1 2 3 4 5 6 7 8 9 10 11 12 13 14


ᠽᠧᠺᠠᠷᠢᠶ᠎ᠠ ᠵᠢᠷᠭᠤᠭ᠎ᠠ
 ᠳᠥᠷᠪᠡᠨ ᠲᠡᠷᠭᠡ

1 ᠪᠢ ᠳᠠᠬᠢᠨ ᠨᠢᠳᠦ ᠡᠷᠭᠦᠨ ᠦᠵᠡᠪᠡ᠃ ᠬᠠᠷᠠ᠂ ᠬᠣᠶᠠᠷ ᠠᠭᠤᠯᠠ ᠶᠢᠨ ᠬᠣᠭᠣᠷᠣᠨᠳᠣ ᠠᠴᠠ ᠳᠥᠷᠪᠡᠨ ᠲᠡᠷᠭᠡ ᠭᠠᠷᠴᠤ ᠢᠷᠡᠵᠦ ᠪᠠᠢᠪᠠ᠃ ᠠᠭᠤᠯᠠᠰ ᠨᠢ ᠬᠦᠷᠡᠯ ᠠᠭᠤᠯᠠᠰ ᠠᠵᠢ᠃ 2 ᠡᠬᠢᠨ ᠤ ᠲᠡᠷᠭᠡᠨ ᠳᠦ ᠤᠯᠠᠭᠠᠨ ᠮᠣᠷᠢᠳ᠂ ᠬᠣᠶᠠᠳᠠᠬᠢ ᠲᠡᠷᠭᠡᠨ ᠳᠦ ᠬᠠᠷ᠎ᠠ ᠮᠣᠷᠢᠳ᠂ 3 ᠭᠤᠷᠪᠠᠳᠠᠬᠢ ᠲᠡᠷᠭᠡᠨ ᠳᠦ ᠴᠠᠭᠠᠨ ᠮᠣᠷᠢᠳ᠂ ᠳᠥᠷᠪᠡᠳᠡᠬᠢ ᠲᠡᠷᠭᠡᠨ ᠳᠦ ᠴᠣᠬᠣᠷ ᠮᠣᠷᠢᠳ ᠬᠥᠯᠯᠡᠭᠰᠡᠨ ᠠᠵᠢ᠂ ᠲᠡᠳᠡ ᠪᠦᠭᠦᠳᠡ ᠬᠦᠴᠦᠷᠬᠡᠭ ᠪᠠᠢᠪᠠ᠃ 4 ᠪᠢ ᠨᠠᠳᠠ ᠲᠠᠢ ᠶᠠᠷᠢᠯᠴᠠᠵᠤ ᠪᠠᠢᠭᠰᠠᠨ ᠲᠩᠷᠢ ᠡᠯᠴᠢ ᠳᠤ᠄ 《ᠡᠳᠡᠭᠡᠷ ᠨᠢ ᠶᠠᠭᠤ ᠪᠤᠢ︖ ᠡᠵᠡᠨ ᠮᠢᠨᠢ》 ᠭᠡᠬᠦ ᠳᠦ᠂ 5 ᠲᠩᠷᠢ ᠡᠯᠴᠢ ᠨᠠᠳᠠ ᠳᠤ᠄ 《ᠡᠳᠡᠭᠡᠷ ᠨᠢ ᠪᠦᠬᠦ ᠳᠡᠯᠡᠬᠡᠢ ᠶᠢᠨ ᠡᠵᠡᠨ ᠳᠦ ᠪᠠᠷᠠᠭᠠᠯᠬᠠᠭᠰᠠᠨ ᠤ ᠳᠠᠷᠠᠭ᠎ᠠ ᠭᠠᠷᠴᠤ ᠪᠤᠢ ᠲᠩᠷᠢ ᠶᠢᠨ ᠳᠥᠷᠪᠡᠨ ᠰᠦᠨᠡᠰᠦ 4 ᠶᠤᠮ᠃ 6 ᠬᠠᠷ᠎ᠠ ᠮᠣᠷᠢᠳ ᠬᠥᠯᠯᠡᠭᠰᠡᠨ ᠨᠢ ᠤᠮᠠᠷᠠᠲᠤ ᠣᠷᠣᠨ ᠲᠡᠰᠢ᠂ ᠴᠠᠭᠠᠨ ᠨᠤᠭᠤᠳ ᠨᠢ ᠥᠷᠥᠨᠡᠲᠦ ᠣᠷᠣᠨ ᠲᠡᠰᠢ᠂ ᠴᠣᠬᠣᠷ ᠤᠳ ᠨᠢ ᠡᠮᠦᠨᠡᠲᠦ ᠣᠷᠣᠨ ᠲᠡᠰᠢ ᠶᠠᠪᠤᠬᠤ ᠭᠡᠵᠦ ᠪᠠᠢᠨ᠎ᠠ》 ᠭᠡᠪᠡ᠃ 7 ᠡᠳᠡᠭᠡᠷ ᠬᠦᠴᠦᠲᠦ ᠮᠣᠷᠢᠳ ᠭᠠᠷᠴᠤ ᠳᠡᠯᠡᠬᠡᠢ ᠳᠠᠶᠠᠭᠠᠷ ᠬᠠᠢᠭᠤᠯ ᠬᠢᠬᠦ ᠭᠡᠵᠦ ᠲᠡᠮᠡᠦᠯᠵᠦ ᠪᠠᠢᠪᠠ᠂ ᠲᠩᠷᠢ ᠡᠯᠴᠢ᠄ 《ᠶᠠᠪᠤ᠂ ᠳᠡᠯᠡᠬᠡᠢ ᠳᠠᠶᠠᠭᠠᠷ ᠬᠠᠢᠭᠤᠯ ᠬᠢ》 ᠭᠡᠰᠡᠨ ᠳᠦ᠂ ᠲᠡᠳᠡ ᠳᠡᠯᠡᠬᠡᠢ ᠳᠠᠶᠠᠭᠠᠷ ᠬᠠᠢᠭᠤᠯ ᠬᠢᠪᠡ᠃ 8 ᠳᠠᠷᠠᠭ᠎ᠠ ᠨᠢ ᠲᠡᠷᠡ ᠨᠠᠳᠠ ᠳᠤ ᠥᠨᠳᠥᠷ ᠳᠠᠭᠤ ᠪᠠᠷ᠄ 《ᠬᠠᠷᠠ᠂ ᠤᠮᠠᠷᠠᠲᠤ ᠣᠷᠣᠨ ᠲᠡᠰᠢ ᠶᠠᠪᠤᠭᠰᠠᠳ ᠨᠢ ᠤᠮᠠᠷᠠᠲᠤ ᠣᠷᠣᠨ ᠳᠤ ᠰᠡᠳᠬᠢᠯ ᠢ ᠮᠢᠨᠢ ᠠᠭᠤᠵᠢᠷᠠᠭᠤᠯᠤᠯ᠎ᠠ》 ᠭᠡᠪᠡ᠃
 ᠵᠠᠬᠢᠷᠬᠤ ᠲᠠᠬᠢᠯᠴᠢ 《ᠨᠠᠬᠢᠶ᠎ᠠ》

9 ᠶᠣᠬᠣᠸᠠ ᠶᠢᠨ ᠦᠭᠡ ᠨᠠᠳᠠ ᠳᠤ ᠢᠷᠡᠭᠰᠡᠨ ᠨᠢ᠄ 10 《ᠴᠥᠯᠡᠭᠳᠡᠭᠰᠡᠳ ᠦᠨ ᠳᠤᠮᠳᠠ ᠪᠠᠪᠢᠯᠣᠨ ᠠᠴᠠ ᠪᠤᠴᠠᠵᠤ ᠢᠷᠡᠭᠰᠡᠨ ᠾᠧᠯᠳᠠᠢ᠂ ᠲᠣᠪᠢᠶ᠎ᠠ᠂ ᠶᠧᠳᠠᠢᠶ᠎ᠠ ᠨᠠᠷ ᠠᠴᠠ ᠬᠠᠨᠳᠢᠪ ᠠᠪᠴᠤ᠂ ᠲᠡᠷᠡ ᠡᠳᠦᠷ ᠲᠡᠭᠡᠨ ᠽᠧᠹᠠᠨᠢᠶ᠎ᠠ ᠶᠢᠨ ᠬᠥᠪᠡᠭᠦᠨ ᠶᠣᠰᠢᠶ᠎ᠠ ᠶᠢᠨ ᠭᠡᠷ ᠲᠦ ᠣᠴᠢᠭᠠᠳ 11 ᠲᠡᠷᠡ ᠠᠯᠲᠠ ᠮᠥᠩᠭᠥ ᠪᠡᠷ ᠲᠢᠲᠢᠮ ᠬᠢ᠃ ᠲᠡᠭᠦᠨ ᠢ ᠶᠧᠬᠣᠽᠠᠳᠠᠺ ᠤᠨ ᠬᠥᠪᠡᠭᠦᠨ᠂ ᠲᠡᠷᠢᠭᠦᠨ ᠲᠠᠬᠢᠯᠴᠢ ᠶᠣᠱᠦ᠋ᠶ᠎ᠠ ᠶᠢᠨ ᠲᠣᠯᠣᠭᠠᠢ ᠳᠤ ᠵᠡᠭᠦᠯᠭᠡᠭᠡᠳ᠂ 12 ᠲᠡᠭᠦᠨ ᠳᠦ ᠡᠢᠨ ᠬᠦ ᠶᠠᠷᠢ᠄ 〈ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ ᠠᠩ᠋ᠬᠠᠷᠤᠭᠲᠤᠨ︕ 〈ᠨᠠᠬᠢᠶ᠎ᠠ〉 ᠭᠡᠭᠳᠡᠳᠡᠭ ᠬᠥᠮᠦᠨ ᠪᠠᠢᠨ᠎ᠠ᠃ ᠲᠡᠷᠡ ᠪᠡᠷ ᠳᠣᠣᠷ᠎ᠠ ᠠᠴᠠ ᠪᠠᠨ ᠨᠠᠬᠢᠶᠠᠯᠠᠵᠤ ᠶᠣᠬᠣᠸᠠ ᠶᠢᠨ ᠣᠷᠳᠣᠨ ᠢ ᠪᠠᠷᠢᠬᠤ ᠪᠣᠯᠣᠨ᠎ᠠ᠂ 13 ᠶᠣᠬᠣᠸᠠ ᠶᠢᠨ ᠣᠷᠳᠣᠨ ᠢ ᠪᠠᠷᠢᠬᠤ ᠬᠥᠮᠦᠨ ᠨᠢ ᠲᠡᠷᠡ ᠶᠤᠮ᠃ ᠲᠡᠷᠡ ᠠᠯᠳᠠᠷ ᠬᠦᠨᠳᠦ ᠶᠢ ᠬᠦᠷᠲᠡᠵᠦ᠂ ᠥᠪᠡᠷ ᠦᠨ ᠢᠶᠠᠨ ᠰᠡᠨᠲᠢ ᠳᠡᠭᠡᠷ᠎ᠡ ᠰᠠᠭᠤᠵᠤ ᠬᠠᠭᠠᠨᠴᠢᠯᠠᠨ᠎ᠠ᠃ ᠡᠢᠨ ᠬᠦ ᠲᠡᠷᠡ ᠥᠪᠡᠷ ᠦᠨ ᠢᠶᠠᠨ ᠰᠡᠨᠲᠢ ᠳᠤ ᠵᠠᠯᠠᠷᠠᠬᠤ ᠲᠠᠬᠢᠯᠴᠢ ᠪᠣᠯᠵᠤ᠂ ᠬᠣᠶᠠᠷ ᠠᠯᠪᠠ ᠶᠢᠨ ᠬᠣᠭᠣᠷᠣᠨᠳᠣᠬᠢ ᠡᠶ᠎ᠡ ᠡᠪ ᠪᠣᠯᠣᠨ᠎ᠠ᠃ 14 ᠲᠢᠲᠢᠮ ᠨᠢ ᠾᠧᠯᠳᠠᠢ᠂ ᠲᠣᠪᠢᠶ᠎ᠠ᠂ ᠶᠧᠳᠠᠢᠶ᠎ᠠ ᠪᠣᠯᠣᠨ ᠽᠧᠹᠠᠨᠢᠶ᠎ᠠ ᠶᠢᠨ ᠬᠥᠪᠡᠭᠦᠨ ᠾᠧᠨ ᠤ ᠳᠤᠷᠠᠰᠬᠠᠯ ᠪᠣᠯᠵᠤ ᠶᠣᠬᠣᠸᠠ ᠶᠢᠨ ᠣᠷᠳᠣᠨ ᠳᠤ ᠪᠠᠢᠬᠤ ᠪᠣᠯᠣᠨ᠎ᠠ᠃

15 ᠠᠯᠤᠰ ᠬᠣᠯᠠ ᠶᠢᠨ ᠬᠢᠨ ᠴᠤ ᠢᠷᠡᠵᠦ ᠶᠣᠬᠣᠸᠠ ᠶᠢᠨ ᠣᠷᠳᠣᠨ ᠢ ᠪᠣᠰᠬᠠᠨ᠎ᠠ᠃ ᠲᠡᠭᠡᠬᠦ ᠳᠦ ᠲᠠ ᠨᠠᠷ ᠠᠤᠭ᠎ᠠ ᠬᠦᠴᠦᠲᠦ ᠶᠣᠬᠣᠸᠠ ᠨᠠᠮᠠᠶᠢ ᠥᠪᠡᠷ ᠤᠷᠤᠭᠤ ᠴᠢᠨᠢ ᠢᠯᠡᠭᠡᠭᠰᠡᠨ ᠢ ᠮᠡᠳᠡᠬᠦ ᠪᠣᠯᠣᠨ᠎ᠠ᠃ ᠲᠠ ᠨᠠᠷ ᠶᠣᠬᠣᠸᠠ ᠪᠤᠷᠬᠠᠨ ᠤ ᠪᠠᠨ ᠳᠠᠭᠤ ᠬᠣᠭᠣᠯᠠᠢ ᠶᠢ ᠦᠨᠡᠨᠴᠢ ᠪᠠᠷ ᠳᠠᠭᠠᠪᠠᠯ᠂ ᠡᠨᠡ ᠪᠦᠭᠦᠳᠡ ᠪᠡᠶᠡᠯᠡᠭᠳᠡᠬᠦ ᠪᠣᠯᠣᠨ᠎ᠠ〉》 ᠭᠡᠪᠡ᠃