ᠨᠢᠭᠡᠳᠦᠭᠡᠷ ᠲᠧᠰᠠᠯᠦ᠋ᠨᠢᠺ ᠭᠤᠷᠪᠠ
1 ᠲᠡᠢᠮᠦ ᠡᠴᠡ ᠪᠢᠳᠡ ᠲᠡᠰᠴᠦ ᠶᠠᠳᠠᠭᠠᠳ ᠥᠪᠡᠷᠰᠡᠳ ᠢᠶᠡᠨ ᠯᠠ ᠠᠲ᠋ᠧᠨ ᠳᠤ ᠦᠯᠡᠳᠡᠬᠦ ᠪᠡᠷ ᠰᠢᠢᠳᠴᠦ᠂ 2 ᠪᠢᠳᠡᠨ ᠦ ᠳᠡᠭᠦᠦ ᠪᠥᠭᠡᠳ ᠾᠷᠢᠰᠲ᠋ᠣᠰ ᠤᠨ ᠪᠠᠶᠠᠷ ᠤᠨ ᠮᠡᠳᠡᠭᠡᠨ ᠦ ᠲᠥᠯᠥᠭᠡ ᠪᠤᠷᠬᠠᠨ ᠤ ᠬᠠᠮᠲᠤ ᠠᠵᠢᠯᠯᠠᠭᠴᠢ ᠲᠢᠮᠣᠲ ᠢ ᠢᠯᠡᠭᠡᠪᠡ᠃ ᠢᠩᠭᠢᠭᠰᠡᠨ ᠨᠢ ᠲᠠ ᠨᠠᠷ ᠢ ᠵᠣᠷᠢᠭᠵᠢᠭᠤᠯᠵᠤ ᠢᠲᠡᠭᠡᠯ ᠢ ᠴᠢᠨᠢ ᠪᠠᠲᠤᠵᠢᠭᠤᠯᠤᠭᠠᠰᠠᠢ᠂ 3 ᠡᠢᠮᠦᠷᠬᠦ ᠵᠣᠪᠠᠯᠠᠩ ᠤᠨ ᠦᠶ᠎ᠡ ᠳᠦ ᠲᠠ ᠨᠠᠷ ᠤᠨ ᠬᠡᠨ ᠨᠢ ᠴᠤ ᠪᠦᠦ ᠭᠤᠢᠪᠢᠯᠵᠠᠭᠠᠰᠠᠢ ᠭᠡᠰᠡᠨ ᠳᠡᠭᠡᠨ ᠶᠤᠮ᠃ ᠪᠢᠳᠡ ᠡᠢᠮᠦᠷᠬᠦ ᠲᠠᠪᠢᠯᠠᠩ ᠲᠠᠢ ᠪᠠᠢᠳᠠᠭ ᠢ ᠲᠠ ᠨᠠᠷ ᠮᠡᠳᠡᠨ᠎ᠡ᠃ 4 ᠤᠳᠠᠬᠤ ᠦᠭᠡᠢ ᠬᠠᠪᠴᠢᠭᠳᠠᠬᠤ ᠪᠣᠯᠣᠨ᠎ᠠ ᠭᠡᠵᠦ ᠪᠢᠳᠡ ᠲᠠᠨ ᠤ ᠲᠡᠨᠳᠡ ᠪᠠᠢᠬᠤ ᠳᠠᠭᠠᠨ ᠲᠠ ᠨᠠᠷ ᠲᠤ ᠤᠷᠢᠳᠴᠢᠯᠠᠨ ᠬᠡᠯᠡᠳᠡᠭ ᠪᠠᠢᠭᠰᠠᠨ ᠪᠥᠭᠡᠳ ᠦᠨᠡᠬᠡᠷ ᠪᠢᠳᠡᠨ ᠦ ᠬᠡᠯᠡᠭᠰᠡᠨ ᠶᠣᠰᠣᠭᠠᠷ ᠪᠣᠯᠣᠭᠰᠠᠨ ᠢ ᠲᠠ ᠨᠠᠷ ᠮᠡᠳᠡᠨ᠎ᠡ᠃ 5 ᠡᠢᠮᠦ ᠡᠴᠡ ᠪᠢ ᠲᠠ ᠨᠠᠷ ᠤᠨ ᠢᠲᠡᠭᠡᠯ ᠦᠨ ᠪᠠᠢᠳᠠᠯ ᠢ ᠮᠡᠳᠡᠬᠦ ᠭᠡᠵᠦ ᠲᠡᠰᠴᠦ ᠶᠠᠳᠠᠨ ᠲᠢᠮᠣᠲ ᠢ ᠢᠯᠡᠭᠡᠪᠡ᠃ ᠢᠩᠭᠢᠭᠰᠡᠨ ᠨᠢ ᠲᠡᠩᠰᠡᠭᠴᠢ ᠨᠢᠭᠡᠨ ᠨᠢ ᠲᠠ ᠨᠠᠷ ᠢ ᠶᠠᠩᠵᠤ ᠶᠠᠩᠵᠤ ᠪᠠᠷ ᠲᠡᠩᠰᠡᠭᠡᠳ ᠪᠢᠳᠡᠨ ᠦ ᠵᠦᠳᠡᠷᠡᠯ ᠢ ᠲᠠᠯᠠᠭᠠᠷ ᠪᠣᠯᠭᠠᠴᠢᠬᠠᠬᠤ ᠪᠣᠯᠣᠭᠤᠵᠠᠢ ᠭᠡᠰᠡᠨ ᠳᠡᠭᠡᠨ ᠶᠤᠮ᠃
ᠤᠷᠮ᠎ᠠ ᠬᠠᠢᠷᠠᠯᠠᠭᠰᠠᠨ ᠰᠤᠷᠠᠭ
6 ᠬᠠᠷᠢᠨ ᠲᠢᠮᠣᠲ ᠡᠳᠦᠭᠡ ᠲᠠᠨ ᠤ ᠲᠡᠨᠳᠡ ᠡᠴᠡ ᠮᠠᠨ ᠤ ᠡ᠊ᠨᠳᠡ ᠢᠷᠡᠵᠦ᠂ ᠲᠠ ᠨᠠᠷ ᠤᠨ ᠢᠲᠡᠭᠡᠯ ᠪᠠ ᠬᠠᠢᠷ᠎ᠠ ᠶᠢᠨ ᠰᠠᠢᠨ ᠴᠢᠮᠡᠭᠡ ᠶᠢ ᠪᠢᠳᠡᠨ ᠳᠦ ᠰᠣᠨᠣᠰᠬᠠᠨ ᠲᠠ ᠨᠠᠷ ᠪᠢᠳᠡᠨ ᠦ ᠲᠠᠯ᠎ᠠ ᠪᠠᠷ ᠦᠷᠭᠦᠯᠵᠢ ᠰᠠᠢᠬᠠᠨ ᠰᠡᠳᠬᠢᠭᠳᠡᠯ ᠲᠡᠢ ᠪᠠᠢᠳᠠᠭ ᠢ᠂ ᠪᠠᠰᠠ ᠪᠢᠳᠡ ᠲᠠ ᠨᠠᠷ ᠲᠠᠢ ᠠᠭᠤᠯᠵᠠᠬᠤ ᠶᠢ ᠬᠦᠰᠡᠳᠡᠭ ᠰᠢᠭ ᠪᠢᠳᠡᠨ ᠲᠡᠢ ᠠᠭᠤᠯᠵᠠᠬᠤ ᠶᠢ ᠬᠦᠰᠡᠵᠦ ᠪᠠᠢᠳᠠᠭ ᠭᠡᠵᠦ ᠬᠡᠯᠡᠪᠡ᠃ 7 ᠠᠬ᠎ᠠ ᠳᠡᠭᠦᠦ ᠨᠠᠷ ᠮᠢᠨᠢ᠂ ᠪᠢᠳᠡ ᠪᠦᠬᠦ ᠵᠣᠪᠠᠭᠤᠷᠢ ᠵᠦᠳᠡᠭᠦᠷᠢ ᠶᠢᠨ ᠳᠤᠮᠳᠠ ᠲᠠ ᠨᠠᠷ ᠤᠨ ᠢᠲᠡᠭᠡᠯ ᠦᠨ ᠠᠴᠢ ᠪᠠᠷ ᠲᠠᠢᠳᠬᠤᠷᠠᠭᠰᠠᠨ᠃ 8 ᠲᠠ ᠨᠠᠷ ᠡᠵᠡᠨ ᠦ ᠳᠣᠲᠣᠷ᠎ᠠ ᠪᠠᠲᠤ ᠵᠣᠭᠰᠣᠵᠤ ᠪᠠᠢᠭ᠎ᠠ ᠲᠤᠯᠠ ᠪᠢᠳᠡ ᠣᠳᠣ ᠰᠡᠷᠭᠦᠵᠦ ᠪᠠᠢᠨ᠎ᠠ᠃ 9 ᠪᠢᠳᠡ ᠪᠤᠷᠬᠠᠨ ᠤ ᠪᠠᠨ ᠡᠮᠦᠨ᠎ᠡ ᠲᠠ ᠨᠠᠷ ᠠᠴᠠ ᠪᠣᠯᠵᠤ ᠠᠮᠰᠠᠵᠤ ᠪᠠᠢᠭ᠎ᠠ ᠠᠯᠢᠪᠠ ᠪᠠᠶᠠᠰᠬᠤᠯᠠᠩ ᠤᠨ ᠢᠶᠠᠨ ᠬᠠᠷᠢᠭᠤ ᠳᠤ᠂ ᠲᠠ ᠨᠠᠷ ᠤᠨ ᠡᠮᠦᠨ᠎ᠡ ᠡᠴᠡ ᠪᠤᠷᠬᠠᠨ ᠳᠤ ᠶᠠᠮᠠᠷ ᠲᠠᠯᠠᠷᠬᠠᠯ ᠢ ᠡᠷᠭᠦᠵᠦ ᠴᠢᠳᠠᠬᠤ ᠪᠢᠯᠡ︕ 10 ᠲᠠ ᠨᠠᠷ ᠲᠠᠢ ᠨᠢᠭᠤᠷᠲᠠᠨ ᠠᠭᠤᠯᠵᠠᠭᠠᠰᠠᠢ᠂ ᠲᠠ ᠨᠠᠷ ᠤᠨ ᠢᠲᠡᠭᠡᠯ ᠦᠨ ᠳᠤᠲᠠᠭᠳᠠᠯ ᠨᠥᠬᠥᠭᠳᠡᠭᠡᠰᠡᠢ ᠬᠡᠮᠡᠨ ᠪᠢᠳᠡ ᠡᠳᠦᠷ ᠰᠥᠨᠢ ᠦᠭᠡᠢ ᠮᠠᠰᠢ ᠬᠢᠴᠢᠶᠡᠩᠭᠦᠢᠯᠡᠨ ᠳᠠᠭᠠᠳᠬᠠᠵᠤ ᠪᠠᠢᠨ᠎ᠠ᠃
11 ᠪᠢᠳᠡᠨ ᠦ ᠡᠴᠢᠭᠡ ᠪᠤᠷᠬᠠᠨ ᠪᠠ ᠪᠢᠳᠡᠨ ᠦ ᠡᠵᠡᠨ ᠢᠰᠦ᠋ᠰ ᠲᠠ ᠨᠠᠷ ᠤᠷᠤᠭᠤ ᠣᠴᠢᠬᠤ ᠵᠠᠮ ᠢ ᠮᠢᠨᠢ ᠰᠢᠯᠤᠭᠤᠳᠬᠠᠬᠤ ᠪᠣᠯᠲᠤᠭᠠᠢ᠃ 12 ᠪᠠᠰᠠ ᠡᠵᠡᠨ ᠲᠠ ᠨᠠᠷ ᠢ ᠬᠠᠢᠷ᠎ᠠ ᠪᠠᠷ ᠡᠯᠪᠡᠭᠵᠢᠬᠦᠯᠦᠨ ᠳᠦᠭᠦᠷᠭᠡᠵᠦ ᠪᠢᠳᠡ ᠲᠠ ᠨᠠᠷ ᠢ ᠬᠠᠢᠷᠠᠯᠠᠳᠠᠭ ᠰᠢᠭ᠋ ᠲᠠ ᠨᠠᠷ ᠴᠤ ᠪᠡᠶ᠎ᠡ ᠪᠡᠶ᠎ᠡ ᠪᠡᠨ ᠬᠠᠢᠷᠠᠯᠠᠵᠤ᠂ ᠬᠥᠮᠦᠨ ᠪᠦᠬᠦᠨ ᠢ ᠬᠠᠢᠷᠠᠯᠠᠬᠤ ᠪᠣᠯᠲᠤᠭᠠᠢ᠂ 13 ᠡᠢᠨ ᠬᠦ ᠲᠠ ᠨᠠᠷ ᠤᠨ ᠰᠡᠳᠬᠢᠯ ᠪᠠᠲᠤᠵᠢᠵᠤ᠂ ᠪᠢᠳᠡᠨ ᠦ ᠡᠵᠡᠨ ᠢᠰᠦ᠋ᠰ ᠠᠷᠢᠭᠤᠨ ᠪᠦᠭᠦᠳᠡ ᠲᠠᠢ ᠪᠠᠨ ᠢᠷᠡᠬᠦ ᠦᠶ᠎ᠡ ᠳᠦ᠂ ᠲᠠ ᠨᠠᠷ ᠪᠢᠳᠡᠨ ᠦ ᠡᠴᠢᠭᠡ ᠪᠤᠷᠬᠠᠨ ᠤ ᠡᠮᠦᠨ᠎ᠡ ᠥ ᠦᠭᠡᠢ ᠠᠷᠢᠭᠤᠨ ᠪᠣᠯᠬᠤ ᠪᠣᠯᠲᠤᠭᠠᠢ᠃