ᠽᠧᠺᠠᠷᠢᠶ᠎ᠠ ᠭᠤᠷᠪᠠ
ᠲᠠᠬᠢᠯᠴᠢ ᠶᠣᠱᠦ᠋ᠶ᠎ᠠ ᠶᠢ ᠴᠡᠪᠡᠷᠰᠢᠭᠦᠯᠪᠡ
1 ᠳᠠᠷᠠᠭ᠎ᠠ ᠨᠢ ᠲᠡᠷᠡ ᠨᠠᠳᠠ ᠳᠤ ᠶᠣᠬᠣᠸᠠ ᠶᠢᠨ ᠡᠯᠴᠢ ᠶᠢᠨ ᠡᠮᠦᠨ᠎ᠡ ᠵᠣᠭᠰᠣᠵᠤ ᠪᠤᠢ ᠲᠡᠷᠢᠭᠦᠨ ᠲᠠᠬᠢᠯᠴᠢ ᠶᠣᠱᠦ᠋ᠶ᠎ᠠ ᠶᠢ ᠦᠵᠡᠭᠦᠯᠪᠡ᠃ ᠰᠠᠲ᠋ᠠᠨ ᠲᠡᠭᠦᠨ ᠢ ᠪᠤᠷᠤᠭᠤᠳᠬᠠᠬᠤ ᠪᠠᠷ ᠪᠠᠷᠠᠭᠤᠨ ᠭᠠᠷ ᠲᠠᠯ᠎ᠠ ᠳᠤᠨᠢ ᠵᠣᠭᠰᠣᠵᠤ ᠪᠠᠢᠯ᠎ᠠ᠃ 2 ᠶᠣᠬᠣᠸᠠ 1 ᠰᠠᠲ᠋ᠠᠨ ᠳᠤ᠄ 《ᠰᠠᠲ᠋ᠠᠨ ᠡ︕ ᠶᠣᠬᠣᠸᠠ ᠪᠢ ᠴᠢᠮ᠎ᠠ ᠶᠢ ᠵᠢᠮᠡᠯᠡᠵᠦ ᠪᠠᠢᠨ᠎ᠠ᠂ ᠶᠧᠷᠦ᠋ᠰᠠᠯᠧᠮ ᠢ ᠰᠣᠩ᠋ᠭᠣᠵᠤ ᠠᠪᠤᠭᠰᠠᠨ ᠶᠣᠬᠣᠸᠠ ᠪᠢ ᠴᠢᠮ᠎ᠠ ᠶᠢ ᠵᠢᠮᠡᠯᠡᠵᠦ ᠪᠠᠢᠨ᠎ᠠ᠃ ᠡᠨᠡ ᠬᠥᠮᠦᠨ ᠪᠣᠯ ᠭᠠᠯ ᠠᠴᠠ ᠭᠠᠷᠭᠠᠵᠤ ᠠᠪᠤᠭᠰᠠᠨ ᠲᠦᠯᠡᠭᠡ ᠪᠢᠰᠢ ᠤᠤ︖》 ᠭᠡᠪᠡ᠃ 3 ᠬᠠᠷᠢᠨ ᠶᠣᠱᠦ᠋ᠶ᠎ᠠ ᠲᠩᠷᠢ ᠡᠯᠴᠢ ᠶᠢᠨ ᠡᠮᠦᠨ᠎ᠡ ᠪᠤᠵᠠᠷ ᠬᠤᠪᠴᠠᠰᠤ ᠡᠮᠦᠰᠦᠭᠡᠳ ᠵᠣᠭᠰᠣᠵᠤ ᠪᠠᠢᠪᠠ᠃ 4 ᠶᠣᠬᠣᠸᠠ ᠥᠪᠡᠷ ᠦᠨ ᠢᠶᠠᠨ ᠡᠮᠦᠨ᠎ᠡ ᠵᠣᠭᠰᠣᠭᠴᠢᠳ ᠲᠤ᠄ 《ᠲᠡᠭᠦᠨ ᠦ ᠪᠤᠵᠠᠷ ᠬᠤᠪᠴᠠᠰᠤ ᠶᠢ ᠲᠠᠢᠯ》 ᠭᠡᠳ 《ᠬᠠᠷ᠎ᠠ᠂ ᠪᠢ ᠴᠢᠨᠦ ᠭᠡᠮ ᠪᠤᠷᠤᠭᠤ ᠶᠢ ᠴᠢᠮ᠎ᠠ ᠠᠴᠠ ᠵᠠᠢᠯᠠᠭᠤᠯᠤᠭᠰᠠᠨ᠂ ᠪᠢ ᠴᠢᠮ᠎ᠠ ᠳᠤ ᠰᠠᠢᠬᠠᠨ ᠳᠡᠪᠡᠯ ᠡᠮᠦᠰᠭᠡᠶᠡ》 ᠭᠡᠯᠡ᠃ 5 ᠪᠢ᠄ 《ᠲᠡᠭᠦᠨ ᠦ ᠲᠣᠯᠣᠭᠠᠢ ᠳᠤ ᠲᠡᠳᠡᠨ ᠢᠶᠡᠷ ᠴᠡᠪᠡᠷ ᠣᠷᠢᠶᠠᠯᠲᠠ ᠵᠡᠭᠦᠯᠭᠡᠭᠦᠯᠦᠭᠡᠴᠢ》 ᠭᠡᠰᠡᠨ ᠳᠦ᠂ ᠲᠡᠳᠡ ᠲᠣᠯᠣᠭᠠᠢ ᠳᠡᠭᠡᠷ᠎ᠡ ᠨᠢ ᠴᠡᠪᠡᠷ ᠣᠷᠢᠶᠠᠯᠲᠠ ᠵᠡᠭᠦᠯᠭᠡᠵᠦ᠂ ᠬᠤᠪᠴᠠᠰᠤ ᠡᠮᠦᠰᠬᠡᠪᠡ᠃ ᠶᠣᠬᠣᠸᠠ ᠶᠢᠨ ᠡᠯᠴᠢ ᠲᠡᠨᠳᠡ ᠵᠣᠭᠰᠣᠭᠰᠠᠭᠠᠷ ᠪᠠᠢᠯ᠎ᠠ᠃
6 ᠶᠣᠬᠣᠸᠠ ᠶᠢᠨ ᠡᠯᠴᠢ ᠶᠣᠱᠦ᠋ᠶ᠎ᠠ ᠳᠤ ᠡᠢᠨ ᠬᠦ ᠵᠠᠬᠢᠪᠠ᠄ 7 《ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠡᠷᠪᠡ ᠴᠢ ᠮᠢᠨᠦ ᠵᠠᠮ ᠢ ᠳᠠᠭᠠᠵᠤ᠂ ᠰᠠᠬᠢᠯᠭ᠎ᠠ ᠶᠢ ᠮᠢᠨᠢ ᠰᠠᠬᠢᠪᠠᠯ᠂ ᠮᠢᠨᠦ ᠭᠡᠷ ᠢ ᠵᠠᠬᠢᠷᠴᠤ᠂ ᠮᠥᠨ ᠮᠢᠨᠦ ᠬᠦᠷᠢᠶ᠎ᠡ ᠶᠢ ᠰᠠᠬᠢᠬᠤ ᠪᠣᠯᠣᠨ᠎ᠠ᠃ ᠪᠢ ᠴᠢᠮ᠎ᠠ ᠳᠤ ᠡ᠊ᠨᠳᠡ ᠵᠣᠭᠰᠣᠭᠴᠢᠳ ᠤᠨ ᠳᠤᠮᠳᠠᠭᠤᠷ ᠠᠯᠬᠤᠬᠤ ᠡᠷᠬᠡ ᠶᠢ ᠣᠯᠭᠣᠨ᠎ᠠ᠃ 8 ᠲᠡᠷᠢᠭᠦᠨ ᠲᠠᠬᠢᠯᠴᠢ ᠶᠣᠱᠦ᠋ᠶ᠎ᠠ ᠡ᠂ ᠴᠢ ᠥᠪᠡᠷ ᠦᠨ ᠢᠶᠠᠨ ᠡᠮᠦᠨ᠎ᠡ ᠪᠠᠢᠭ᠎ᠠ ᠨᠠᠢᠵᠠ ᠨᠠᠷ (ᠲᠡᠳᠡ ᠨᠠᠷ ᠪᠣᠯ ᠢᠷᠡᠭᠡᠳᠦᠢ ᠶᠢᠨ ᠪᠡᠯᠭᠡᠳᠡᠯ ᠪᠢᠯᠡ) ᠲᠠᠢ ᠪᠠᠨ ᠬᠠᠮᠲᠤ ᠣᠳᠣ ᠰᠣᠨᠣᠰᠣᠭᠲᠤᠨ᠂ ᠬᠠᠷ᠎ᠠ᠂ ᠪᠢ ᠵᠠᠷᠤᠴᠠ ᠨᠠᠬᠢᠶ᠎ᠠ 2 ᠪᠠᠨ ᠠᠪᠴᠢᠷᠠᠬᠤ ᠭᠡᠵᠦ ᠪᠠᠢᠨ᠎ᠠ᠃ 9 ᠶᠣᠱᠦ᠋ᠶ᠎ᠠ ᠶᠢᠨ ᠡᠮᠦᠨ᠎ᠡ ᠮᠢᠨᠦ ᠲᠠᠯᠪᠢᠭᠰᠠᠨ ᠴᠢᠯᠠᠭᠤ ᠶᠢ ᠦᠵᠡᠭᠲᠦᠨ᠃ ᠲᠡᠷᠡ ᠴᠢᠯᠠᠭᠤ ᠳᠣᠯᠣᠭᠠᠨ ᠨᠢᠳᠦ ᠲᠠᠢ᠂ ᠬᠠᠷ᠎ᠠ᠂ ᠪᠢ ᠲᠡᠭᠦᠨ ᠳᠡᠭᠡᠷ᠎ᠡ ᠪᠢᠴᠢᠭᠡᠰᠦ ᠰᠡᠢᠯᠦᠨᠡ᠂〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 〈ᠪᠢ ᠭᠠᠭᠴᠠ ᠡᠳᠦᠷ ᠦᠨ ᠳᠣᠲᠣᠷ᠎ᠠ ᠡᠨᠡ ᠭᠠᠵᠠᠷ ᠤᠨ ᠭᠡᠮ ᠪᠤᠷᠤᠭᠤ ᠶᠢ ᠠᠷᠢᠯᠭᠠᠨ᠎ᠠ᠃ 10 ᠲᠡᠷᠡ ᠡᠳᠦᠷ ᠲᠠᠨ ᠤ ᠬᠥᠮᠦᠨ ᠪᠦᠷᠢ ᠬᠥᠷᠰᠢ ᠪᠠᠨ ᠦᠵᠦᠮ ᠦᠨ ᠮᠣᠳᠣᠨ ᠤ ᠪᠠᠨ ᠳᠣᠣᠷ᠎ᠠ᠂ ᠢᠨᠵᠢᠷ ᠤᠨ ᠮᠣᠳᠣᠨ ᠤ ᠪᠠᠨ ᠳᠣᠣᠷ᠎ᠠ ᠤᠷᠢᠬᠤ ᠪᠣᠯᠣᠨ᠎ᠠ᠃〉》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃