1 2 3 4 5


ᠨᠢᠭᠡᠳᠦᠭᠡᠷ ᠲᠧᠰᠠᠯᠦ᠋ᠨᠢᠺ ᠳᠥᠷᠪᠡ
 ᠠᠷᠢᠭᠤᠨ ᠪᠠᠢᠳᠠᠯ ᠪᠠ ᠬᠠᠢᠷ᠎ᠠ

1 ᠠᠬ᠎ᠠ ᠳᠡᠭᠦᠦ ᠨᠠᠷ ᠡ᠂ ᠪᠢᠳᠡ ᠡᠵᠡᠨ ᠢᠰᠦ᠋ᠰ ᠤᠨ ᠳᠣᠲᠣᠷ᠎ᠠ ᠭᠤᠶᠤᠵᠤ ᠢᠳᠬᠠᠶ᠎ᠠ᠃ ᠬᠡᠷᠬᠢᠨ ᠠᠮᠢᠳᠤᠷᠠᠵᠤ ᠪᠤᠷᠬᠠᠨ ᠢ ᠪᠠᠶᠠᠰᠬᠠᠬᠤ ᠶᠣᠰᠣᠲᠠᠢ ᠶᠢ ᠲᠠ ᠨᠠᠷ ᠪᠢᠳᠡᠨ ᠡᠴᠡ ᠰᠤᠷᠤᠭᠰᠠᠨ ᠪᠥᠭᠡᠳ ᠲᠡᠷᠡ ᠶᠣᠰᠣᠭᠠᠷ ᠠᠮᠢᠳᠤᠷᠠᠵᠤ ᠪᠠᠢᠭ᠎ᠠ ᠲᠤᠯᠠ ᠨᠡᠩ ᠢᠯᠡᠭᠦᠦ ᠲᠡᠷᠡ ᠶᠣᠰᠣᠭᠠᠷ ᠠᠮᠢᠳᠤᠷᠠ᠃ 2 ᠤᠴᠢᠷ ᠨᠢ᠂ ᠡᠵᠡᠨ ᠢᠰᠦ᠋ᠰ ᠤᠨ ᠡᠮᠦᠨ᠎ᠡ ᠡᠴᠡ ᠪᠢᠳᠡ ᠲᠠ ᠨᠠᠷ ᠲᠤ ᠶᠠᠮᠠᠷ ᠵᠠᠷᠯᠢᠭ ᠤᠳ ᠥᠭᠭᠥᠭᠰᠡᠨ ᠢ ᠲᠠ ᠨᠠᠷ ᠮᠡᠳᠡᠨ᠎ᠡ᠃ 3 ᠪᠤᠷᠬᠠᠨ ᠤ ᠰᠠᠨᠠᠭ᠎ᠠ ᠪᠣᠯ᠄ ᠲᠠ ᠨᠠᠷ ᠤᠨ ᠠᠷᠢᠭᠤᠨ ᠪᠠᠢᠳᠠᠯ᠂ ᠲᠤᠬᠠᠢᠯᠠᠪᠠᠯ ᠰᠠᠳᠤᠷ ᠰᠠᠮᠠᠭᠤᠨ ᠠᠴᠠ ᠵᠠᠢᠳᠠᠬᠤ᠂ 4 ᠬᠥᠮᠦᠨ ᠪᠦᠷᠢ ᠪᠡᠶ᠎ᠡ ᠪᠡᠨ ᠠᠷᠢᠭᠤᠨ ᠪᠠ ᠬᠦᠨᠳᠦᠯᠡᠯ ᠲᠡᠢ ᠪᠠᠢᠯᠭᠠᠬᠤ 2 5 (ᠪᠤᠷᠬᠠᠨ ᠢ ᠲᠠᠨᠢᠳᠠᠭ ᠦᠭᠡᠢ ᠬᠠᠷᠢᠴᠤᠳ ᠮᠡᠲᠦ ᠰᠢᠨᠤᠨ ᠲᠠᠴᠢᠶᠠᠬᠤ ᠦᠭᠡᠢ ᠪᠠᠷ)᠂ 6 ᠪᠠᠰᠠ ᠬᠡᠨ ᠴᠤ ᠡᠨᠡ ᠲᠠᠯ᠎ᠠ ᠪᠠᠷ ᠦᠯᠦ ᠭᠠᠵᠢᠬᠤ᠂ ᠠᠬ᠎ᠠ ᠳᠡᠭᠦᠦ᠂ ᠡᠰᠡᠪᠡᠯ ᠡᠭᠡᠴᠢ ᠳᠡᠭᠦᠦ ᠪᠡᠨ ᠦᠯᠦ ᠠᠰᠢᠭᠯᠠᠬᠤ (ᠤᠴᠢᠷ ᠨᠢ ᠪᠢᠳᠡᠨ ᠦ ᠤᠷᠢᠳᠴᠢᠯᠠᠨ ᠬᠡᠯᠡᠵᠦ ᠠᠩ᠋ᠬᠠᠷᠤᠭᠤᠯᠤᠭᠰᠠᠨ ᠶᠣᠰᠣᠭᠠᠷ ᠡᠵᠡᠨ ᠡᠳᠡᠭᠡᠷ ᠶᠠᠪᠤᠳᠠᠯ ᠢ ᠰᠢᠳᠬᠡᠨ᠎ᠡ) ᠵᠡᠷᠭᠡ ᠶᠤᠮ᠃ 7 ᠤᠴᠢᠷ ᠨᠢ᠂ ᠪᠤᠷᠬᠠᠨ ᠪᠢᠳᠡᠨ ᠢ ᠪᠤᠵᠠᠷ ᠪᠠᠢᠳᠠᠯ ᠳᠤ ᠪᠤᠰᠤ᠂ ᠬᠠᠷᠢᠨ ᠠᠷᠢᠭᠤᠨ ᠳᠤ ᠳᠠᠭᠤᠳᠠᠭᠰᠠᠨ ᠪᠢᠯᠡ᠃ 8 ᠲᠡᠢᠮᠦ ᠶᠢᠨ ᠲᠤᠯᠠᠳᠠ ᠡᠨᠡ ᠵᠠᠷᠯᠢᠭ ᠢ ᠣᠭᠣᠷᠣᠭᠴᠢ ᠨᠢ ᠬᠥᠮᠦᠨ ᠢ ᠣᠭᠣᠷᠴᠤ ᠪᠠᠢᠭ᠎ᠠ ᠪᠤᠰᠤ᠂ ᠬᠠᠷᠢᠨ ᠠᠷᠢᠭᠤᠨ ᠰᠦᠨᠡᠰᠦ ᠪᠡᠨ ᠰᠣᠶᠣᠷᠬᠠᠳᠠᠭ ᠪᠤᠷᠬᠠᠨ ᠢ ᠣᠭᠣᠷᠴᠤ ᠪᠠᠢᠭ᠎ᠠ ᠶᠤᠮ᠃

9 ᠠᠬ᠎ᠠ ᠳᠡᠭᠦᠦ ᠨᠠᠷ ᠤᠨ ᠬᠠᠢᠷ᠎ᠠ ᠶᠢᠨ ᠲᠠᠯ᠎ᠠ ᠪᠠᠷ ᠲᠠ ᠨᠠᠷ ᠲᠤ ᠪᠢᠴᠢᠬᠦ ᠬᠡᠷᠡᠭ ᠦᠭᠡᠢ ᠪᠠᠢᠨ᠎ᠠ᠃ ᠤᠴᠢᠷ ᠨᠢ᠂ ᠪᠡᠶ᠎ᠡ ᠪᠡᠶ᠎ᠡ ᠪᠡᠨ ᠬᠠᠢᠷᠠᠯᠠᠬᠤ ᠶᠢ ᠲᠠ ᠨᠠᠷ ᠪᠤᠷᠬᠠᠨ ᠢᠶᠠᠷ ᠵᠢᠭᠠᠯᠭᠠᠭᠰᠠᠨ ᠪᠥᠭᠡᠳ 10 ᠪᠦᠬᠦ ᠮᠠᠺᠧᠳᠣᠨᠢᠶ᠎ᠠ ᠶᠢᠨ ᠪᠦᠬᠦ ᠠᠬ᠎ᠠ ᠳᠡᠭᠦᠦ ᠶᠢᠨ ᠳᠤᠮᠳᠠ ᠦᠨᠡᠨ ᠳᠡᠭᠡᠨ ᠲᠡᠢᠨ ᠬᠦ ᠬᠢᠵᠦ ᠪᠠᠢᠨ᠎ᠠ᠃ ᠭᠡᠪᠡᠴᠦ ᠠᠬ᠎ᠠ ᠳᠡᠭᠦᠦ ᠨᠠᠷ ᠡ᠂ ᠲᠠ ᠨᠠᠷ ᠢ ᠢᠳᠬᠠᠶ᠎ᠠ᠂ ᠢᠯᠡᠭᠦᠦ ᠲᠡᠭᠡᠵᠦ ᠬᠢ᠃ 11 ᠪᠠᠰᠠ ᠪᠢᠳᠡᠨ ᠦ ᠵᠠᠬᠢᠭᠰᠠᠨ ᠶᠣᠰᠣᠭᠠᠷ ᠬᠥᠮᠦᠨ ᠪᠦᠷᠢ ᠲᠠᠢᠪᠤᠩ ᠠᠮᠢᠳᠤᠷᠠᠵᠤ᠂ ᠥᠪᠡᠷ ᠦᠨ ᠢᠶᠠᠨ ᠬᠡᠷᠡᠭ ᠲᠦ ᠰᠠᠨᠠᠭ᠎ᠠ ᠲᠠᠯᠪᠢᠨ ᠥᠪᠡᠷ ᠦᠨ ᠭᠠᠷ ᠢᠶᠠᠷ ᠢᠶᠠᠨ ᠠᠵᠢᠯᠯᠠᠬᠤ ᠪᠠᠷ ᠴᠢᠷᠮᠠᠢ᠃ 12 ᠲᠡᠭᠡᠪᠡᠯ ᠲᠠ ᠨᠠᠷ ᠭᠠᠳᠠᠨ᠎ᠠ ᠶᠢᠨ ᠬᠥᠮᠦᠰ ᠲᠦ ᠬᠦᠨᠳᠦᠳᠬᠡᠭᠳᠡᠨ ᠠᠮᠢᠳᠤᠷᠠᠬᠤ ᠪᠥᠭᠡᠳ ᠬᠡᠨ ᠳᠦ ᠴᠤ ᠲᠡᠭᠡᠭᠡᠷ᠎ᠡ ᠪᠣᠯᠬᠤ ᠦᠭᠡᠢ᠃
 ᠠᠮᠢᠯᠠᠯᠲᠠ

13 ᠠᠬ᠎ᠠ ᠳᠡᠭᠦᠦ ᠨᠠᠷ ᠡ᠂ ᠲᠠ ᠨᠠᠷ ᠨᠣᠢᠷᠰᠣᠭᠰᠠᠨ ᠬᠥᠮᠦᠰ ᠦᠨ ᠲᠠᠯ᠎ᠠ ᠪᠠᠷ ᠦᠯᠦ ᠮᠡᠳᠡᠬᠦ ᠪᠠ ᠡᠷᠡᠮᠡᠯᠵᠡᠯ ᠦᠭᠡᠢ ᠲᠡᠳᠡᠭᠡᠷ ᠬᠥᠮᠦᠨ ᠮᠡᠲᠦ ᠭᠠᠰᠢᠭᠤᠳᠠᠬᠤ ᠶᠢ ᠴᠢᠨᠢ ᠪᠢᠳᠡ ᠬᠦᠰᠡᠬᠦ ᠦᠭᠡᠢ᠃ 14 ᠪᠢᠳᠡ ᠢᠰᠦ᠋ᠰ ᠤᠨ ᠨᠠᠰᠤ ᠪᠠᠷᠠᠵᠤ ᠠᠮᠢᠯᠠᠭᠰᠠᠨ ᠢ ᠢᠲᠡᠭᠡᠳᠡᠭ᠃ ᠮᠥᠨ ᠪᠤᠷᠬᠠᠨ ᠪᠡᠷ ᠢᠰᠦ᠋ᠰ ᠤᠨ ᠳᠣᠲᠣᠷ᠎ᠠ ᠨᠣᠢᠷᠰᠣᠭᠰᠠᠳ ᠢ ᠢᠰᠦ᠋ᠰ ᠲᠠᠢ ᠬᠠᠮᠲᠤ ᠠᠪᠴᠢᠷᠠᠨ᠎ᠠ ᠭᠡᠳᠡᠭ ᠢ ᠢᠲᠡᠭᠡᠳᠡᠭ᠃ 15 ᠪᠢᠳᠡ ᠡᠵᠡᠨ ᠦ ᠦᠭᠡ ᠪᠡᠷ ᠲᠠ ᠨᠠᠷ ᠲᠤ ᠬᠡᠯᠡᠶ᠎ᠡ᠄ ᠡᠵᠡᠨ ᠢᠷᠡᠲᠡᠯ᠎ᠡ ᠠᠮᠢᠳᠤ ᠪᠠᠷ ᠦᠯᠡᠳᠡᠭᠴᠢᠳ ᠮᠠᠨᠢ ᠨᠣᠢᠷᠰᠣᠭᠰᠠᠳ ᠠᠴᠠ ᠬᠡᠷᠬᠢᠪᠡᠴᠦ ᠲᠦᠷᠦᠭᠦᠯᠡᠬᠦ ᠦᠭᠡᠢ᠃ 16 ᠤᠴᠢᠷ ᠨᠢ᠂ ᠵᠠᠷᠯᠢᠭ ᠤᠨ ᠬᠠᠰᠬᠢᠷᠤᠯᠲᠠ᠂ ᠲᠩᠷᠢ ᠶᠢᠨ ᠲᠡᠷᠢᠭᠦᠨ ᠡᠯᠴᠢ ᠶᠢᠨ ᠳᠠᠭᠤᠳᠠᠯᠲᠠ ᠪᠠ ᠪᠤᠷᠬᠠᠨ ᠤ ᠪᠦᠷᠢᠶᠡᠨ ᠳᠠᠭᠤᠨ ᠤ ᠬᠠᠮᠲᠤ ᠡᠵᠡᠨ ᠥᠪᠡᠷ ᠢᠶᠡᠨ ᠲᠩᠷᠢ ᠡᠴᠡ ᠪᠠᠭᠤᠵᠤ ᠢᠷᠡᠬᠦ ᠳᠦ᠂ ᠢᠰᠦ᠋ᠰ ᠤᠨ ᠳᠣᠲᠣᠷ᠎ᠠ ᠦᠬᠦᠭᠰᠡᠳ ᠲᠦᠷᠦᠭᠦᠨ ᠳᠦᠨᠢ ᠪᠣᠰᠴᠤ᠂ 17 ᠳᠠᠷᠠᠭ᠎ᠠ ᠨᠢ᠂ ᠠᠮᠢᠳᠤ ᠦᠯᠡᠳᠡᠭᠴᠢᠳ ᠮᠠᠨᠢ ᠲᠡᠳᠡᠨ ᠲᠡᠢ ᠬᠠᠮᠲᠤ ᠡᠭᠦᠯᠡᠰ ᠦᠨ ᠳᠣᠲᠣᠷ᠎ᠠ ᠠᠪᠠᠴᠢᠭᠳᠠᠵᠤ᠂ ᠣᠭᠲᠠᠷᠭᠤᠢ ᠳᠤ ᠡᠵᠡᠨ ᠳᠦ ᠪᠠᠷᠠᠭᠠᠯᠬᠠᠨ᠎ᠠ᠃ ᠢᠩᠭᠢᠭᠡᠳ ᠪᠢᠳᠡ ᠡᠵᠡᠨ ᠲᠡᠢ ᠦᠷᠭᠦᠯᠵᠢᠳᠡ ᠬᠠᠮᠲᠤ ᠪᠠᠢᠬᠤ ᠪᠣᠯᠣᠨ᠎ᠠ᠃ 18 ᠲᠡᠢᠮᠦ ᠡᠴᠡ ᠡᠨᠡ ᠦᠭᠡ ᠪᠡᠷ ᠪᠡᠶ᠎ᠡ ᠪᠡᠶ᠎ᠡ ᠪᠡᠨ ᠲᠠᠢᠳᠬᠤᠷᠠᠭᠤᠯᠵᠠᠭ᠎ᠠ᠃