1 2 3 4 5 6 7 8 9 10 11 12 13 14


ᠽᠧᠺᠠᠷᠢᠶ᠎ᠠ ᠨᠠᠢ᠌ᠮᠠ
 ᠰᠡᠷᠭᠦᠯᠲᠡ ᠶᠢᠨ ᠲᠤᠬᠠᠢ ᠠᠮᠠᠯᠠᠯᠲᠠ

1 ᠠᠤᠭ᠎ᠠ ᠬᠦᠴᠦᠲᠦ ᠶᠣᠬᠣᠸᠠ ᠶᠢᠨ ᠦᠭᠡ ᠢᠷᠡᠵᠦ ᠠᠢᠯᠠᠳᠤᠭᠰᠠᠨ ᠨᠢ᠄ 2 《ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠽᠢᠶᠣᠨ ᠤ ᠲᠥᠯᠥᠭᠡ ᠦᠯᠡᠮᠵᠢ ᠬᠠᠷᠠᠳᠠᠯ ᠢᠶᠠᠷ ᠬᠠᠷᠠᠳᠠᠵᠤ ᠪᠠᠢᠨ᠎ᠠ᠂ ᠲᠡᠭᠦᠨ ᠦ ᠲᠥᠯᠥᠭᠡ ᠶᠡᠬᠡᠳᠡ ᠠᠭᠤᠷᠯᠠᠨ᠂ ᠬᠠᠷᠠᠳᠠᠵᠤ ᠪᠠᠢᠨ᠎ᠠ᠃〉 3 ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠽᠢᠶᠣᠨ ᠤᠷᠤᠭᠤ ᠪᠤᠴᠠᠵᠤ ᠢᠷᠡᠯ᠎ᠡ᠂ ᠪᠢ ᠶᠧᠷᠦ᠋ᠰᠠᠯᠧᠮ ᠤᠨ ᠳᠤᠮᠳᠠ ᠣᠷᠣᠰᠢᠨ᠎ᠠ᠂ ᠶᠧᠷᠦ᠋ᠰᠠᠯᠧᠮ ᠦᠨᠡᠨ ᠦ ᠬᠣᠲᠠ ᠭᠡᠭᠳᠡᠵᠦ᠂ ᠠᠤᠭ᠎ᠠ ᠬᠦᠴᠦᠲᠦ ᠶᠣᠬᠣᠸᠠ ᠶᠢᠨ ᠠᠭᠤᠯᠠ ᠠᠷᠢᠭᠤᠨ ᠠᠭᠤᠯᠠ ᠭᠡᠭᠳᠡᠬᠦ ᠪᠣᠯᠣᠨ᠎ᠠ᠃〉 4 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠥᠨᠳᠥᠷ ᠨᠠᠰᠤᠲᠠᠢ ᠡᠪᠦᠭᠡᠳ ᠡᠮᠡᠭᠡᠳ ᠪᠦᠭᠦᠳᠡ ᠲᠠᠶᠠᠭ ᠪᠠᠷᠢᠨ ᠶᠧᠷᠦ᠋ᠰᠠᠯᠧᠮ ᠤᠨ ᠭᠤᠳᠤᠮᠵᠢᠨ ᠳᠤ ᠳᠠᠬᠢᠨ ᠰᠠᠭᠤᠵᠠᠭᠠᠬᠤ ᠪᠥᠭᠡᠳ 5 ᠬᠣᠲᠠ ᠶᠢᠨ ᠭᠤᠳᠤᠮᠵᠢᠨ ᠳᠤ ᠲᠣᠭᠯᠠᠵᠤ ᠪᠤᠢ ᠬᠥᠪᠡᠭᠦᠳ ᠥᠬᠢᠳ ᠢᠶᠠᠷ ᠳᠦᠭᠦᠷᠬᠦ ᠪᠣᠯᠣᠨ᠎ᠠ〉 ᠭᠡᠪᠡ᠃ 6 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠡᠳᠡᠭᠡᠷ ᠶᠠᠪᠤᠳᠠᠯ ᠲᠡᠷᠡ ᠡᠳᠦᠷ ᠤᠳ ᠲᠤ ᠦᠯᠡᠳᠡᠭᠰᠡᠨ ᠠᠷᠠᠳ ᠲᠦᠮᠡᠨ ᠳᠦ ᠭᠠᠢᠬᠠᠯᠲᠠᠢ ᠰᠠᠨᠠᠭᠳᠠᠬᠤ ᠪᠣᠯᠣᠨ᠎ᠠ᠂ ᠭᠡᠪᠡᠴᠦ ᠨᠠᠳᠠ ᠳᠤ ᠭᠠᠢᠬᠠᠯᠲᠠᠢ ᠰᠠᠨᠠᠭᠳᠠᠨ᠎ᠠ ᠭᠡᠵᠢ ᠤᠤ︖〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 7 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 〈ᠬᠠᠷᠠ᠂ ᠪᠢ ᠠᠷᠠᠳ ᠲᠦᠮᠡᠨ ᠢᠶᠡᠨ ᠳᠣᠷᠣᠨ᠎ᠠ ᠶᠢᠨ ᠭᠦᠷᠦᠨ ᠨᠦᠭᠦᠳ ᠡᠴᠡ᠂ ᠥᠷᠥᠨ᠎ᠡ ᠶᠢᠨ ᠭᠦᠷᠦᠨ ᠨᠦᠭᠦᠳ ᠡᠴᠡ ᠠᠪᠤᠷᠠᠬᠤ ᠭᠡᠵᠦ ᠪᠠᠢᠨ᠎ᠠ᠃ 8 ᠪᠢ ᠲᠡᠳᠡᠨ ᠢ ᠠᠪᠴᠢᠷᠠᠵᠤ᠂ ᠲᠡᠳᠡ ᠶᠧᠷᠦ᠋ᠰᠠᠯᠧᠮ ᠳᠣᠲᠣᠷ᠎ᠠ ᠰᠠᠭᠤᠬᠤ ᠪᠣᠯᠣᠨ᠎ᠠ᠃ ᠲᠡᠳᠡ ᠮᠢᠨᠦ ᠠᠷᠠᠳ ᠲᠦᠮᠡᠨ ᠪᠣᠯᠵᠤ᠂ ᠪᠢ ᠲᠡᠳᠡᠨ ᠳᠦ ᠦᠨᠡᠨ ᠪᠠ ᠵᠥᠪ ᠰᠢᠳᠤᠷᠭᠤ ᠶᠢᠨ ᠪᠤᠷᠬᠠᠨ ᠪᠣᠯᠣᠨ᠎ᠠ᠃〉

9 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠵᠣᠷᠢᠭᠲᠠᠢ ᠪᠠᠢ᠂ ᠠᠤᠭ᠎ᠠ ᠬᠦᠴᠦᠲᠦ ᠶᠣᠬᠣᠸᠠ ᠶᠢᠨ ᠥᠷᠭᠥᠭᠡ ᠶᠢ ᠪᠠᠷᠢᠬᠤ ᠪᠠᠷ ᠰᠠᠭᠤᠷᠢ ᠲᠠᠯᠪᠢᠭᠰᠠᠨ ᠡᠳᠦᠷ ᠡᠴᠡ ᠬᠣᠢᠰᠢ᠂ ᠲᠠ ᠨᠠᠷ ᠡᠰᠢ ᠦᠵᠡᠭᠦᠯᠦᠭᠴᠢᠳ ᠤᠨ ᠲᠡᠳᠡᠭᠡᠷ ᠦᠭᠡ ᠶᠢ ᠶᠠᠷᠢᠬᠤ ᠶᠢ ᠰᠣᠨᠣᠰᠴᠤ ᠪᠠᠢᠭᠰᠠᠨ᠃ 10 ᠡᠳᠡᠭᠡᠷ ᠡᠳᠦᠷ ᠡᠴᠡ ᠡᠮᠦᠨ᠎ᠡ ᠬᠥᠮᠦᠨ ᠪᠣᠯᠣᠨ ᠠᠮᠢᠲᠠᠨ ᠢ ᠬᠥᠯᠥᠰᠥᠯᠡᠬᠦ ᠮᠥᠩᠭᠥ ᠦᠭᠡᠢ ᠪᠠᠢᠯ᠎ᠠ᠃ ᠪᠢ ᠬᠥᠮᠦᠨ ᠪᠣᠯᠭᠠᠨ ᠢ ᠬᠥᠷᠰᠢ ᠶᠢᠨ ᠬᠢᠨᠢ ᠡᠰᠡᠷᠭᠦ ᠬᠠᠨᠳᠤᠭᠤᠯᠤᠭᠰᠠᠨ ᠲᠤᠯᠠ ᠣᠷᠣᠭᠰᠠᠨ ᠭᠠᠷᠤᠭᠰᠠᠨ ᠬᠥᠮᠦᠨ ᠳᠠᠢᠰᠤᠨ ᠤ ᠪᠠᠨ ᠤᠯᠠᠮ ᠢᠶᠠᠷ ᠠᠮᠤᠭᠤᠯᠠᠩ ᠦᠭᠡᠢ ᠪᠠᠢᠭᠰᠠᠨ᠃ 11 ᠣᠳᠣ ᠪᠢ ᠡᠨᠡ ᠦᠯᠡᠳᠡᠭᠰᠡᠨ ᠠᠷᠠᠳ ᠲᠦᠮᠡᠨ ᠳᠦ ᠤᠷᠢᠳᠤ ᠡᠳᠦᠷ ᠤᠳ ᠤᠨ ᠬᠢ ᠰᠢᠭ ᠢᠶᠠᠨ ᠬᠠᠨᠳᠤᠬᠤ ᠦᠭᠡᠢ᠂〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 12 〈ᠦᠷ᠎ᠡ ᠰᠠᠢᠨ ᠤᠷᠭᠤᠵᠤ᠂ ᠦᠵᠦᠮ ᠦᠨ ᠮᠣᠳᠣ ᠵᠢᠮᠢᠰᠯᠡᠨ᠎ᠡ᠃ ᠭᠠᠵᠠᠷ ᠦᠷ᠎ᠡ ᠲᠠᠷᠢᠶ᠎ᠠ ᠭᠠᠷᠭᠠᠵᠤ᠂ ᠲᠩᠷᠢ ᠰᠢᠭᠦᠳᠡᠷᠢ ᠪᠠᠨ ᠪᠠᠭᠤᠯᠭᠠᠨ᠎ᠠ᠃ ᠡᠨᠡ ᠪᠦᠬᠦᠨ ᠢ ᠪᠢ ᠡᠨᠡ ᠦᠯᠡᠳᠡᠭᠰᠡᠨ ᠠᠷᠠᠳ ᠲᠦᠮᠡᠨ ᠳᠦ ᠥᠪᠯᠡᠭᠦᠯᠦᠨ᠎ᠡ᠃ 13 ᠶᠦᠳᠠ ᠶᠢᠨ ᠭᠡᠷ ᠡ᠂ ᠢᠰᠷᠧᠯ ᠤᠨ ᠭᠡᠷ ᠡ︕ ᠪᠢ ᠲᠠ ᠨᠠᠷ ᠢ ᠠᠪᠤᠷᠠᠨ᠎ᠠ᠃ ᠲᠠ ᠨᠠᠷ ᠦᠨᠳᠦᠰᠦᠲᠡᠨ ᠨᠦᠭᠦᠳ ᠦᠨ ᠳᠤᠮᠳᠠ ᠬᠠᠷᠢᠶᠠᠯ ᠪᠣᠯᠵᠤ ᠪᠠᠢᠭᠰᠠᠨ ᠪᠣᠯ᠂ ᠣᠳᠣ ᠢᠷᠥᠭᠡᠯ ᠪᠣᠯᠣᠨ᠎ᠠ᠂ ᠪᠦᠦ ᠠᠶᠤ᠂ ᠵᠣᠷᠢᠭᠲᠠᠢ ᠪᠠᠢ〉》 ᠭᠡᠪᠡ᠃

14 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠠ ᠨᠠᠷ ᠤᠨ ᠡᠴᠢᠭᠡ ᠡᠪᠦᠭᠡᠳ ᠨᠠᠮᠠᠶᠢ ᠠᠭᠤᠷᠯᠠᠭᠤᠯᠬᠤ ᠳᠤ᠂ ᠪᠢ ᠲᠠ ᠨᠠᠷ ᠲᠤ ᠭᠠᠮᠰᠢᠭ ᠪᠠᠭᠤᠯᠭᠠᠬᠤ ᠪᠠᠷ ᠰᠢᠢᠳᠦᠭᠰᠡᠨ ᠪᠥᠭᠡᠳ ᠡᠭᠦᠨ ᠳᠡᠭᠡᠨ ᠬᠠᠷᠠᠮᠰᠠᠭ᠎ᠠ ᠦᠭᠡᠢ᠂〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ 15 〈ᠡᠭᠦᠨ ᠲᠡᠢ ᠠᠳᠠᠯᠢ ᠪᠠᠷ ᠪᠢ ᠡᠨᠡ ᠡᠳᠦᠷ ᠤᠳ ᠲᠤ ᠡᠷᠭᠢᠵᠦ ᠶᠦᠳᠠ ᠶᠢᠨ ᠭᠡᠷ ᠲᠦ ᠢᠪᠡᠭᠡᠯ ᠪᠠᠭᠤᠯᠭᠠᠬᠤ ᠪᠠᠷ ᠰᠢᠢᠳᠦᠯ᠎ᠡ᠃ ᠲᠠ ᠨᠠᠷ ᠪᠦᠦ ᠠᠶᠤ᠂ 16 ᠲᠠ ᠨᠠᠷ ᠡᠳᠡᠭᠡᠷ ᠢ ᠬᠢᠬᠦ ᠶᠣᠰᠣᠲᠠᠢ᠄ ᠨᠢᠭᠡ ᠨᠢᠭᠡᠨ ᠳᠡᠭᠡᠨ ᠦᠨᠡᠨ ᠢ ᠶᠠᠷᠢ᠂ ᠰᠢᠭᠦᠬᠦ ᠳᠡᠭᠡᠨ ᠦᠨᠡᠨᠴᠢ ᠰᠢᠳᠤᠷᠭᠤ ᠪᠠᠷ᠂ ᠠᠮᠤᠷ ᠲᠠᠢᠪᠤᠩ ᠤᠨ ᠲᠥᠯᠥᠭᠡ ᠰᠢᠭᠦ᠂ 17 ᠨᠢᠭᠡ ᠨᠢᠭᠡᠨ ᠦ ᠪᠠᠨ ᠡᠰᠡᠷᠭᠦ ᠵᠢᠷᠦᠬᠡᠨ ᠳᠡᠭᠡᠨ ᠮᠠᠭᠤ ᠶᠢ ᠪᠦᠦ ᠲᠥᠯᠥᠪᠯᠡ᠂ ᠬᠤᠳᠠᠯ ᠲᠠᠩ᠋ᠭᠠᠷᠢᠭ ᠲᠤ ᠪᠦᠦ ᠳᠤᠷᠠᠯᠠ᠂ ᠡᠨᠡ ᠪᠦᠬᠦᠨ ᠢ ᠪᠢ ᠦᠵᠡᠨ ᠶᠠᠳᠠᠳᠠᠭ᠃〉》 ᠶᠣᠬᠣᠸᠠ ᠠᠢᠯᠠᠳᠴᠤ ᠪᠠᠢᠨ᠎ᠠ᠃

18 ᠠᠤᠭ᠎ᠠ ᠬᠦᠴᠦᠲᠦ ᠶᠣᠬᠣᠸᠠ ᠶᠢᠨ ᠦᠭᠡ ᠨᠠᠳᠠ ᠤᠷᠤᠭᠤ ᠢᠷᠡᠭᠰᠡᠨ ᠨᠢ᠄ 19 《ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠳᠥᠷᠪᠡ᠂ ᠲᠠᠪᠤ᠂ ᠳᠣᠯᠣᠭ᠎ᠠ᠂ ᠠᠷᠪᠠᠳᠤᠭᠠᠷ ᠰᠠᠷ᠎ᠠ ᠶᠢᠨ ᠪᠠᠴᠠᠭ ᠪᠠᠷᠢᠯᠲᠠ ᠶᠢ ᠶᠦᠳᠠ ᠶᠢᠨ ᠭᠡᠷ ᠦᠨ ᠪᠠᠶᠠᠰᠤᠨ ᠪᠠᠶᠠᠷᠯᠠᠬᠤ ᠰᠠᠢᠬᠠᠨ ᠪᠠᠶᠠᠷ ᠪᠣᠯᠭᠠᠨ ᠬᠤᠪᠢᠷᠠᠭᠤᠯᠤᠨ᠎ᠠ᠂ ᠡᠢᠮᠦ ᠡᠴᠡ ᠦᠨᠡᠨ ᠬᠢᠭᠡᠳ ᠠᠮᠤᠷ ᠠᠮᠤᠭᠤᠯᠠᠩ ᠢ ᠬᠠᠢᠷᠠᠯᠠ᠃〉

20 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ ᠬᠣᠵᠢᠮ ᠣᠯᠠᠨ ᠦᠨᠳᠦᠰᠦᠲᠡᠨ ᠪᠠ ᠣᠯᠠᠨ ᠬᠣᠲᠠ ᠶᠢᠨ ᠰᠠᠭᠤᠭᠠᠯᠢᠴᠢᠳ ᠨᠠᠰᠢ ᠢᠷᠡᠨ᠎ᠡ᠂ 21 ᠨᠢᠭᠡ ᠬᠣᠲᠠ ᠶᠢᠨ ᠬᠢᠨ ᠨᠥᠭᠥᠭᠡ ᠬᠣᠲᠠ ᠶᠢᠨ ᠬᠢᠨ ᠳᠤ ᠣᠴᠢᠵᠤ᠄ 〈ᠪᠢᠳᠡ ᠵᠠᠪᠠᠯ ᠣᠴᠢᠵᠠᠭᠠᠶ᠎ᠠ᠂ ᠪᠢᠳᠡ ᠶᠣᠬᠣᠸᠠ ᠶᠢᠨ ᠡᠮᠦᠨ᠎ᠡ ᠳᠠᠭᠠᠳᠬᠠᠨ ᠠᠤᠭ᠎ᠠ ᠬᠦᠴᠦᠲᠦ ᠶᠣᠬᠣᠸᠠ ᠶᠢ ᠬᠠᠢᠵᠠᠭᠠᠶ᠎ᠠ᠂ ᠪᠢ ᠪᠠᠰᠠ ᠶᠠᠪᠤᠨ᠎ᠠ〉 ᠭᠡᠬᠦ ᠪᠣᠯᠣᠨ᠎ᠠ᠃ 22 ᠲᠡᠢᠨ ᠬᠦ ᠣᠯᠠᠨ ᠦᠨᠳᠦᠰᠦᠲᠡᠨ ᠪᠠ ᠬᠦᠴᠦᠷᠬᠡᠭ ᠭᠦᠷᠦᠨ ᠨᠦᠭᠦᠳ ᠠᠤᠭ᠎ᠠ ᠬᠦᠴᠦᠲᠦ ᠶᠣᠬᠣᠸᠠ ᠶᠢ ᠬᠠᠢᠨ ᠶᠣᠬᠣᠸᠠ ᠶᠢᠨ ᠡᠮᠦᠨ᠎ᠡ ᠳᠠᠭᠠᠳᠬᠠᠬᠤ ᠪᠠᠷ ᠢᠷᠡᠬᠦ ᠪᠣᠯᠣᠨ᠎ᠠ᠃〉 23 ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠲᠡᠷᠡ ᠡᠳᠦᠷ ᠤᠳ ᠲᠤ ᠠᠯᠢᠪᠠ ᠬᠡᠯᠡᠲᠡᠨ ᠦᠨᠳᠦᠰᠦᠲᠡᠨ ᠨᠦᠭᠦᠳ ᠡᠴᠡ ᠠᠷᠪᠠᠨ ᠬᠥᠮᠦᠨ ᠨᠢᠭᠡ ᠶᠦᠳᠠᠢ ᠬᠥᠮᠦᠨ ᠦ ᠬᠣᠷᠮᠣᠢ ᠠᠴᠠ ᠵᠢᠭᠤᠷᠠᠨ᠂ ᠪᠢᠳᠡᠨ ᠢ ᠥᠪᠡᠷ ᠲᠡᠢ ᠪᠡᠨ ᠬᠠᠮᠲᠤ ᠶᠠᠪᠤᠭᠤᠯᠤᠭᠠᠴᠢ᠂ ᠪᠤᠷᠬᠠᠨ ᠲᠠ ᠨᠠᠷ ᠲᠠᠢ ᠬᠠᠮᠲᠤ ᠪᠠᠢᠭ᠎ᠠ ᠶᠢ ᠪᠢᠳᠡ ᠰᠣᠨᠣᠰᠣᠯ᠎ᠠ〉 ᠭᠡᠬᠦ ᠪᠣᠯᠣᠨ᠎ᠠ᠃》