1 2 3 4 5


ᠨᠢᠭᠡᠳᠦᠭᠡᠷ ᠲᠧᠰᠠᠯᠦ᠋ᠨᠢᠺ ᠬᠣᠶᠠᠷ
 ᠴᠢᠭᠤᠯᠭᠠᠨ ᠪᠠᠢᠭᠤᠯᠬᠤ ᠵᠢᠳᠬᠦᠯ

1 ᠠᠬ᠎ᠠ ᠳᠡᠭᠦᠦ ᠨᠠᠷ ᠡ᠂ ᠪᠢᠳᠡ ᠲᠠᠨ ᠤ ᠲᠡᠨᠳᠡ ᠣᠴᠢᠭᠰᠠᠨ ᠨᠢ ᠲᠠᠯᠠᠭᠠᠷ ᠪᠢᠰᠢ ᠶᠢ ᠲᠠ ᠨᠠᠷ ᠮᠡᠳᠡᠨ᠎ᠡ᠃ 2 ᠲᠠ ᠨᠠᠷ ᠤᠨ ᠮᠡᠳᠡᠳᠡᠭᠴᠢᠯᠡᠨ ᠪᠢᠳᠡ ᠹᠢᠯᠢᠫᠣᠢ ᠳᠤ ᠵᠣᠪᠠᠵᠤ ᠳᠣᠷᠣᠮᠵᠢᠯᠠᠭᠳᠠᠭᠰᠠᠨ ᠤ ᠪᠠᠨ ᠳᠠᠷᠠᠭ᠎ᠠ᠂ ᠲᠠᠨ ᠤ ᠲᠡᠨᠳᠡ ᠴᠢᠩᠭ᠍᠎ᠠ ᠡᠰᠡᠷᠭᠦᠴᠡᠯ ᠦᠨ ᠳᠤᠮᠳᠠ ᠪᠤᠷᠬᠠᠨ ᠢᠶᠠᠷ ᠢᠶᠠᠨ ᠵᠣᠷᠢᠭᠵᠢᠵᠤ ᠪᠠᠶᠠᠷ ᠤᠨ ᠮᠡᠳᠡᠭᠡ ᠶᠢ ᠲᠤᠩ᠋ᠬᠠᠭᠯᠠᠭᠰᠠᠨ᠃ 3 ᠲᠡᠢᠨ ᠬᠦ ᠪᠢᠳᠡ ᠪᠤᠷᠤᠭᠤ᠂ ᠴᠡᠪᠡᠷ ᠪᠤᠰᠤ ᠪᠠ ᠵᠠᠯᠢ ᠮᠡᠬᠡ ᠪᠡᠷ ᠢᠳᠬᠠᠳᠠᠭ ᠦᠭᠡᠢ᠂ 4 ᠬᠠᠷᠢᠨ ᠪᠤᠷᠬᠠᠨ ᠤ ᠪᠢᠳᠡᠨ ᠢ ᠰᠢᠯᠭᠠᠵᠤ ᠪᠠᠶᠠᠷ ᠤᠨ ᠮᠡᠳᠡᠭᠡ ᠶᠢ ᠬᠠᠷᠢᠭᠤᠴᠠᠭᠤᠯᠤᠭᠰᠠᠨ ᠶᠣᠰᠣᠭᠠᠷ ᠢᠳᠬᠠᠳᠠᠭ᠃ ᠮᠥᠨ ᠪᠢᠳᠡ ᠬᠥᠮᠦᠨ ᠢ ᠪᠠᠶᠠᠰᠬᠠᠬᠤ ᠪᠠᠷ ᠪᠤᠰᠤ᠂ ᠬᠠᠷᠢᠨ ᠪᠢᠳᠡᠨ ᠦ ᠰᠡᠳᠬᠢᠯ ᠢ ᠰᠢᠯᠭᠠᠭᠴᠢ ᠪᠤᠷᠬᠠᠨ ᠢ ᠪᠠᠶᠠᠰᠬᠠᠬᠤ ᠪᠠᠷ ᠶᠠᠷᠢᠵᠤ ᠪᠠᠢᠳᠠᠭ᠃ 5 ᠪᠠᠰᠠ ᠲᠠ ᠨᠠᠷ ᠤᠨ ᠮᠡᠳᠡᠳᠡᠭᠴᠢᠯᠡᠨ ᠪᠢᠳᠡ ᠪᠢᠯᠳᠠᠤᠴᠢᠯᠠᠬᠤ ᠦᠭᠡ ᠬᠡᠯᠡᠭᠡ ᠦᠭᠡᠢ᠂ ᠳᠠᠯᠳᠠ ᠰᠢᠨᠤᠯ ᠶᠡᠷᠦ ᠡᠪᠦᠷᠯᠡᠭᠰᠡᠨ ᠦᠭᠡᠢ᠂ ᠪᠤᠷᠬᠠᠨ ᠭᠡᠷᠡᠴᠢ ᠪᠣᠯᠣᠨ᠎ᠠ᠃ 6 ᠪᠢᠳᠡ ᠲᠠ ᠨᠠᠷ ᠠᠴᠠ ᠪᠤᠶᠤ ᠪᠤᠰᠤᠳ ᠠᠴᠠ ᠬᠥᠮᠦᠨ ᠦ ᠬᠦᠨᠳᠦᠳᠬᠡᠯ ᠢ ᠣᠯᠣᠶ᠎ᠠ ᠭᠡᠰᠡᠨ ᠦᠭᠡᠢ᠂ 7 ᠪᠢᠳᠡ ᠾᠷᠢᠰᠲ᠋ᠣᠰ ᠤᠨ ᠰᠢᠳᠠᠷ ᠱᠠᠪᠢ ᠶᠢᠨ ᠡᠷᠬᠡ ᠪᠡᠷ ᠢᠶᠠᠨ ᠱᠠᠭᠠᠷᠳᠠᠵᠤ ᠪᠣᠯᠬᠤ ᠪᠠᠢᠭᠰᠠᠨ ᠪᠣᠯᠪᠠᠴᠤ ᠲᠠ ᠨᠠᠷ ᠤᠨ ᠳᠤᠮᠳᠠ ᠬᠡᠦᠬᠡᠳ ᠤᠳ ᠢᠶᠠᠨ ᠪᠦᠪᠡᠢᠯᠡᠳᠡᠭ ᠡᠬᠡ ᠮᠡᠲᠦ ᠡᠶᠡᠯᠳᠡᠭ ᠪᠠᠢᠪᠠ᠃ 8 ᠲᠠ ᠨᠠᠷ ᠪᠢᠳᠡᠨ ᠦ ᠬᠠᠢᠷᠠᠲᠠᠢ ᠬᠥᠮᠦᠰ ᠪᠣᠯᠬᠣᠷ ᠪᠢᠳᠡ ᠪᠠᠶᠠᠷ ᠤᠨ ᠮᠡᠳᠡᠭᠡ ᠶᠢ ᠪᠠᠢᠲᠤᠭᠠᠢ᠂ ᠠᠮᠢ ᠪᠠᠨ ᠴᠤ ᠥᠭᠬᠦ ᠳᠤᠷᠠᠲᠠᠢ ᠪᠣᠯᠲᠠᠯ᠎ᠠ ᠲᠠ ᠨᠠᠷ ᠢ ᠬᠠᠢᠷᠠᠯᠠᠭᠰᠠᠨ ᠶᠤᠮ᠃

9 ᠠᠬ᠎ᠠ ᠳᠡᠭᠦᠦ ᠨᠠᠷ ᠡ᠂ ᠲᠠ ᠨᠠᠷ ᠪᠢᠳᠡᠨ ᠦ ᠵᠦᠳᠡᠷᠡᠯ ᠪᠠ ᠵᠢᠳᠬᠦᠯ ᠢ ᠮᠠᠷᠲᠠᠭᠰᠠᠨ ᠦᠭᠡᠢ ᠪᠠᠢᠬᠤ ᠶᠣᠰᠣᠲᠠᠢ᠂ ᠲᠠ ᠨᠠᠷ ᠤᠨ ᠬᠡᠨ ᠳᠦᠨᠢ ᠴᠤ ᠲᠡᠭᠡᠭᠡᠷ᠎ᠡ ᠪᠣᠯᠬᠤ ᠦᠭᠡᠢ ᠶᠢᠨ ᠲᠤᠯᠠᠳᠠ ᠪᠢᠳᠡ ᠡᠳᠦᠷ ᠰᠥᠨᠢ ᠦᠭᠡᠢ ᠠᠵᠢᠯᠯᠠᠵᠤ᠂ ᠪᠤᠷᠬᠠᠨ ᠤ ᠪᠠᠶᠠᠷ ᠤᠨ ᠮᠡᠳᠡᠭᠡ ᠶᠢ ᠲᠠ ᠨᠠᠷ ᠲᠤ ᠤᠯᠠᠮᠵᠢᠯᠠᠭᠰᠠᠨ᠃ 10 ᠢᠲᠡᠭᠡᠭᠴᠢ ᠲᠠ ᠨᠠᠷ ᠤᠨ ᠡᠮᠦᠨ᠎ᠡ ᠪᠢᠳᠡ ᠬᠡᠴᠢᠨᠡᠨ ᠠᠷᠢᠭᠤᠬᠠᠨ᠂ ᠵᠥᠪ᠂ ᠥ ᠦᠭᠡᠢ ᠪᠠᠢᠭᠰᠠᠨ ᠢ ᠲᠠ ᠨᠠᠷ ᠪᠣᠯᠣᠨ ᠪᠤᠷᠬᠠᠨ ᠭᠡᠷᠡᠴᠢᠯᠡᠨ᠎ᠡ᠃ 11 ᠲᠠ ᠨᠠᠷ ᠤᠨ ᠮᠡᠳᠡᠳᠡᠭᠴᠢᠯᠡᠨ᠂ ᠪᠢᠳᠡ ᠲᠠ ᠨᠠᠷ ᠤᠨ ᠬᠥᠮᠦᠨ ᠨᠢᠭᠡ ᠪᠦᠷᠢ ᠳᠤ᠂ ᠡᠴᠢᠭᠡ ᠨᠢ ᠬᠡᠦᠬᠡᠳ ᠲᠡᠭᠡᠨ ᠬᠠᠨᠳᠤᠳᠠᠭ ᠤᠨ ᠠᠳᠠᠯᠢ ᠪᠠᠷ ᠬᠠᠨᠳᠤᠨ᠂ 12 ᠵᠣᠷᠢᠭᠵᠢᠭᠤᠯᠵᠤ ᠲᠠᠢᠳᠬᠤᠷᠠᠭᠤᠯᠤᠨ ᠰᠠᠨᠠᠭᠤᠯᠳᠠᠭ ᠪᠠᠢᠭᠰᠠᠨ᠃ ᠡᠨᠡ ᠨᠢ ᠥᠪᠡᠷ ᠦᠨ ᠢᠶᠠᠨ ᠬᠠᠭᠠᠨᠴᠢᠯᠠᠯ ᠪᠠ ᠠᠯᠳᠠᠷ ᠤᠷᠤᠭᠤ ᠳᠠᠭᠤᠳᠠᠭᠴᠢ ᠪᠤᠷᠬᠠᠨ ᠤ ᠡᠮᠦᠨ᠎ᠡ ᠲᠠ ᠨᠠᠷ ᠢ ᠵᠣᠬᠢᠰᠲᠠᠢ ᠠᠮᠢᠳᠤᠷᠠᠭᠠᠰᠠᠢ ᠭᠡᠰᠡᠨ ᠳᠡᠭᠡᠨ ᠶᠤᠮ᠃

13 ᠲᠠ ᠨᠠᠷ ᠪᠢᠳᠡᠨ ᠢᠶᠡᠷ ᠳᠠᠮᠵᠢᠭᠤᠯᠤᠨ ᠪᠤᠷᠬᠠᠨ ᠤ ᠦᠭᠡ ᠶᠢ ᠠᠪᠬᠤ ᠳᠠᠭᠠᠨ ᠬᠥᠮᠦᠨ ᠦ ᠦᠭᠡ ᠪᠤᠰᠤ᠂ ᠬᠠᠷᠢᠨ ᠦᠨᠡᠨ ᠪᠠᠢᠳᠠᠭ ᠢᠶᠠᠷ ᠨᠢ ᠪᠤᠷᠬᠠᠨ ᠤ ᠦᠭᠡ ᠭᠡᠵᠦ ᠬᠦᠯᠢᠶᠡᠨ ᠠᠪᠤᠭᠰᠠᠨ ᠲᠤᠯᠠ ᠪᠢᠳᠡ ᠪᠤᠷᠬᠠᠨ ᠳᠤ ᠲᠠᠰᠤᠷᠠᠯᠲᠠ ᠦᠭᠡᠢ ᠲᠠᠯᠠᠷᠬᠠᠳᠠᠭ᠃ ᠡᠨᠡ ᠦᠭᠡ ᠨᠢ ᠢᠲᠡᠭᠡᠭᠴᠢ ᠲᠠ ᠨᠠᠷ ᠤᠨ ᠳᠣᠲᠣᠷ᠎ᠠ ᠢᠳᠡᠪᠬᠢᠲᠡᠢ ᠠᠵᠢᠯᠯᠠᠵᠤ ᠪᠠᠢᠳᠠᠭ᠃ 14 ᠠᠬ᠎ᠠ ᠳᠡᠭᠦᠦ ᠨᠠᠷ ᠡ᠂ ᠲᠠ ᠨᠠᠷ ᠾᠷᠢᠰᠲ᠋ᠣᠰ ᠢᠰᠦ᠋ᠰ ᠤᠨ ᠳᠣᠲᠣᠷ᠎ᠠ᠂ ᠶᠦᠳᠠᠢ ᠳᠤ ᠪᠠᠢᠭ᠎ᠠ ᠪᠤᠷᠬᠠᠨ ᠤ ᠴᠢᠭᠤᠯᠭᠠᠨ ᠨᠤᠭᠤᠳ ᠢ ᠳᠠᠭᠤᠷᠢᠶᠠᠭᠴᠢᠳ ᠪᠣᠯᠣᠭᠰᠠᠨ᠂ ᠤᠴᠢᠷ ᠨᠢ᠂ ᠲᠡᠳᠡ ᠶᠦᠳᠠᠢᠴᠤᠳ ᠲᠤ ᠬᠠᠪᠴᠢᠭᠳᠠᠭᠰᠠᠨ ᠲᠠᠢ ᠠᠳᠠᠯᠢ ᠲᠠ ᠨᠠᠷ ᠡᠬᠡ ᠣᠷᠣᠨ ᠨᠢᠭᠡᠳᠡᠨ ᠳᠡᠭᠡᠨ ᠬᠠᠪᠴᠢᠭᠳᠠᠭᠰᠠᠨ ᠶᠤᠮ᠃ 15 ᠶᠦᠳᠠᠢᠴᠤᠳ ᠡᠵᠡᠨ ᠢᠰᠦ᠋ᠰ ᠪᠠ ᠡᠰᠢ ᠦᠵᠡᠭᠦᠯᠦᠭᠴᠢᠳ ᠢ ᠠᠯᠠᠵᠤ᠂ ᠪᠢᠳᠡᠨ ᠢ ᠬᠥᠭᠡᠭᠡᠭᠰᠡᠨ᠃ ᠲᠡᠳᠡ ᠪᠤᠷᠬᠠᠨ ᠤ ᠳᠤᠷ᠎ᠠ ᠦᠭᠡᠶᠢᠴᠡᠯ ᠢ ᠬᠦᠷᠭᠡᠵᠦ ᠪᠦᠬᠦ ᠬᠥᠮᠦᠨ ᠲᠡᠢ ᠳᠠᠢᠰᠤᠩᠨᠠᠨ᠂ 16 ᠪᠢᠳᠡᠨ ᠦ ᠬᠠᠷᠢ ᠦᠨᠳᠦᠰᠦᠲᠡᠨ ᠨᠦᠭᠦᠳ ᠢ ᠠᠪᠤᠷᠠᠬᠤ ᠶᠢᠨ ᠲᠥᠯᠥᠭᠡ ᠦᠭᠡ ᠶᠠᠷᠢᠬᠤ ᠶᠢ ᠬᠠᠷᠰᠢᠯᠠᠵᠤ ᠪᠠᠢᠨ᠎ᠠ᠃ ᠡᠢᠨ ᠬᠦ ᠲᠡᠳᠡᠨ ᠦ ᠭᠡᠮ ᠨᠢᠭᠦᠯ ᠳᠦᠭᠦᠷᠴᠦ ᠪᠤᠷᠬᠠᠨ ᠤ ᠬᠢᠯᠢᠩ ᠡᠴᠦᠰ ᠲᠡᠭᠡᠨ ᠲᠡᠳᠡᠨ ᠦ ᠳᠡᠭᠡᠷ᠎ᠡ 1 ᠪᠠᠭᠤᠯ᠎ᠠ᠃
 ᠤᠴᠠᠷᠠᠨ ᠵᠣᠯᠭᠠᠬᠤ ᠶᠢᠨ ᠲᠡᠮᠡᠦᠯᠦᠯ

17 ᠠᠬ᠎ᠠ ᠳᠡᠭᠦᠦ ᠨᠠᠷ ᠡ᠂ ᠪᠢᠳᠡ ᠲᠠ ᠨᠠᠷ ᠠᠴᠠ ᠰᠡᠳᠬᠢᠯ ᠢᠶᠠᠷ ᠪᠤᠰᠤ᠂ ᠪᠡᠶ᠎ᠡ ᠪᠡᠷ ᠢᠶᠠᠨ ᠲᠦᠷ ᠵᠠᠭᠤᠷ᠎ᠠ ᠰᠠᠯᠵᠤ ᠥᠨᠥᠴᠢᠷᠡᠭᠰᠡᠨ ᠢᠶᠡᠷ ᠨᠢᠭᠤᠷ ᠵᠣᠯᠭᠠᠬᠤ ᠶᠢ ᠶᠡᠬᠡᠳᠡ ᠬᠦᠰᠡᠵᠦ ᠮᠠᠰᠢ ᠴᠢᠷᠮᠠᠢᠭᠰᠠᠨ ᠪᠢᠯᠡ᠃ 18 ᠲᠡᠢᠮᠦ ᠡᠴᠡ ᠪᠢᠳᠡ ᠲᠠᠨ ᠤ ᠲᠡᠨᠳᠡ ᠣᠴᠢᠬᠤ ᠭᠡᠰᠡᠨ᠂ ᠫᠠᠦ᠋ᠯ ᠪᠢ ᠨᠢᠭᠡ ᠪᠢᠰᠢ ᠤᠳᠠᠭ᠎ᠠ ᠲᠡᠭᠡᠭᠰᠡᠨ ᠪᠣᠯᠪᠠᠴᠤ ᠰᠠᠲ᠋ᠠᠨ ᠪᠢᠳᠡᠨ ᠢ ᠰᠠᠭᠠᠲᠠᠭᠠᠵᠠᠢ᠃ 19 ᠪᠢᠳᠡᠨ ᠦ ᠡᠵᠡᠨ ᠢᠰᠦ᠋ᠰ ᠢᠷᠡᠬᠦ ᠳᠦ᠂ ᠲᠡᠭᠦᠨ ᠦ ᠡᠮᠦᠨᠡᠬᠢ ᠪᠢᠳᠡᠨ ᠦ ᠡᠷᠡᠮᠡᠯᠵᠡᠯ᠂ ᠪᠠᠶᠠᠰᠤᠯ ᠪᠤᠶᠤ ᠰᠠᠢᠷᠬᠠᠬᠤ ᠲᠢᠲᠢᠮ ᠨᠢ ᠶᠠᠭᠤ ᠪᠤᠢ︖ ᠲᠠ ᠨᠠᠷ ᠪᠢᠰᠢ ᠭᠡᠵᠢ ᠤᠤ︖ 20 ᠲᠠ ᠨᠠᠷ ᠪᠣᠯ ᠪᠢᠳᠡᠨ ᠦ ᠠᠯᠳᠠᠷ ᠪᠠ ᠪᠠᠶᠠᠰᠤᠯ ᠮᠥᠨ᠃