1 2 3 4 5 6 7 8 9 10 11 12


ᠨᠣᠮᠯᠠᠭᠴᠢ ᠶᠢᠨ ᠦᠭᠡᠰ ᠠᠷᠪᠠᠨ ᠬᠣᠶᠠᠷ

1 ᠵᠠᠯᠠᠭᠤ ᠨᠠᠰᠤᠨ ᠤ ᠪᠠᠨ ᠡᠳᠦᠷ ᠤᠳ ᠢᠶᠠᠷ ᠥᠪᠡᠷ ᠦᠨ ᠢᠶᠠᠨ ᠪᠦᠲᠦᠭᠡᠭᠴᠢ ᠶᠢ ᠰᠠᠨᠠᠵᠤ ᠶᠠᠪᠤ᠃ 《ᠪᠠᠶᠠᠷ ᠵᠢᠷᠭᠠᠯ ᠨᠠᠳᠠ ᠳᠤ ᠠᠯᠠᠭ᠎ᠠ》 ᠭᠡᠵᠦ ᠬᠡᠯᠡᠬᠦ ᠬᠡᠴᠡᠭᠦᠦ ᠵᠢᠯ ᠡᠳᠦᠷ ᠤᠳ ᠣᠢᠷᠠᠲᠤᠵᠤ ᠢᠷᠡᠬᠦ ᠡᠴᠡ ᠡᠮᠦᠨ᠎ᠡ᠂ 2 ᠨᠠᠷᠠ᠂ ᠭᠡᠷᠡᠯ᠂ ᠰᠠᠷᠠ᠂ ᠣᠳᠣᠳ ᠬᠠᠷᠠᠩ᠋ᠭᠤᠢᠯᠠᠬᠤ ᠠᠴᠠ ᠡᠮᠦᠨ᠎ᠡ᠂ ᠪᠣᠷᠣᠭᠠᠨ ᠤ ᠳᠠᠷᠠᠭ᠎ᠠ ᠡᠭᠦᠯᠡᠰ ᠡᠷᠭᠢᠨ ᠬᠤᠷᠭᠠᠬᠤ ᠠᠴᠠ ᠡᠮᠦᠨ᠎ᠡ ᠲᠡᠭᠦᠨ ᠢ ᠰᠠᠨᠠ᠃ 3 ᠭᠡᠷ ᠦᠨ ᠬᠠᠷᠠᠭᠤᠯ ᠤᠳ ᠰᠠᠯᠭᠠᠨᠠᠨ᠂ ᠬᠦᠴᠦᠲᠡᠳ ᠪᠥᠭᠲᠥᠢᠨ᠎ᠡ᠂ ᠴᠥᠭᠡᠷᠡᠭᠰᠡᠨ ᠲᠡᠭᠡᠷᠮᠡᠴᠢᠳ ᠠᠵᠢᠯ ᠢᠶᠠᠨ ᠵᠣᠭᠰᠣᠵᠤ᠂ ᠴᠣᠩ᠋ᠬᠣ ᠪᠠᠷ ᠬᠠᠷᠠᠭᠰᠠᠳ ᠰᠦᠮᠡᠭᠡᠶᠢᠷᠡᠨ᠎ᠡ᠃ 4 ᠭᠤᠳᠤᠮᠵᠢᠨ ᠤ ᠬᠠᠭᠠᠯᠭ᠎ᠠ ᠨᠤᠭᠤᠳ ᠬᠠᠭᠠᠭᠳᠠᠨ᠎ᠠ᠂ ᠲᠡᠭᠡᠷᠮ᠎ᠡ ᠶᠢᠨ ᠳᠠᠭᠤ ᠬᠣᠯᠠᠳᠠᠨ᠎ᠠ᠂ ᠰᠢᠪᠠᠭᠤᠳ ᠤᠨ ᠵᠢᠷᠭᠢᠭᠡᠨ ᠢᠶᠡᠷ ᠪᠣᠰᠣᠨ᠎ᠠ᠂ ᠠᠶ᠎ᠠ ᠳᠠᠭᠤᠤ ᠪᠦᠭᠦᠳᠡ ᠨᠠᠮᠳᠠᠨ᠎ᠠ᠂ 5 ᠥᠭᠰᠥᠭᠦᠷ ᠭᠠᠵᠠᠷ ᠠᠴᠠ ᠠᠶᠤᠨ᠂ ᠵᠠᠮ ᠳᠤ ᠭᠠᠷᠬᠤ ᠠᠴᠠ ᠵᠢᠷᠦᠬᠡᠰᠢᠶᠡᠵᠦ᠂ ᠪᠤᠢᠯᠠᠰᠤ ᠮᠣᠳᠣ 5 ᠴᠡᠴᠡᠭᠯᠡᠵᠦ᠂ ᠴᠠᠷᠴᠠᠬᠠᠢ ᠠᠴᠢᠶ᠎ᠠ ᠪᠣᠯᠵᠤ᠂ ᠬᠦᠰᠡᠯ ᠲᠠᠴᠢᠶᠠᠯ ᠲᠠᠰᠤᠷᠠᠨ᠎ᠠ᠂ ᠢᠩᠭᠢᠭᠡᠳ ᠬᠥᠮᠦᠨ ᠮᠥᠩᠬᠡ ᠶᠢᠨ ᠭᠡᠷ ᠲᠡᠭᠡᠨ ᠣᠳᠬᠤ ᠳᠤ᠂ ᠭᠠᠰᠢᠭᠤᠳᠠᠭᠰᠠᠳ ᠭᠤᠳᠤᠮᠵᠢ ᠪᠠᠷ ᠠᠯᠬᠤᠬᠤ ᠪᠣᠯᠣᠨ᠎ᠠ᠃ 6 ᠮᠥᠩᠭᠥᠨ ᠤᠲᠠᠰᠤ ᠲᠠᠰᠤᠷᠠᠵᠤ᠂ ᠠᠯᠲᠠᠨ ᠰᠠᠪᠠ ᠬᠠᠭᠠᠷᠠᠨ᠂ ᠪᠤᠯᠠᠭ ᠤᠨ ᠬᠠᠵᠠᠭᠤ ᠳᠠᠬᠢ ᠪᠣᠳᠣᠩ ᠬᠡᠮᠬᠡᠷᠡᠵᠦ᠂ ᠬᠤᠳᠳᠤᠭ ᠤᠨ ᠬᠦᠷᠳᠦ ᠰᠠᠯᠪᠠᠷᠠᠨ᠎ᠠ᠃ 7 ᠲᠣᠭᠣᠰᠣ ᠨᠢ ᠤᠷᠢᠳᠤ ᠶᠢᠨ ᠪᠠᠢᠭᠰᠠᠨ ᠰᠢᠷᠣᠢ ᠳᠠᠭᠠᠨ ᠪᠤᠴᠠᠵᠤ᠂ ᠠᠮᠢᠰᠬᠤᠯ ᠨᠢ ᠥᠪᠡᠷ ᠢ ᠨᠢ ᠰᠣᠶᠣᠷᠬᠠᠭᠰᠠᠨ ᠪᠤᠷᠬᠠᠨ ᠳᠠᠭᠠᠨ ᠪᠤᠴᠠᠬᠤ ᠠᠵᠢ᠃ 8 ᠬᠣᠭᠣᠰᠣᠨ ᠠᠴᠠ ᠬᠣᠭᠣᠰᠣᠨ᠂ ᠨᠣᠮᠯᠠᠭᠴᠢ ᠶᠠᠷᠢᠵᠤ ᠪᠠᠢᠨ᠎ᠠ᠂ ᠪᠦᠭᠦᠳᠡ ᠬᠣᠭᠣᠰᠣᠨ᠃
 ᠲᠡᠭᠦᠰᠬᠡᠯ ᠦᠨ ᠦᠭᠡ

9 ᠨᠣᠮᠯᠠᠭᠴᠢ ᠮᠡᠷᠭᠡᠨ ᠪᠠᠢᠭᠰᠠᠨ ᠪᠥᠭᠡᠳ ᠠᠷᠠᠳ ᠣᠯᠠᠨ ᠳᠤ ᠮᠡᠳᠡᠯᠭᠡ ᠰᠤᠷᠭᠠᠪᠠ᠃ ᠲᠡᠷᠡ ᠣᠯᠠᠨ ᠵᠦᠢᠷ ᠦᠭᠡ ᠶᠢ ᠲᠤᠩ᠋ᠭᠠᠵᠤ ᠰᠤᠳᠤᠯᠤᠨ᠂ ᠡᠮᠬᠢᠯᠡᠭᠰᠡᠨ ᠪᠢᠯᠡ᠃ 10 ᠨᠣᠮᠯᠠᠭᠴᠢ ᠲᠠᠭᠠᠯᠠᠮᠵᠢᠲᠤ ᠦᠭᠡᠰ ᠢ ᠣᠯᠬᠤ ᠪᠠᠷ ᠴᠢᠷᠮᠠᠢᠨ᠂ ᠦᠨᠡᠨ ᠦᠭᠡ ᠶᠢ ᠰᠢᠳᠤᠷᠭᠤ ᠪᠠᠷ ᠪᠢᠴᠢᠭᠰᠡᠨ ᠶᠤᠮ᠃ 11 ᠮᠡᠷᠭᠡᠳ ᠦᠨ ᠦᠭᠡᠰ ᠨᠢ ᠰᠢᠯᠪᠢᠭᠦᠷ᠂ ᠴᠤᠭᠯᠠᠭᠤᠯᠤᠭᠰᠠᠨ ᠦᠭᠡᠰ ᠨᠢ ᠪᠠᠲᠤ ᠲᠣᠭᠲᠠᠭᠠᠭᠰᠠᠨ ᠬᠠᠳᠠᠭᠠᠰᠤ ᠮᠡᠲᠦ᠂ ᠨᠢᠭᠡ ᠯᠠ ᠬᠣᠨᠢᠴᠢᠨ ᠡᠳᠡᠭᠡᠷ ᠢ ᠰᠣᠶᠣᠷᠬᠠᠭᠰᠠᠨ ᠠᠵᠢ᠃ 12 ᠬᠦᠦ ᠮᠢᠨᠢ᠂ ᠡᠳᠡᠭᠡᠷ ᠡᠴᠡ ᠭᠠᠳᠠᠨ᠎ᠠ ᠴᠢᠮ᠎ᠠ ᠳᠤ ᠰᠠᠨᠠᠭᠤᠯᠬᠤ ᠦᠭᠡ ᠪᠠᠢᠨ᠎ᠠ᠄ 《ᠣᠯᠠᠨ ᠨᠣᠮ ᠪᠢᠴᠢᠬᠦ ᠨᠢ ᠡᠴᠦᠰ ᠦᠭᠡᠢ᠂ ᠦᠯᠡᠮᠵᠢ ᠶᠡᠬᠡ ᠰᠤᠳᠤᠯᠬᠤ ᠨᠢ ᠪᠡᠶ᠎ᠡ ᠳᠦ ᠬᠠᠯᠠ ᠲᠠᠢ᠃》 13 ᠰᠣᠨᠣᠰᠬᠠᠭᠰᠠᠨ ᠪᠦᠬᠦᠨ ᠦ ᠪᠠᠨ ᠲᠤᠬᠠᠢ ᠳ᠋ᠦᠩᠨᠡᠬᠦ ᠦᠭᠡ ᠮᠢᠨᠢ ᠡᠨᠡ᠄ ᠪᠤᠷᠬᠠᠨ ᠠᠴᠠ ᠡᠮᠢᠶᠡ᠂ ᠲᠡᠭᠦᠨ ᠦ ᠲᠤᠰᠢᠶᠠᠯ ᠢ ᠳᠠᠭ᠎ᠠ᠂ ᠬᠥᠮᠦᠨ ᠦ ᠪᠦᠬᠦᠨ ᠨᠢ ᠡᠨᠡ ᠶᠤᠮ᠃ 14 ᠪᠤᠷᠬᠠᠨ ᠰᠠᠢᠨ ᠮᠠᠭᠤ ᠪᠦᠬᠦ ᠦᠢᠯᠡ ᠶᠢ᠂ ᠮᠥᠨ ᠨᠢᠭᠤᠴᠠᠯᠠᠭᠳᠠᠭᠰᠠᠨ ᠪᠦᠬᠦᠨ ᠢ ᠰᠢᠭᠦᠯᠲᠡ ᠳᠦ ᠠᠪᠠᠴᠢᠬᠤ ᠪᠣᠯᠣᠨ᠎ᠠ᠃