1 2 3 4 5 6 7 8 9 10 11 12 13 14


ᠽᠧᠺᠠᠷᠢᠶ᠎ᠠ ᠨᠢᠭᠡ
 ᠡᠵᠡᠨ ᠤᠷᠤᠭᠤ ᠡᠷᠭᠢ

1 ᠳ᠋ᠠᠷᠢᠶᠦ᠋ ᠬᠠᠭᠠᠨ ᠤ ᠬᠣᠶᠠᠳᠠᠬᠢ ᠵᠢᠯ ᠤᠨ ᠨᠠᠢ᠌ᠮᠠᠳᠤᠭᠠᠷ ᠰᠠᠷ᠎ᠠ ᠳᠤ᠂ ᠶᠣᠬᠣᠸᠠ ᠶᠢᠨ ᠦᠭᠡ ᠢᠳᠣ᠋ ᠶᠢᠨ ᠠᠴᠢ᠂ ᠪᠧᠷᠧᠺᠢᠶ᠎ᠠ ᠶᠢᠨ ᠬᠥᠪᠡᠭᠦᠨ᠂ ᠡᠰᠢ ᠦᠵᠡᠭᠦᠯᠦᠭᠴᠢ ᠽᠧᠺᠠᠷᠢᠶ᠎ᠠ ᠳᠤ ᠢᠷᠡᠪᠡ᠄ 2 《ᠶᠣᠬᠣᠸᠠ ᠲᠠ ᠨᠠᠷ ᠤᠨ ᠡᠴᠢᠭᠡ ᠡᠪᠦᠭᠡᠳ ᠲᠦ ᠶᠡᠬᠡᠳᠡ ᠬᠢᠯᠢᠩᠨᠡᠭᠰᠡᠨ᠃ 3 ᠲᠡᠢᠮᠦ ᠡᠴᠡ ᠴᠢ ᠠᠷᠠᠳ ᠲᠦᠮᠡᠨ ᠳᠦ ᠶᠠᠷᠢ᠂ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠨᠠᠳᠠ ᠤᠷᠤᠭᠤ ᠡᠷᠭᠢᠵᠡᠭᠡ᠂ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ ᠲᠡᠭᠡᠪᠡᠯ ᠪᠢ ᠲᠠ ᠨᠠᠷ ᠤᠷᠤᠭᠤ ᠡᠷᠭᠢᠨ᠎ᠡ᠂ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃〉 4 ᠲᠠ ᠨᠠᠷ ᠡᠴᠢᠭᠡ ᠡᠪᠦᠭᠡᠳ ᠢᠶᠡᠨ ᠪᠦᠦ ᠳᠠᠭᠤᠷᠢᠶᠠ᠂ ᠡᠷᠲᠡᠨ ᠦ ᠡᠰᠢ ᠦᠵᠡᠭᠦᠯᠦᠭᠴᠢᠳ ᠲᠡᠳᠡᠨ ᠳᠦ ᠲᠤᠩ᠋ᠬᠠᠭᠯᠠᠨ᠄ 〈ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ ᠣᠳᠣ ᠲᠠ ᠨᠠᠷ ᠮᠠᠭᠤ ᠵᠠᠮ᠂ ᠮᠠᠭᠤ ᠦᠢᠯᠡᠰ ᠡᠴᠡ ᠪᠡᠨ ᠡᠷᠭᠢᠭᠲᠦᠨ〉 ᠭᠡᠵᠦ ᠬᠡᠯᠡᠭᠰᠡᠨ ᠪᠣᠯᠪᠠᠴᠤ ᠲᠡᠳᠡ ᠮᠢᠨᠦᠬᠢ ᠶᠢ ᠰᠣᠨᠣᠰᠣᠭ᠎ᠠ ᠦᠭᠡᠢ᠂ ᠠᠩ᠋ᠬᠠᠷᠤᠭ᠎ᠠ ᠦᠭᠡᠢ᠂ ᠶᠣᠬᠣᠸᠠ ᠠᠢᠯᠠᠳᠴᠤ ᠪᠠᠢᠨ᠎ᠠ᠃ 5 ᠲᠠᠨ ᠤ ᠡᠴᠢᠭᠡ ᠡᠪᠦᠭᠡᠳ ᠣᠳᠣ ᠬᠠᠮᠢᠭ᠎ᠠ ᠪᠠᠢᠨ᠎ᠠ ᠪᠤᠢ︖ ᠲᠡᠳᠡᠭᠡᠷ ᠡᠰᠢ ᠦᠵᠡᠭᠦᠯᠦᠭᠴᠢᠳ ᠠᠮᠢᠳᠤ ᠪᠠᠢᠭᠰᠠᠭᠠᠷ ᠭᠡᠵᠢ ᠤᠤ︖ 6 ᠬᠠᠷᠢᠨ ᠵᠠᠷᠤᠴᠠ ᠡᠰᠢ ᠦᠵᠡᠭᠦᠯᠦᠭᠴᠢᠳ ᠲᠡᠭᠡᠨ ᠲᠤᠰᠢᠶᠠᠭᠰᠠᠨ ᠦᠭᠡᠰ ᠪᠠ ᠲᠣᠭᠲᠠᠭᠠᠯ ᠤᠳ ᠮᠢᠨᠢ ᠲᠠ ᠨᠠᠷ ᠤᠨ ᠡᠴᠢᠭᠡ ᠡᠪᠦᠭᠡᠳ ᠳᠡᠭᠡᠷ᠎ᠡ ᠪᠡᠶᠡᠯᠡᠭᠰᠡᠨ ᠲᠤᠯᠠ ᠬᠣᠵᠢᠮ ᠨᠢ ᠲᠡᠳᠡ ᠭᠡᠮᠰᠢᠨ᠄ 〈ᠠᠤᠭ᠎ᠠ ᠬᠦᠴᠦᠲᠦ ᠶᠣᠬᠣᠸᠠ ᠰᠢᠢᠳᠦᠭᠰᠡᠨ ᠶᠣᠰᠣᠭᠠᠷ ᠢᠶᠠᠨ ᠪᠢᠳᠡᠨ ᠦ ᠦᠢᠯᠡᠰ ᠮᠥᠷ ᠦᠨ ᠳᠠᠭᠠᠤ ᠪᠢᠳᠡᠨ ᠳᠦ ᠬᠠᠷᠢᠭᠤᠯᠵᠠᠢ〉 ᠭᠡᠵᠡᠭᠡᠭᠰᠡᠨ ᠪᠢᠯᠡ᠃》
 ᠠᠩ᠋ᠬᠠᠨ ᠤ ᠬᠣᠶᠠᠷ ᠦᠵᠡᠭᠳᠡᠯ

7 ᠳ᠋ᠠᠷᠢᠶᠦ᠋ ᠬᠠᠭᠠᠨ ᠤ ᠬᠣᠶᠠᠳᠠᠬᠢ ᠵᠢᠯ ᠤᠨ ᠱᠧᠪᠠᠲ ᠰᠠᠷ᠎ᠠ᠂ ᠠᠷᠪᠠᠨ ᠨᠢᠭᠡᠳᠦᠭᠡᠷ ᠰᠠᠷ᠎ᠠ ᠶᠢᠨ ᠬᠣᠷᠢᠨ ᠳᠥᠷᠪᠡᠨ ᠦ ᠡᠳᠦᠷ᠂ ᠶᠣᠬᠣᠸᠠ ᠶᠢᠨ ᠦᠭᠡ ᠢᠳᠣ᠋ ᠶᠢᠨ ᠠᠴᠢ᠂ ᠪᠧᠷᠧᠺᠢᠶ᠎ᠠ ᠶᠢᠨ ᠬᠥᠪᠡᠭᠦᠨ ᠡᠰᠢ ᠦᠵᠡᠭᠦᠯᠦᠭᠴᠢ ᠽᠧᠺᠠᠷᠢᠶ᠎ᠠ ᠳᠤ ᠢᠷᠡᠪᠡ᠃ 8 ᠰᠥᠨᠢ ᠪᠠᠷ ᠪᠢ ᠦᠵᠡᠪᠡ᠄ ᠬᠠᠷᠠ᠂ ᠤᠯᠠᠭᠠᠨ ᠮᠣᠷᠢ ᠤᠨᠤᠭᠰᠠᠨ ᠨᠢᠭᠡᠨ ᠬᠥᠮᠦᠨ ᠪᠠᠢᠪᠠ᠂ ᠲᠡᠷᠡ ᠪᠡᠷ ᠬᠥᠨᠳᠡᠢ ᠳᠠᠬᠢ ᠰᠢᠷᠠᠰᠤᠨ ᠮᠣᠳᠣᠳ ᠤᠨ ᠳᠤᠮᠳᠠ ᠵᠣᠭᠰᠣᠵᠤ ᠪᠠᠢᠯ᠎ᠠ᠃ ᠲᠡᠭᠦᠨ ᠦ ᠠᠷᠤ ᠳᠤ ᠤᠯᠠᠭᠠᠨ᠂ ᠬᠡᠭᠡᠷ᠂ ᠴᠠᠭᠠᠨ ᠮᠣᠷᠢ ᠪᠠᠢᠪᠠ᠃ 9 ᠪᠢ᠄ 《ᠡᠳᠡᠭᠡᠷ ᠨᠢ ᠶᠠᠭᠤ ᠪᠤᠢ︖ ᠡᠵᠡᠨ ᠮᠢᠨᠢ》 ᠭᠡᠬᠦ ᠳᠦ᠂ ᠨᠠᠳᠠ ᠲᠠᠢ ᠶᠠᠷᠢᠵᠤ ᠪᠠᠢᠭᠰᠠᠨ ᠲᠩᠷᠢ ᠡᠯᠴᠢ᠄ 《ᠡᠳᠡᠭᠡᠷ ᠨᠢ ᠶᠠᠭᠤ ᠪᠣᠯᠬᠤ ᠶᠢ ᠪᠢ ᠴᠢᠮ᠎ᠠ ᠳᠤ ᠦᠵᠡᠭᠦᠯᠦᠶ᠎ᠡ》 ᠭᠡᠪᠡ᠃ 10 ᠲᠡᠭᠡᠬᠦ ᠳᠦ ᠰᠢᠷᠠᠰᠤᠨ ᠮᠣᠳᠣᠳ ᠤᠨ ᠳᠤᠮᠳᠠ ᠵᠣᠭᠰᠣᠵᠤ ᠪᠠᠢᠭ᠎ᠠ ᠨᠥᠭᠥᠭᠡ ᠬᠥᠮᠦᠨ᠄ 《ᠡᠳᠡ ᠨᠠᠷ ᠪᠣᠯ ᠳᠡᠯᠡᠬᠡᠢ ᠳᠠᠶᠠᠭᠠᠷ ᠬᠠᠢᠭᠤᠯ ᠬᠢᠭ᠍ᠴᠢᠳ ᠶᠤᠮ᠂ ᠶᠣᠬᠣᠸᠠ ᠲᠡᠳᠡᠨ ᠢ ᠶᠠᠪᠤᠭᠤᠯᠤᠭᠰᠠᠨ》 ᠭᠡᠵᠦ ᠬᠠᠷᠢᠭᠤᠯᠬᠤ ᠳᠤ᠂ 11 ᠪᠤᠰᠤᠳ ᠨᠢ ᠰᠢᠷᠠᠰᠤᠨ ᠮᠣᠳᠣᠳ ᠤᠨ ᠳᠤᠮᠳᠠ ᠵᠣᠭᠰᠣᠵᠤ ᠪᠠᠢᠭ᠎ᠠ ᠶᠣᠬᠣᠸᠠ ᠶᠢᠨ ᠡᠯᠴᠢ ᠳᠤ᠄ 《ᠪᠢᠳᠡ ᠳᠡᠯᠡᠬᠡᠢ ᠳᠠᠶᠠᠭᠠᠷ ᠬᠠᠢᠭᠤᠯ ᠬᠢᠵᠦ ᠦᠵᠡᠭᠰᠡᠨ ᠳᠦ᠂ ᠪᠦᠬᠦ ᠳᠡᠯᠡᠬᠡᠢ ᠠᠮᠤᠷ ᠲᠠᠢᠪᠤᠩ ᠪᠠᠢᠯ᠎ᠠ》 ᠭᠡᠵᠡᠭᠡᠪᠡ᠃ 12 ᠶᠣᠬᠣᠸᠠ ᠶᠢᠨ ᠡᠯᠴᠢ᠄ 《ᠠᠤᠭ᠎ᠠ ᠬᠦᠴᠦᠲᠦ ᠶᠣᠬᠣᠸᠠ ᠡ᠂ ᠶᠧᠷᠦ᠋ᠰᠠᠯᠧᠮ ᠪᠣᠯᠣᠨ ᠶᠦᠳᠠ ᠶᠢᠨ ᠬᠣᠲᠠ ᠲᠣᠰᠬᠣᠳ ᠢ ᠲᠠ ᠬᠡᠳᠦᠢ ᠪᠣᠯᠲᠠᠯ᠎ᠠ ᠥᠷᠥ ᠡᠪᠡᠳᠬᠦ ᠦᠭᠡᠢ ᠣᠷᠬᠢᠨ᠎ᠠ ᠪᠤᠢ︖ ᠲᠠ ᠲᠡᠳᠡᠨ ᠳᠦ ᠬᠢᠯᠢᠩᠨᠡᠭᠡᠳ ᠳᠠᠯᠠᠨ ᠵᠢᠯ ᠪᠣᠯᠴᠢᠬᠠᠯ᠎ᠠ》 ᠭᠡᠬᠦ ᠳᠦ᠂ 13 ᠶᠣᠬᠣᠸᠠ ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠳᠤ ᠰᠠᠢᠨ ᠦᠭᠡ᠂ ᠲᠠᠢᠪᠤᠰᠢᠷᠠᠯ ᠤᠨ ᠦᠭᠡ ᠪᠡᠷ ᠬᠠᠷᠢᠭᠤᠯᠪᠠ᠃ 14 ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠨᠠᠳᠠ ᠳᠤ᠄ 《ᠴᠢ ᠢᠩᠭᠢᠵᠦ ᠵᠠᠷᠯᠠᠭᠲᠤᠨ᠄ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 〈ᠪᠢ ᠶᠧᠷᠦ᠋ᠰᠠᠯᠧᠮ ᠪᠣᠯᠣᠨ ᠽᠢᠶᠣᠨ ᠢ ᠦᠯᠡᠮᠵᠢ ᠶᠡᠬᠡ ᠬᠠᠷᠠᠳᠠᠵᠤ ᠪᠠᠢᠨ᠎ᠠ᠃ 15 ᠠᠮᠤᠷᠯᠢᠩ᠋ᠭᠤᠢ ᠪᠠᠢᠭ᠎ᠠ ᠦᠨᠳᠦᠰᠦᠲᠡᠨ ᠨᠦᠭᠦᠳ ᠲᠦ ᠪᠢ ᠶᠡᠬᠡ ᠬᠢᠯᠢᠩᠨᠡᠵᠦ ᠪᠠᠢᠨ᠎ᠠ᠃ ᠪᠢ ᠵᠢᠭᠠᠬᠠᠨ ᠬᠢᠯᠢᠩᠨᠡᠭᠰᠡᠨ ᠠᠲᠠᠯ᠎ᠠ ᠲᠡᠳᠡ ᠪᠦᠷ ᠢᠯᠡᠭᠦᠦ ᠬᠣᠬᠢᠷᠠᠭᠠᠵᠠᠢ᠃ 16 ᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠶᠧᠷᠦ᠋ᠰᠠᠯᠧᠮ ᠢ ᠥᠷᠥ ᠡᠪᠡᠳᠦᠨ ᠲᠡᠭᠦᠨ ᠤᠷᠤᠭᠤ ᠪᠤᠴᠠᠵᠤ ᠢᠷᠡᠯ᠎ᠡ᠃ ᠮᠢᠨᠦ ᠥᠷᠭᠥᠭᠡ ᠲᠡᠭᠦᠨ ᠦ ᠳᠣᠲᠣᠷ᠎ᠠ ᠪᠣᠰᠬᠠᠭᠳᠠᠨ᠎ᠠ᠂ ᠬᠡᠮᠵᠢᠭᠦᠷ ᠶᠧᠷᠦ᠋ᠰᠠᠯᠧᠮ ᠤᠨ ᠳᠡᠭᠡᠭᠦᠷ ᠲᠠᠲᠠᠭᠳᠠᠨ᠎ᠠ᠂ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂〉 17 ᠴᠢ ᠪᠠᠰᠠ ᠡᠭᠦᠨ ᠢ ᠵᠠᠷᠯᠠ᠂ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠣᠲᠠ ᠲᠣᠰᠬᠣᠳ ᠮᠢᠨᠢ ᠳᠠᠬᠢᠨ ᠰᠠᠢᠨ ᠰᠠᠢᠬᠠᠨ ᠢᠶᠠᠷ ᠪᠢᠯᠬᠠᠨ᠎ᠠ᠃ ᠶᠣᠬᠣᠸᠠ ᠽᠢᠶᠣᠨ ᠢ ᠳᠠᠬᠢᠨ ᠲᠠᠢᠳᠬᠤᠷᠠᠭᠤᠯᠤᠨ᠎ᠠ᠂ ᠶᠧᠷᠦ᠋ᠰᠠᠯᠧᠮ ᠢ ᠳᠠᠬᠢᠨ ᠰᠣᠩ᠋ᠭᠣᠵᠤ ᠠᠪᠤᠨ᠎ᠠ〉》 ᠭᠡᠪᠡ᠃

18 ᠪᠢ ᠨᠢᠳᠦ ᠪᠡᠨ ᠡᠷᠭᠦᠭᠡᠳ ᠦᠵᠡᠪᠡ᠃ ᠬᠠᠷᠠ᠂ ᠳᠥᠷᠪᠡᠨ ᠡᠪᠡᠷ ᠪᠠᠢᠪᠠ᠃ 19 ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠳᠤ ᠪᠢ᠄ 《ᠡᠳᠡᠭᠡᠷ ᠨᠢ ᠶᠠᠭᠤ ᠪᠤᠢ︖》 ᠭᠡᠬᠦ ᠳᠦ᠂ ᠲᠡᠷᠡ᠄ 《ᠡᠳᠡᠭᠡᠷ ᠨᠢ ᠶᠦᠳᠠ᠂ ᠢᠰᠷᠧᠯ᠂ ᠶᠧᠷᠦ᠋ᠰᠠᠯᠧᠮ ᠢ ᠪᠤᠲᠠᠷᠠᠭᠠᠭᠰᠠᠨ ᠡᠪᠡᠷ ᠤᠳ ᠶᠤᠮ》 ᠭᠡᠯ᠎ᠡ᠃ 20 ᠳᠠᠷᠠᠭ᠎ᠠ ᠨᠢ ᠶᠣᠬᠣᠸᠠ ᠨᠠᠳᠠ ᠳᠤ ᠳᠥᠷᠪᠡᠨ ᠳᠠᠷᠬᠠᠨ ᠢ ᠦᠵᠡᠭᠦᠯᠪᠡ᠃ 21 ᠪᠢ᠄ 《ᠲᠡᠳᠡ ᠶᠠᠭᠤ ᠬᠢᠬᠦ ᠪᠡᠷ ᠢᠷᠡᠵᠦ ᠪᠠᠢᠨ᠎ᠠ︖》 ᠭᠡᠬᠦ ᠳᠦ᠂ ᠲᠡᠷᠡ᠄ 《ᠲᠡᠳᠡᠭᠡᠷ ᠡᠪᠡᠷ ᠨᠢ ᠶᠦᠳᠠ ᠶᠢ ᠪᠤᠲᠠᠷᠠᠭᠠᠵᠤ᠂ ᠲᠡᠳᠡᠨ ᠦ ᠬᠡᠨ ᠢ ᠨᠢ ᠴᠤ ᠲᠣᠯᠣᠭᠠᠢ ᠥᠨᠳᠡᠢᠯᠭᠡᠬᠦ ᠦᠭᠡᠢ ᠪᠣᠯᠭᠠᠭᠰᠠᠨ᠃ ᠬᠠᠷᠢᠨ ᠡᠳᠡᠭᠡᠷ ᠳᠠᠷᠬᠠᠨ ᠲᠡᠳᠡᠨ ᠢ ᠰᠦᠷᠳᠡᠭᠦᠯᠬᠦ ᠪᠡᠷ ᠢᠷᠡᠭᠰᠡᠨ᠂ ᠡᠳᠡᠭᠡᠷ ᠳᠠᠷᠬᠠᠨ ᠨᠥᠭᠥᠭᠡ ᠡᠪᠡᠷ ᠪᠦᠬᠦᠢ ᠦᠨᠳᠦᠰᠦᠲᠡᠨ ᠨᠦᠭᠦᠳ ᠢ᠂ ᠶᠦᠳᠠ ᠨᠤᠲᠤᠭ ᠤᠨ ᠡᠰᠡᠷᠭᠦ ᠡᠪᠡᠷ ᠢᠶᠡᠨ ᠡᠷᠭᠦᠵᠦ ᠲᠡᠳᠡᠨ ᠢ ᠪᠤᠲᠠᠷᠠᠭᠠᠭᠰᠠᠨ ᠦᠨᠳᠦᠰᠦᠲᠡᠨ ᠨᠦᠭᠦᠳ ᠢ ᠬᠥᠮᠥᠷᠢᠬᠦ ᠪᠣᠯᠣᠨ᠎ᠠ》 ᠭᠡᠯ᠎ᠡ᠃