1 2 3 4 5 6 7 8 9 10 11 12 13 14


ᠽᠧᠺᠠᠷᠢᠶ᠎ᠠ ᠳᠥᠷᠪᠡ
 ᠵᠥᠪᠬᠡᠨ ᠡᠵᠡᠨ ᠦ ᠰᠦᠨᠡᠰᠦ ᠪᠡᠷ

1 ᠲᠡᠭᠡᠭᠡᠳ ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠪᠤᠴᠠᠵᠤ ᠢᠷᠡᠭᠡᠳ ᠨᠠᠮᠠᠶᠢ ᠰᠡᠷᠢᠭᠡᠪᠡ᠂ ᠪᠢ ᠨᠣᠢᠷ ᠠᠴᠠ ᠪᠠᠨ ᠰᠡᠷᠢᠭᠰᠡᠨ ᠬᠥᠮᠦᠨ ᠮᠡᠲᠦ ᠪᠣᠯᠵᠠᠢ᠃ 2 ᠲᠡᠷᠡ᠄ 《ᠴᠢ ᠶᠠᠭᠤ ᠬᠠᠷᠠᠵᠤ ᠪᠠᠢᠨ᠎ᠠ ᠪᠤᠢ︖》 ᠭᠡᠰᠡᠨ ᠳᠦ᠂ ᠪᠢ᠄ 《ᠠᠯᠲᠠᠨ ᠳ᠋ᠧᠩ ᠤᠨ ᠰᠠᠭᠤᠷᠢ ᠶᠢ ᠬᠠᠷᠠᠵᠤ ᠪᠠᠢᠨ᠎ᠠ᠃ ᠣᠷᠣᠢ ᠳᠤᠨᠢ ᠰᠠᠪᠠ ᠲᠠᠢ᠂ ᠲᠡᠭᠦᠨ ᠦ ᠳᠡᠭᠡᠷ᠎ᠡ ᠠᠰ ᠠᠰ ᠲᠠᠭᠠᠨ ᠬᠣᠭᠣᠯᠠᠢ ᠲᠠᠢ ᠳᠣᠯᠣᠭᠠᠨ ᠳ᠋ᠧᠩ ᠪᠠᠢᠨ᠎ᠠ᠃ 3 ᠮᠥᠨ ᠳᠡᠷᠭᠡᠳᠡ ᠨᠢ ᠬᠣᠶᠠᠷ ᠴᠢᠳᠦᠨ ᠮᠣᠳᠣ ᠪᠠᠢᠨ᠎ᠠ᠃ ᠨᠢᠭᠡ ᠨᠢ ᠰᠠᠪᠠᠨ ᠤ ᠪᠠᠷᠠᠭᠤᠨ ᠲᠠᠯ᠎ᠠ ᠳᠤ᠂ ᠨᠥᠭᠥᠭᠡ ᠨᠢ ᠵᠡᠭᠦᠨ ᠲᠠᠯ᠎ᠠ ᠳᠤᠨᠢ ᠪᠠᠢᠨ᠎ᠠ》 ᠭᠡᠰᠡᠨ ᠢᠶᠡᠨ 4 ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠡᠴᠡ᠄ 《ᠡᠳᠡᠭᠡᠷ ᠨᠢ ᠶᠠᠭᠤ ᠪᠤᠢ︖ ᠡᠵᠡᠨ ᠮᠢᠨᠢ》 ᠭᠡᠵᠦ ᠠᠰᠠᠭᠤᠪᠠ᠃ 5 ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ᠄ 《ᠡᠳᠡᠭᠡᠷ ᠨᠢ ᠶᠠᠭᠤ ᠪᠣᠯᠬᠤ ᠶᠢ ᠴᠢ ᠮᠡᠳᠡᠬᠦ ᠦᠭᠡᠢ ᠭᠡᠵᠢ ᠤᠤ︖》 ᠭᠡᠬᠦ ᠳᠦ᠂ ᠪᠢ᠄ 《ᠮᠡᠳᠡᠬᠦ ᠦᠭᠡᠢ᠂ ᠡᠵᠡᠨ ᠮᠢᠨᠢ》 ᠭᠡᠪᠡ᠃ 6 ᠲᠡᠷᠡ ᠨᠠᠳᠠ ᠳᠤ᠄ 《ᠽᠣᠷᠣᠪᠠᠪᠧᠯ ᠳᠤ ᠠᠢᠯᠠᠳᠬᠤ ᠶᠣᠬᠣᠸᠠ ᠶᠢᠨ ᠦᠭᠡ ᠡᠨᠡ ᠪᠠᠢᠨ᠎ᠠ᠄ 〈ᠬᠦᠴᠦ ᠪᠡᠷ ᠴᠤ ᠪᠤᠰᠤ᠂ ᠴᠢᠳᠠᠯ ᠢᠶᠠᠷ ᠴᠤ ᠪᠤᠰᠤ᠂ ᠬᠠᠷᠢᠨ ᠮᠢᠨᠦ ᠰᠦᠨᠡᠰᠦ ᠪᠡᠷ︕〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 7 ᠰᠦᠷᠯᠢᠭ ᠠᠭᠤᠯᠠ ᠡ᠂ ᠴᠢ ᠶᠠᠭᠤ ᠶᠤᠮ ᠪᠤᠢ︖ ᠽᠣᠷᠣᠪᠠᠪᠧᠯ ᠤᠨ ᠡᠮᠦᠨ᠎ᠡ ᠴᠢ ᠲᠠᠯ᠎ᠠ ᠪᠣᠯᠣᠨ᠎ᠠ᠃ ᠲᠡᠷᠡ ᠪᠡᠷ ᠲᠤᠯᠭᠠᠭᠤᠷᠢ ᠴᠢᠯᠠᠭᠤ ᠶᠢ ᠠᠪᠴᠢᠷᠠᠬᠤ ᠪᠠ ᠠᠷᠠᠳ ᠣᠯᠠᠨ᠄ 〈ᠪᠤᠷᠬᠠᠨ ᠢᠪᠡᠭᠡᠭ᠂ ᠪᠤᠷᠬᠠᠨ ᠢᠪᠡᠭᠡᠭ︕〉 ᠭᠡᠵᠦ ᠬᠠᠰᠬᠢᠷᠬᠤ ᠪᠣᠯᠣᠨ᠎ᠠ》 ᠭᠡᠪᠡ᠃

8 ᠲᠡᠭᠡᠬᠦ ᠳᠦ ᠶᠣᠬᠣᠸᠠ ᠶᠢᠨ ᠦᠭᠡ ᠨᠠᠳᠠ ᠳᠤ ᠢᠷᠡᠵᠦ ᠠᠢᠯᠠᠳᠤᠨ᠄ 9 《ᠽᠣᠷᠣᠪᠠᠪᠧᠯ ᠤᠨ ᠭᠠᠷ ᠡᠨᠡ ᠥᠷᠭᠥᠭᠡᠨ ᠦ ᠰᠠᠭᠤᠷᠢ ᠶᠢ ᠲᠠᠯᠪᠢᠭᠰᠠᠨ᠂ ᠲᠡᠭᠦᠨ ᠦ ᠭᠠᠷ ᠡᠭᠦᠨ ᠢ ᠳᠠᠭᠤᠰᠬᠠᠬᠤ ᠪᠣᠯᠣᠨ᠎ᠠ᠃ ᠲᠡᠭᠡᠪᠡᠯ ᠲᠠ ᠨᠠᠷ ᠠᠤᠭ᠎ᠠ ᠬᠦᠴᠦᠲᠦ ᠶᠣᠬᠣᠸᠠ ᠨᠠᠮᠠᠶᠢ ᠥᠪᠡᠷ ᠤᠷᠤᠭᠤ ᠴᠢᠨᠢ ᠢᠯᠡᠭᠡᠭᠰᠡᠨ ᠢ ᠮᠡᠳᠡᠬᠦ ᠪᠣᠯᠣᠨ᠎ᠠ᠃ 10 ᠥᠨᠥᠳᠥᠷ ᠢ ᠥᠴᠦᠬᠡᠨ ᠭᠡᠵᠦ ᠬᠡᠨ ᠪᠠᠰᠤᠮᠵᠢᠯᠠᠨ᠎ᠠ ᠪᠤᠢ︖ ᠲᠡᠳᠡ ᠽᠣᠷᠣᠪᠠᠪᠧᠯ ᠤᠨ ᠭᠠᠷ ᠳᠠᠬᠢ ᠡᠭᠴᠡᠯᠡᠭᠦᠷ ᠢ ᠬᠠᠷᠠᠭᠠᠳ ᠪᠠᠶᠠᠰᠤᠭ᠃

11 ᠪᠢ ᠲᠩᠷᠢ ᠡᠯᠴᠢ ᠳᠤ᠄ 《ᠳ᠋ᠧᠩ ᠤᠨ ᠰᠠᠭᠤᠷᠢ ᠶᠢᠨ ᠪᠠᠷᠠᠭᠤᠨ ᠵᠡᠭᠦᠨ ᠲᠠᠯ᠎ᠠ ᠳᠠᠬᠢ ᠡᠨᠡ ᠬᠣᠶᠠᠷ ᠴᠢᠳᠦᠨ ᠮᠣᠳᠣ ᠨᠢ ᠶᠠᠭᠤ ᠪᠤᠢ︖》 ᠭᠡᠰᠡᠨ ᠢᠶᠡᠨ 12 ᠳᠠᠬᠢᠨ᠄ 《ᠠᠯᠲᠠᠨ ᠲᠣᠰᠣ ᠶᠢ ᠶᠡᠭᠦᠯᠡᠬᠦ ᠬᠣᠶᠠᠷ ᠠᠯᠲᠠᠨ ᠬᠣᠭᠣᠯᠠᠢ ᠶᠢᠨ ᠳᠡᠷᠭᠡᠳᠡᠬᠢ ᠬᠣᠶᠠᠷ ᠴᠢᠳᠦᠨ ᠦ ᠮᠥᠴᠢᠷ ᠨᠢ ᠶᠠᠭᠤ ᠪᠤᠢ︖》 ᠭᠡᠰᠡᠨ ᠳᠦ᠂ 13 ᠲᠡᠷᠡ᠄ 《ᠡᠳᠡᠭᠡᠷ ᠨᠢ ᠶᠠᠭᠤ ᠪᠣᠯᠬᠤ ᠶᠢ ᠴᠢ ᠮᠡᠳᠡᠬᠦ ᠦᠭᠡᠢ ᠭᠡᠵᠢ ᠤᠤ︖》 ᠭᠡᠯ᠎ᠡ᠃ ᠪᠢ᠄ 《ᠦᠭᠡᠢ᠂ ᠡᠵᠡᠨ ᠮᠢᠨᠢ》 ᠭᠡᠬᠦ ᠳᠦ᠂ 14 ᠲᠡᠷᠡ᠄ 《ᠡᠳᠡᠭᠡᠷ ᠨᠢ ᠪᠦᠬᠦ ᠳᠡᠯᠡᠬᠡᠢ ᠶᠢᠨ ᠡᠵᠡᠨ ᠦ ᠳᠡᠷᠭᠡᠳᠡ ᠵᠣᠭᠰᠣᠭᠴᠢ ᠲᠣᠰᠣᠯᠠᠭᠳᠠᠭᠰᠠᠨ ᠬᠣᠶᠠᠷ ᠪᠢᠯᠡ》 ᠭᠡᠪᠡ᠃