯᠡᠨ ᠰᠤᠳᠤᠯᠬᠤ ᠶᠢᠨ ᠲᠤᠯᠠᠳᠠ ᠣᠶᠤᠨ ᠢᠶᠠᠨ ᠵᠣᠷᠢᠭᠤᠯᠤᠭᠰᠠᠨ᠃ ᠪᠤᠷᠬᠠᠨ ᠬᠥᠮᠦᠨ ᠦ ᠬᠥᠪᠡᠭᠦᠳ ᠢ ᠵᠣᠪᠠᠭᠠᠬᠤ ᠭᠡᠵᠦ ᠶᠠᠮᠠᠷ ᠶᠡᠬᠡ ᠬᠦᠨᠳᠦ ᠠᠴᠢᠶ᠎ᠠ ᠶᠢ ᠡᠭᠦᠷᠦᠭᠦᠯᠦᠭᠰᠡᠨ ᠪᠤᠢ︖ 14 ᠪᠢ ᠨᠠᠷᠠᠨ ᠤ ᠳᠣᠣᠷ᠎ᠠ ᠬᠢᠭᠳᠡᠳᠡᠭ ᠪᠦᠬᠦᠨ ᠢ ᠦᠵᠡᠬᠦ ᠳᠦ᠂ ᠪᠦᠭᠦᠳᠡ ᠬᠣᠭᠣᠰᠣᠨ᠂ ᠰᠠᠯᠬᠢᠨ ᠢ ᠬᠥᠭᠡᠭᠡᠴᠡᠯᠳᠦᠬᠦ ᠠᠵᠢ᠃
15 ᠮᠤᠷᠤᠢ ᠶᠢ ᠲᠡᠭᠰᠢᠯᠡᠬᠦ ᠠᠷᠭ᠎ᠠ ᠦᠭᠡᠢ ᠪᠠᠢᠬᠤ ᠦᠭᠡᠢ ᠶᠢ ᠲᠣᠭᠠᠯᠠᠬᠤ ᠠᠷᠭ᠎ᠠ ᠦᠭᠡᠢ᠃
16 ᠪᠢ ᠵᠢᠷᠦᠬᠡᠨ ᠳᠡᠭᠡᠨ᠄ 《ᠬᠠᠷ᠎ᠠ᠂ ᠨᠠᠳᠠ ᠠᠴᠠ ᠡᠮᠦᠨ᠎ᠡ ᠶᠧᠷᠦ᠋ᠰᠠᠯᠧᠮ ᠢ ᠵᠠᠬᠢᠷᠤᠭᠰᠠᠨ ᠬᠡᠨ ᠡᠴᠡ ᠨᠢ ᠴᠤ ᠢᠯᠡᠭᠦᠦ ᠮᠡᠷᠭᠡᠨ ᠤᠬᠠᠭᠠᠨ ᠢ ᠪᠢ ᠣᠯᠣᠭᠰᠠᠨ᠂ ᠨᠡᠮᠡᠭᠳᠡᠭᠦᠯᠦᠭᠰᠡᠨ᠂ ᠵᠢᠷᠦᠬᠡ ᠮᠢᠨᠢ ᠦᠯᠡᠮᠵᠢ ᠮᠡᠷᠭᠡᠨ ᠤᠬᠠᠭᠠᠨ ᠪᠠ ᠮᠡᠳᠡᠯᠭᠡ ᠶᠢ ᠰᠢᠩᠭᠡᠭᠡᠭᠰᠡᠨ》 ᠭᠡᠵᠡᠢ᠃ 17 ᠪᠢ ᠮᠡᠷᠭᠡᠨ ᠤᠬᠠᠭᠠᠨ ᠢ ᠣᠢᠯᠠᠭᠠᠬᠤ ᠬᠢᠭᠡᠳ ᠭᠠᠯᠵᠠᠭᠤ᠂ ᠮᠤᠩ᠋ᠬᠠᠭ ᠢ ᠣᠢᠯᠠᠭᠠᠬᠤ ᠪᠠᠷ ᠵᠢᠷᠦᠬᠡ ᠪᠡᠨ ᠵᠣᠷᠢᠭᠤᠯᠤᠭᠰᠠᠨ᠂ ᠬᠠᠷᠢᠨ ᠡᠨᠡ ᠨᠢ ᠮᠥᠨ ᠯᠠ ᠰᠠᠯᠬᠢᠨ ᠢ ᠬᠥᠭᠡᠭᠡᠴᠡᠯᠳᠦᠬᠦ ᠬᠡᠷᠡᠭ ᠭᠡᠳᠡᠭ ᠢ ᠪᠢ ᠣᠢᠯᠠᠭᠠᠯ᠎ᠠ᠃
18 ᠶᠡᠬᠡ ᠮᠡᠷᠭᠡᠨ ᠤᠬᠠᠭᠠᠨ ᠨᠢ ᠶᠡᠬᠡ ᠵᠣᠪᠠᠯᠠᠩ ᠢᠯᠡᠭᠦᠦ ᠮᠡᠳᠡᠯᠭᠡ ᠨᠢ ᠢᠯᠡᠭᠦᠦ ᠰᠢᠨᠠᠯᠤᠯ᠃