ᠨᠣᠮᠯᠠᠭᠴᠢ ᠶᠢᠨ ᠦᠭᠡᠰ ᠬᠣᠶᠠᠷ
ᠮᠡᠷᠭᠡᠨ ᠮᠤᠩ᠋ᠬᠠᠭ ᠬᠣᠶᠠᠭᠤᠯᠠ ᠪᠠᠨ ᠬᠣᠭᠣᠰᠣᠨ
1 ᠪᠢ ᠵᠢᠷᠦᠬᠡᠨ ᠳᠡᠭᠡᠨ᠄ 《ᠵᠠ᠂ ᠣᠳᠣ ᠥᠪᠡᠷ ᠢ ᠪᠠᠨ ᠵᠤᠭ᠎ᠠ ᠴᠡᠩᠭᠡᠯ ᠢᠶᠡᠷ ᠰᠣᠷᠢᠭᠠᠳ ᠦᠵᠡᠶ᠎ᠡ︕ ᠰᠠᠢᠨ ᠰᠠᠢᠬᠠᠨ ᠢ ᠦᠵᠡᠶ᠎ᠡ》 ᠭᠡᠪᠡ᠃ ᠡᠨᠡ ᠨᠢ ᠪᠠᠰᠠ ᠯᠠ ᠬᠣᠭᠣᠰᠣᠨ ᠪᠠᠢᠯ᠎ᠠ᠃ 2 ᠢᠨᠢᠶᠡᠳᠦ ᠶᠢᠨ ᠲᠤᠬᠠᠢ ᠪᠢ᠄ 《ᠰᠣᠯᠢᠶᠠᠲᠠᠢ》 ᠭᠡᠵᠦ᠂ ᠴᠡᠩᠭᠡᠯ ᠦᠨ ᠲᠤᠬᠠᠢ ᠪᠢ᠄ 《ᠶᠠᠮᠠᠷ ᠬᠡᠷᠡᠭ ᠲᠡᠢ ᠪᠤᠢ︖》 ᠭᠡᠪᠡ᠃ 3 ᠪᠢ ᠪᠣᠳᠣᠵᠤ ᠴᠡᠩᠨᠡᠭᠰᠡᠨ ᠦ ᠳᠠᠷᠠᠭ᠎ᠠ᠂ ᠮᠢᠬᠠᠨ ᠪᠡᠶ᠎ᠡ ᠪᠡᠨ ᠳᠠᠷᠠᠰᠤ ᠪᠠᠷ ᠬᠥᠭᠵᠢᠭᠡᠬᠦ ᠭᠡᠰᠡᠨ ᠪᠥᠭᠡᠳ ᠥᠪᠡᠷ ᠢ ᠪᠠᠨ ᠮᠡᠷᠭᠡᠨ ᠤᠬᠠᠭᠠᠨ ᠢᠶᠠᠷ ᠤᠳᠤᠷᠢᠳᠤᠭᠤᠯᠬᠤ ᠶᠢᠨ ᠵᠡᠷᠭᠡᠴᠡᠭᠡ ᠮᠤᠩ᠋ᠬᠠᠭᠯᠠᠯ ᠢ ᠳᠠᠭᠠᠭᠰᠠᠭᠠᠷ ᠲᠩᠷᠢ ᠶᠢᠨ ᠳᠣᠣᠷᠠᠬᠢ ᠠᠮᠢᠳᠤᠷᠠᠯ ᠤᠨ ᠢᠶᠠᠨ ᠴᠥᠭᠡᠬᠡᠨ ᠡᠳᠦᠷ ᠤᠳ ᠢᠶᠠᠷ ᠶᠠᠭᠤ ᠬᠢᠬᠦ ᠨᠢ ᠬᠥᠮᠦᠨ ᠦ ᠬᠥᠪᠡᠭᠦᠳ ᠲᠦ ᠬᠠᠮᠤᠭ ᠤᠨ ᠰᠠᠢᠨ ᠪᠣᠯᠬᠤ ᠶᠢ ᠦᠵᠡᠬᠦ ᠭᠡᠰᠡᠨ᠃ 4 ᠪᠢ ᠲᠣᠮᠣ ᠠᠵᠢᠯ ᠤᠳ ᠢ ᠬᠢᠭᠰᠡᠨ ᠪᠢᠯᠡ᠃ ᠥᠪᠡᠷ ᠲᠡᠭᠡᠨ ᠵᠣᠷᠢᠭᠤᠯᠤᠨ ᠭᠡᠷ ᠪᠠᠢᠰᠢᠩ ᠪᠠᠷᠢᠵᠤ᠂ ᠦᠵᠦᠮ ᠦᠨ ᠲᠠᠯᠠᠪᠠᠢ ᠪᠠᠢᠭᠤᠯᠤᠭᠰᠠᠨ᠂ 5 ᠴᠡᠴᠡᠷᠯᠢᠭ ᠪᠠ ᠵᠢᠮᠢᠰ ᠤᠨ ᠬᠦᠷᠢᠶᠡᠯᠡᠩ ᠪᠠᠢᠭᠤᠯᠵᠤ᠂ ᠲᠡᠨᠳᠡ ᠪᠡᠨ ᠲᠥᠷᠥᠯ ᠪᠦᠷᠢ ᠶᠢᠨ ᠵᠢᠮᠢᠰ ᠤᠨ ᠮᠣᠳᠣ ᠰᠠᠭᠤᠯᠭᠠᠭᠰᠠᠨ᠂ 6 ᠤᠷᠭᠤᠨ ᠲᠥᠯᠵᠢᠵᠦ ᠪᠠᠢᠭ᠎ᠠ ᠣᠢ ᠪᠠᠨ ᠤᠰᠤᠯᠠᠬᠤ ᠪᠠᠷ ᠤᠰᠤᠨ ᠰᠠᠩ ᠪᠠᠢᠭᠤᠯᠤᠭᠰᠠᠨ ᠪᠢᠯᠡ᠃ 7 ᠨᠠᠳᠠ ᠳᠤ ᠬᠤᠳᠠᠯᠳᠤᠵᠤ ᠠᠪᠤᠭᠰᠠᠨ ᠡᠷᠡᠭᠲᠡᠢ ᠡᠮᠡᠭᠲᠡᠢ ᠪᠣᠭᠣᠯ ᠤᠳ ᠠᠴᠠ ᠭᠠᠳᠠᠨ᠎ᠠ᠂ ᠤᠨᠠᠭᠠᠨ ᠪᠣᠭᠣᠯ ᠤᠳ ᠴᠤ ᠪᠠᠢᠭᠰᠠᠨ᠃ ᠨᠠᠳᠠ ᠠᠴᠠ ᠡᠮᠦᠨ᠎ᠡ ᠶᠧᠷᠦ᠋ᠰᠠᠯᠧᠮ ᠳᠤ ᠪᠠᠢᠭᠰᠠᠨ ᠬᠥᠮᠦᠨ ᠪᠦᠬᠦᠨ ᠦ ᠡᠵᠡᠮᠰᠢᠵᠦ ᠪᠠᠢᠭᠰᠠᠨ ᠠᠴᠠ ᠢᠯᠡᠭᠦᠦ ᠶᠡᠬᠡ ᠮᠠᠯ ᠰᠦᠷᠦᠭ ᠨᠠᠳᠠ ᠳᠤ ᠪᠠᠢᠪᠠ᠃ 8 ᠪᠢ ᠠᠯᠲᠠ᠂ ᠮᠥᠩᠭᠥ ᠬᠢᠭᠡᠳ ᠡᠷᠳᠡᠨᠢᠰ ᠢ ᠬᠠᠭᠠᠳ ᠠᠴᠠ᠂ ᠮᠤᠵᠢ ᠨᠤᠭᠤᠳ ᠠᠴᠠ ᠬᠤᠷᠢᠶᠠᠨ ᠴᠤᠭᠯᠠᠭᠤᠯᠤᠭᠰᠠᠨ᠂ ᠪᠢ ᠡᠷᠡᠭᠲᠡᠢ ᠡᠮᠡᠭᠲᠡᠢ ᠳᠠᠭᠤᠴᠢᠳ ᠢ᠂ ᠮᠥᠨ ᠬᠥᠮᠦᠨ ᠦ ᠬᠥᠪᠡᠭᠦᠳ ᠦᠨ ᠳᠤᠷ᠎ᠠ ᠶᠢ ᠪᠤᠯᠢᠶᠠᠮ᠎ᠠ ᠣᠯᠠᠨ ᠲᠠᠲᠠᠪᠤᠷᠢ ᠣᠯᠣᠭᠰᠠᠨ ᠪᠢᠯᠡ᠃
9 ᠪᠢ ᠤᠷᠢᠳᠤ ᠡᠮᠦᠨ᠎ᠡ ᠶᠧᠷᠦ᠋ᠰᠠᠯᠧᠮ ᠳᠤ ᠪᠠᠢᠭᠰᠠᠨ ᠪᠦᠭᠦᠳᠡ ᠡᠴᠡ ᠬᠣᠯᠠ ᠳᠠᠪᠠᠵᠤ᠂ ᠠᠭᠤᠤ ᠪᠣᠯᠪᠠ᠃ ᠮᠡᠷᠭᠡᠨ ᠤᠬᠠᠭᠠᠨ ᠴᠤ ᠨᠠᠳᠠ ᠳᠤ ᠪᠠᠢᠭᠰᠠᠭᠠᠷ᠂ 10 ᠨᠢᠳᠦᠨ ᠦ ᠪᠠᠨ ᠬᠦᠰᠡᠭᠰᠡᠨ ᠪᠦᠭᠦᠳᠡ ᠶᠢ ᠪᠢ ᠬᠣᠷᠢᠭᠯᠠᠭᠰᠠᠨ ᠦᠭᠡᠢ᠂ ᠰᠡᠳᠬᠢᠯ ᠤᠨ ᠢᠶᠠᠨ ᠳᠤᠷᠠᠯᠠᠭᠰᠠᠨ ᠪᠦᠭᠦᠳᠡ ᠡᠴᠡ ᠪᠢ ᠲᠠᠲᠠᠭᠠᠯᠵᠠᠭᠰᠠᠨ ᠦᠭᠡᠢ᠃ ᠲᠡᠢᠨ ᠬᠦ ᠮᠢᠨᠦ ᠪᠦᠬᠦ ᠵᠢᠳᠬᠦᠯ ᠢᠶᠡᠷ ᠵᠢᠷᠦᠬᠡ ᠮᠢᠨᠢ ᠪᠠᠶᠠᠷᠯᠠᠪᠠ᠂ ᠪᠦᠬᠦᠢᠯᠡ ᠵᠢᠳᠬᠦᠯ ᠦᠨ ᠮᠢᠨᠢ ᠬᠤᠪᠢ ᠨᠣᠭᠳᠠᠯ ᠲᠡᠷᠡ ᠠᠵᠢ᠃ 11 ᠬᠠᠷᠢᠨ ᠥᠪᠡᠷ ᠦᠨ ᠭᠠᠷ ᠢᠶᠠᠷ ᠬᠢᠭᠰᠡᠨ ᠬᠠᠮᠤᠭ ᠦᠢᠯᠡᠰ ᠢ᠂ ᠪᠠᠰᠠ ᠥᠪᠡᠷ ᠦᠨ ᠵᠦᠳᠡᠷᠡᠭᠰᠡᠨ ᠵᠢᠳᠬᠦᠯ ᠢ ᠡᠷᠭᠢᠨ ᠬᠠᠷᠠᠬᠤ ᠳᠤ᠂ ᠡᠨᠡ ᠪᠦᠬᠦᠨ ᠬᠣᠭᠣᠰᠣᠨ᠂ ᠰᠠᠯᠬᠢᠨ ᠢ ᠬᠥᠭᠡᠭᠡᠴᠡᠯᠳᠦᠬᠦ ᠬᠡᠷᠡᠭ ᠪᠠᠢᠪᠠ᠂ ᠨᠠᠷᠠᠨ ᠤ ᠳᠣᠣᠷ᠎ᠠ ᠠᠰᠢᠭ ᠨᠢ ᠠᠯᠠᠭ᠎ᠠ᠃
12 ᠡᠢᠮᠦ ᠡᠴᠡ ᠪᠢ ᠮᠡᠷᠭᠡᠨ ᠤᠬᠠᠭᠠᠨ᠂ ᠭᠠᠯᠵᠠᠭᠤ ᠬᠢᠭᠡᠳ ᠮᠤᠩ᠋ᠬᠠᠭ ᠢ ᠲᠤᠩ᠋ᠭᠠᠵᠤ ᠦᠵᠡᠪᠡ᠃ ᠬᠠᠭᠠᠨ ᠤ ᠳᠠᠷᠠᠭ᠎ᠠ ᠭᠠᠷᠴᠤ ᠢᠷᠡᠬᠦ ᠬᠥᠮᠦᠨ ᠤᠷᠢᠳᠤ ᠬᠢᠭᠳᠡᠭᠰᠡᠨ ᠵᠦᠢᠯ ᠡᠴᠡ ᠥᠭᠡᠷ᠎ᠡ ᠶᠠᠭᠤ ᠬᠢᠬᠦ ᠶᠤᠮ ᠪᠤᠢ︖ 13 ᠮᠡᠷᠭᠡᠨ ᠤᠬᠠᠭᠠᠨ ᠮᠤᠩ᠋ᠬᠠᠭ ᠠᠴᠠ ᠳᠠᠪᠠᠭᠤ ᠨᠢ ᠭᠡᠷᠡᠯ ᠬᠠᠷᠠᠩ᠋ᠭᠤᠢ ᠠᠴᠠ ᠳᠠᠪᠠᠭᠤ ᠶᠢᠨ ᠠᠳᠠᠯᠢ ᠪᠣᠯᠬᠤ ᠶᠢ ᠪᠢ ᠣᠢᠯᠠᠭᠠᠪᠠ᠃ 14 ᠮᠡᠷᠭᠡᠨ ᠬᠥᠮᠦᠨ ᠦ ᠮᠡᠯᠮᠡᠢ ᠲᠣᠯᠣᠭᠠᠢ ᠳᠤᠨᠢ ᠪᠠᠢᠳᠠᠭ ᠪᠣᠯ᠂ ᠲᠡᠨᠡᠭ ᠬᠥᠮᠦᠨ ᠬᠠᠷᠠᠩ᠋ᠭᠤᠢ ᠳᠤ ᠶᠠᠪᠤᠵᠤ ᠪᠠᠢᠳᠠᠭ᠃
15 ᠡᠢᠮᠦ ᠡᠴᠡ ᠪᠢ 《ᠮᠤᠩ᠋ᠬᠠᠭ ᠲᠤ ᠤᠴᠠᠷᠠᠬᠤ ᠨᠢ ᠨᠠᠳᠠ ᠳᠤ ᠴᠤ ᠤᠴᠠᠷᠠᠬᠤ ᠶᠤᠮ ᠪᠣᠯ᠂ ᠮᠡᠷᠭᠡᠨ ᠪᠠᠢᠬᠤ ᠶᠢᠨ ᠬᠡᠷᠡᠭ ᠶᠠᠭᠤᠨ︖》 ᠭᠡᠳ 《ᠡᠨᠡ ᠮᠥᠨ ᠯᠠ ᠬᠣᠭᠣᠰᠣᠨ》 ᠭᠡᠪᠡ᠃ 16 ᠤᠴᠢᠷ ᠨᠢ ᠮᠡᠷᠭᠡᠨ ᠨᠢ ᠴᠤ᠂ ᠮᠤᠩ᠋ᠬᠠᠭ ᠨᠢ ᠴᠤ ᠮᠥᠩᠬᠡᠳᠡ ᠳᠤᠷᠠᠰᠤᠭᠳᠠᠬᠤ ᠪᠤᠰᠤ᠂ ᠢᠷᠡᠬᠦ ᠡᠳᠦᠷ ᠤᠳ ᠲᠤ ᠬᠣᠶᠠᠭᠤᠯᠠ ᠪᠠᠨ ᠮᠠᠷᠲᠠᠭᠳᠠᠨᠠ᠃ ᠮᠡᠷᠭᠡᠨ ᠪᠠᠢᠯ᠎ᠠ ᠴᠤ ᠦᠬᠦᠬᠦ ᠨᠢ ᠮᠤᠩ᠋ᠬᠠᠭ ᠤᠨ ᠦᠬᠦᠬᠦ ᠲᠠᠢ ᠠᠳᠠᠯᠢ ᠶᠤᠮ᠃ 17 ᠡᠢᠮᠦ ᠡᠴᠡ ᠪᠢ ᠠᠮᠢᠳᠤᠷᠠᠯ ᠢ ᠵᠢᠭᠰᠢᠪᠡ᠃ ᠨᠠᠷᠠᠨ ᠤ ᠳᠣᠣᠷ᠎ᠠ ᠬᠢᠭᠳᠡᠳᠡᠭ ᠵᠦᠢᠯ ᠨᠠᠳᠠ ᠳᠤ ᠵᠣᠪᠠᠨᠢᠯ ᠲᠠᠢ ᠪᠠᠢᠪᠠ᠂ ᠪᠦᠭᠦᠳᠡ ᠬᠣᠭᠣᠰᠣᠨ᠂ ᠰᠠᠯᠬᠢᠨ ᠢ ᠬᠥᠭᠡᠭᠡᠴᠡᠯᠳᠦᠬᠦ ᠬᠡᠷᠡᠭ ᠠᠵᠢ᠃
18 ᠨᠠᠷᠠᠨ ᠤ ᠳᠣᠣᠷ᠎ᠠ ᠵᠢᠳᠬᠦᠭᠰᠡᠨ ᠪᠦᠬᠦᠨ ᠢᠶᠡᠨ ᠪᠢ ᠵᠢᠭᠰᠢᠪᠡ᠃ ᠪᠢ ᠲᠡᠳᠡᠭᠡᠷ ᠢ ᠳᠠᠷᠠᠭᠠᠬᠢ ᠬᠥᠮᠦᠨ ᠳᠡᠭᠡᠨ ᠦᠯᠡᠳᠡᠭᠡᠬᠦ ᠪᠣᠯᠵᠤ ᠪᠠᠢᠨ᠎ᠠ᠂ 19 ᠭᠡᠪᠡᠴᠦ ᠲᠡᠷᠡ ᠮᠡᠷᠭᠡᠨ᠂ ᠡᠰᠡᠪᠡᠯ ᠮᠤᠩ᠋ᠬᠠᠭ ᠤᠨ ᠠᠯᠢ ᠨᠢ ᠪᠠᠢᠬᠤ ᠶᠢ ᠬᠡᠨ ᠮᠡᠳᠡᠬᠦ ᠪᠢᠯᠡ︖ ᠨᠠᠷᠠᠨ ᠤ ᠳᠣᠣᠷ᠎ᠠ ᠲᠠᠷᠢᠬᠢ ᠪᠠᠨ ᠭᠠᠰᠢᠯᠭᠠᠵᠤ ᠠᠵᠢᠯᠯᠠᠭᠰᠠᠨ ᠪᠦᠬᠦᠨ ᠮᠢᠨᠢ ᠲᠡᠭᠦᠨ ᠦ ᠭᠠᠷ ᠲᠤ ᠣᠷᠣᠬᠤ ᠪᠣᠯᠣᠨ᠎ᠠ᠃ ᠡᠨᠡ ᠨᠢ ᠮᠥᠨ ᠯᠠ ᠬᠣᠭᠣᠰᠣᠨ᠃ 20 ᠨᠠᠷᠠᠨ ᠤ ᠳᠣᠣᠷ᠎ᠠ ᠵᠢᠳᠬᠦᠭᠰᠡᠨ ᠪᠦᠬᠦ ᠵᠢᠳᠬᠦᠯ ᠳᠡᠭᠡᠨ ᠰᠡᠳᠬᠢᠯ ᠮᠢᠨᠢ ᠴᠥᠬᠥᠷᠡᠬᠦ ᠪᠣᠯᠪᠠ᠃ 21 ᠤᠴᠢᠷ ᠨᠢ ᠬᠥᠮᠦᠨ ᠮᠡᠷᠭᠡᠨ ᠤᠬᠠᠭᠠᠨ᠂ ᠮᠡᠳᠡᠯᠭᠡ ᠪᠠ ᠴᠢᠳᠠᠪᠤᠷᠢ ᠪᠠᠷ ᠢᠶᠠᠨ ᠵᠢᠳᠬᠦᠭᠰᠡᠨ ᠢᠶᠡᠨ ᠵᠢᠳᠬᠦᠭᠡ ᠦᠭᠡᠢ ᠬᠥᠮᠦᠨ ᠳᠦ ᠥᠪᠯᠡᠭᠦᠯᠬᠦ ᠪᠣᠯᠣᠨ᠎ᠠ᠂ ᠡᠨᠡ ᠮᠥᠨ ᠯᠠ ᠬᠣᠭᠣᠰᠣᠨ᠂ ᠵᠣᠪᠠᠨᠢᠯ ᠲᠠᠢ᠃ 22 ᠨᠠᠷᠠᠨ ᠤ ᠳᠣᠣᠷ᠎ᠠ ᠰᠡᠳᠬᠢᠯ ᠢᠶᠠᠨ ᠵᠣᠪᠠᠭᠠᠵᠤ ᠵᠢᠳᠬᠦᠭᠰᠡᠨ ᠪᠦᠬᠦᠨ ᠡᠴᠡ ᠨᠢ ᠬᠥᠮᠦᠨ ᠳᠦ ᠶᠠᠭᠤ ᠨᠣᠭᠳᠠᠬᠤ ᠪᠢᠯᠡ︖ 23 ᠪᠦᠬᠦᠯᠢ ᠡᠳᠦᠷ ᠨᠢ ᠵᠣᠪᠠᠨᠢᠯ ᠲᠠᠢ᠂ ᠠᠵᠢᠯ ᠦᠢᠯᠡ ᠨᠢ ᠵᠣᠪᠠᠭᠤᠷᠢ ᠲᠠᠢ᠂ ᠰᠥᠨᠢ ᠴᠤ ᠰᠡᠳᠬᠢᠯ ᠨᠢ ᠠᠮᠠᠷ ᠦᠭᠡᠢ᠂ ᠡᠨᠡ ᠨᠢ ᠮᠥᠨ ᠯᠠ ᠬᠣᠭᠣᠰᠣᠨ᠃
24 ᠢᠳᠡᠵᠦ᠂ ᠤᠤᠭᠤᠨ᠂ ᠵᠢᠳᠬᠦᠭᠰᠡᠨ ᠢᠶᠡᠷ ᠢᠶᠠᠨ ᠰᠠᠢᠨ ᠢ ᠠᠮᠰᠠᠬᠤ ᠠᠴᠠ ᠰᠠᠢᠨ ᠨᠢ ᠬᠥᠮᠦᠨ ᠳᠦ ᠦᠭᠡᠢ᠃ ᠪᠢ ᠦᠵᠡᠬᠦ ᠳᠦ᠂ ᠡᠨᠡ ᠮᠥᠨ ᠯᠠ ᠪᠤᠷᠬᠠᠨ ᠤ ᠮᠤᠲᠤᠷ ᠠᠴᠠ ᠠᠵᠢ᠃ 25 ᠲᠡᠭᠦᠨ ᠦᠭᠡᠢ ᠪᠠᠷ ᠬᠡᠨ ᠢᠳᠡᠵᠦ᠂ ᠬᠡᠨ ᠵᠢᠷᠭᠠᠯ ᠲᠠᠢ ᠪᠠᠢᠵᠤ ᠴᠢᠳᠠᠬᠤ ᠪᠢᠯᠡ︖ 26 ᠪᠤᠷᠬᠠᠨ ᠮᠡᠷᠭᠡᠨ ᠤᠬᠠᠭᠠᠨ᠂ ᠮᠡᠳᠡᠯᠭᠡ ᠪᠠ ᠵᠢᠷᠭᠠᠯ ᠢ ᠲᠠᠭᠠᠯᠠᠳᠠᠭ ᠬᠥᠮᠦᠨ ᠳᠡᠭᠡᠨ ᠰᠣᠶᠣᠷᠬᠠᠳᠠᠭ ᠪᠣᠯ᠂ ᠪᠠᠶᠠᠯᠢᠭ ᠢ ᠴᠤᠭᠯᠠᠭᠤᠯᠵᠤ ᠬᠠᠳᠠᠭᠠᠯᠠᠬᠤ ᠳᠠᠭᠠᠭᠠᠯᠭᠠᠪᠤᠷᠢ ᠶᠢ ᠨᠢᠭᠦᠯᠲᠡᠨ ᠳᠦ ᠥᠭᠭᠥᠭᠰᠡᠨ ᠦ ᠳᠠᠷᠠᠭ᠎ᠠ᠂ ᠲᠡᠭᠦᠨ ᠢ ᠨᠢ ᠳᠤᠷᠠᠲᠠᠢ ᠬᠥᠮᠦᠨ ᠳᠡᠭᠡᠨ ᠰᠣᠶᠣᠷᠬᠠᠳᠠᠭ᠃ ᠡᠨᠡ ᠨᠢ ᠮᠥᠨ ᠯᠠ ᠬᠣᠭᠣᠰᠣᠨ᠂ ᠰᠠᠯᠬᠢᠨ ᠢ ᠬᠥᠭᠡᠭᠡᠴᠡᠯᠳᠦᠬᠦ ᠬᠡᠷᠡᠭ ᠠᠵᠢ᠃