ᠨᠢᠭᠡᠳᠦᠭᠡᠷ ᠲᠧᠰᠠᠯᠦ᠋ᠨᠢᠺ ᠨᠢᠭᠡ
ᠢᠲᠡᠭᠡᠯ ᠦᠨ ᠳᠠᠭᠤᠷᠢᠶᠠᠯ
1 ᠫᠠᠦ᠋ᠯ᠂ ᠰᠢᠯᠦ᠋ᠶᠠᠨ᠂ ᠲᠢᠮᠣᠲ ᠠᠴᠠ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠳᠣᠲᠣᠷᠠᠬᠢ ᠲᠧᠰᠠᠯᠦ᠋ᠨᠢᠺᠴᠤᠳ ᠤᠨ ᠴᠢᠭᠤᠯᠭᠠᠨ ᠳᠤ᠄ ᠢᠪᠡᠭᠡᠯ ᠪᠠ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
2 ᠪᠢᠳᠡ ᠲᠠ ᠪᠦᠭᠦᠳᠡ ᠶᠢᠨ ᠤᠯᠠᠮ ᠢᠶᠠᠷ ᠪᠤᠷᠬᠠᠨ ᠳᠤ ᠲᠠᠯᠠᠷᠬᠠᠳᠠᠭ᠃ ᠪᠢᠳᠡ ᠳᠠᠭᠠᠳᠬᠠᠬᠤ ᠳᠠᠭᠠᠨ ᠲᠠ ᠨᠠᠷ ᠢ ᠳᠤᠷᠠᠰᠴᠤ᠂ 3 ᠪᠢᠳᠡᠨ ᠦ ᠡᠴᠢᠭᠡ ᠪᠤᠷᠬᠠᠨ ᠤ ᠡᠮᠦᠨ᠎ᠡ ᠲᠠ ᠨᠠᠷ ᠤᠨ ᠢᠲᠡᠭᠡᠯ ᠦᠨ ᠦᠢᠯᠡᠰ᠂ ᠬᠠᠢᠷ᠎ᠠ ᠶᠢᠨ ᠬᠥᠳᠡᠯᠮᠦᠷᠢ ᠬᠢᠭᠡᠳ ᠪᠢᠳᠡᠨ ᠦ ᠡᠵᠡᠨ ᠢᠰᠦ᠋ᠰ ᠾᠷᠢᠰᠲ᠋ᠣᠰ ᠲᠤ ᠬᠠᠨᠳᠤᠭᠰᠠᠨ ᠡᠷᠡᠮᠡᠯᠵᠡᠯ ᠦᠨ ᠲᠡᠪᠴᠢᠶᠡᠷᠢ ᠶᠢ ᠲᠠᠰᠤᠷᠠᠯᠲᠠ ᠦᠭᠡᠢ ᠰᠠᠨᠠᠳᠠᠭ᠃ 4 ᠪᠤᠷᠬᠠᠨ ᠤ ᠬᠠᠢᠷᠠᠲᠠᠢ ᠠᠬ᠎ᠠ ᠳᠡᠭᠦᠦ ᠨᠠᠷ ᠡ᠂ ᠲᠠ ᠨᠠᠷ ᠤᠨ ᠰᠣᠩ᠋ᠭᠣᠭᠳᠠᠭᠰᠠᠨ ᠢ ᠪᠢᠳᠡ ᠮᠡᠳᠡᠨ᠎ᠡ᠃ 5 ᠤᠴᠢᠷ ᠨᠢ᠂ ᠪᠢᠳᠡᠨ ᠦ ᠪᠠᠶᠠᠷ ᠤᠨ ᠮᠡᠳᠡᠭᠡ ᠵᠥᠪᠬᠡᠨ ᠦᠭᠡ ᠪᠡᠷ ᠪᠢᠰᠢ᠂ ᠬᠠᠷᠢᠨ ᠬᠦᠴᠦ᠂ ᠠᠷᠢᠭᠤᠨ ᠰᠦᠨᠡᠰᠦ ᠪᠠ ᠪᠠᠲᠤ ᠦᠨᠡᠮᠰᠢᠯ ᠢᠶᠠᠷ ᠲᠠ ᠨᠠᠷ ᠲᠤ ᠬᠦᠷᠦᠭᠰᠡᠨ᠃ ᠪᠢᠳᠡ ᠲᠠ ᠨᠠᠷ ᠤᠨ ᠳᠤᠮᠳᠠ ᠪᠠᠢᠬᠤ ᠳᠠᠭᠠᠨ ᠲᠠ ᠨᠠᠷ ᠤᠨ ᠲᠥᠯᠥᠭᠡ ᠶᠠᠭᠠᠬᠢᠵᠤ ᠠᠮᠢᠳᠤᠷᠠᠭᠰᠠᠨ ᠢ ᠲᠠ ᠨᠠᠷ ᠮᠡᠳᠡᠨ᠎ᠡ᠃ 6 ᠲᠠ ᠨᠠᠷ ᠪᠢᠳᠡᠨ ᠢ ᠪᠣᠯᠣᠨ ᠡᠵᠡᠨ ᠢ ᠳᠠᠭᠤᠷᠢᠶᠠᠭᠴᠢᠳ ᠪᠣᠯᠵᠠᠢ᠃ ᠲᠠ ᠨᠠᠷ ᠶᠡᠬᠡ ᠬᠠᠪᠴᠢᠯᠭ᠎ᠠ ᠳᠤᠮᠳᠠ ᠠᠷᠢᠭᠤᠨ ᠰᠦᠨᠡᠰᠦᠨ ᠦ ᠪᠠᠶᠠᠰᠬᠤᠯᠠᠩ ᠢᠶᠠᠷ ᠦᠭᠡ ᠶᠢ ᠬᠦᠯᠢᠶᠡᠨ ᠠᠪᠤᠭᠰᠠᠨ ᠢᠶᠠᠷ ᠢᠶᠠᠨ 7 ᠮᠠᠺᠧᠳᠣᠨᠢᠶ᠎ᠠ ᠪᠠ ᠠᠺᠠᠢᠶ᠎ᠠ ᠳᠠᠬᠢ ᠪᠦᠬᠦ ᠢᠲᠡᠭᠡᠭᠴᠢ ᠳᠤ ᠦᠯᠢᠭᠡᠷ ᠵᠢᠱᠢᠶ᠎ᠡ ᠪᠣᠯᠣᠭᠰᠠᠨ ᠶᠤᠮ᠃ 8 ᠡᠵᠡᠨ ᠦ ᠦᠭᠡ ᠲᠠ ᠨᠠᠷ ᠠᠴᠠ ᠭᠠᠷᠴᠤ ᠮᠠᠺᠧᠳᠣᠨᠢᠶ᠎ᠠ ᠪᠠ ᠠᠺᠠᠢᠶ᠎ᠠ ᠳᠤ ᠬᠦᠷᠦᠭᠰᠡᠨ ᠢᠶᠡᠷ ᠦᠯᠦ ᠪᠠᠷᠠᠮ᠂ ᠪᠤᠷᠬᠠᠨ ᠳᠤ ᠬᠠᠨᠳᠤᠭᠰᠠᠨ ᠲᠠ ᠨᠠᠷ ᠤᠨ ᠢᠲᠡᠭᠡᠯ ᠴᠤ ᠭᠠᠵᠠᠷ ᠰᠠᠢ ᠦᠭᠡᠢ ᠲᠠᠷᠬᠠᠭᠰᠠᠨ ᠲᠤᠯᠠ ᠪᠢᠳᠡ ᠡᠭᠦᠨ ᠦ ᠲᠤᠬᠠᠢ ᠢᠯᠡᠭᠦᠦ ᠶᠠᠷᠢᠬᠤ ᠴᠢᠬᠤᠯᠠ ᠦᠭᠡᠢ᠃ 9 ᠤᠴᠢᠷ ᠨᠢ ᠪᠢᠳᠡ ᠲᠠᠨ ᠤ ᠲᠡᠨᠳᠡ ᠣᠴᠢᠬᠤ ᠳᠤ ᠲᠠ ᠨᠠᠷ ᠬᠡᠷᠬᠢᠨ ᠤᠭᠳᠤᠵᠤ ᠠᠪᠤᠭᠰᠠᠨ᠂ ᠬᠠᠭᠤᠷᠮᠠᠭ ᠰᠢᠲᠦᠭᠡᠨ ᠡᠴᠡ ᠪᠤᠷᠬᠠᠨ ᠤᠷᠤᠭᠤ ᠬᠡᠷᠬᠢᠨ ᠡᠷᠭᠢᠵᠦ᠂ ᠠᠮᠢᠳᠤ ᠪᠥᠭᠡᠳ ᠦᠨᠡᠨ ᠪᠤᠷᠬᠠᠨ ᠳᠤ ᠵᠠᠷᠤᠴᠠᠯᠠᠭᠳᠠᠭᠰᠠᠨ ᠢ ᠲᠡᠳᠡ ᠶᠠᠷᠢᠵᠤ᠂ 10 ᠪᠠᠰᠠ ᠦᠬᠦᠭᠰᠡᠳ ᠦᠨ ᠳᠤᠮᠳᠠ ᠠᠴᠠ ᠠᠮᠢᠯᠠᠭᠤᠯᠤᠭᠳᠠᠭᠰᠠᠨ ᠲᠡᠭᠦᠨ ᠦ ᠬᠦᠦ ᠶᠢᠨ ᠲᠩᠷᠢ ᠡᠴᠡ ᠢᠷᠡᠬᠦ ᠶᠢ ᠬᠦᠯᠢᠶᠡᠬᠦ ᠪᠣᠯᠣᠭᠰᠠᠨ ᠢ ᠶᠠᠷᠢᠭᠰᠠᠨ ᠶᠤᠮ᠃ ᠬᠦᠦ ᠪᠣᠯ ᠢᠷᠡᠭᠡᠳᠦᠢ ᠶᠢᠨ ᠬᠢᠯᠢᠩ ᠡᠴᠡ ᠪᠢᠳᠡᠨ ᠢ ᠭᠡᠲᠦᠯᠭᠡᠬᠦ ᠢᠰᠦ᠋ᠰ ᠮᠥᠨ᠃