ᠢᠪᠷᠠᠢ ᠨᠢᠭᠡ
ᠬᠦᠦ ᠨᠢ ᠲᠩᠷᠢ ᠡᠯᠴᠢᠳ ᠡᠴᠡ ᠡᠷᠬᠢᠮ
1 ᠡᠷᠲᠡ ᠦᠶ᠎ᠡ ᠳᠦ ᠪᠤᠷᠬᠠᠨ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠣᠯᠠᠨ ᠤᠳᠠᠭ᠎ᠠ᠂ ᠣᠯᠠᠨ ᠠᠷᠭ᠎ᠠ ᠪᠠᠷ ᠪᠢᠳᠡᠨ ᠦ ᠳᠡᠭᠡᠳᠦᠰ ᠲᠦ ᠶᠠᠷᠢᠭᠰᠠᠨ ᠪᠣᠯ᠂ 2 ᠡᠨᠡ ᠬᠦ ᠡᠴᠦᠰ ᠦᠨ ᠡᠳᠦᠷ ᠤᠳ ᠲᠤ ᠬᠦᠦ ᠪᠡᠷ ᠢᠶᠠᠨ ᠳᠠᠮᠵᠢᠭᠤᠯᠤᠨ ᠪᠢᠳᠡᠨ ᠳᠦ ᠶᠠᠷᠢᠪᠠ᠃ ᠪᠤᠷᠬᠠᠨ ᠲᠡᠭᠦᠨ ᠢ ᠬᠠᠮᠤᠭ ᠶᠠᠭᠤᠮ᠎ᠠ ᠶᠢᠨ ᠥᠪ ᠵᠠᠯᠭᠠᠮᠵᠢᠯᠠᠭᠴᠢ ᠪᠣᠯᠭᠠᠭᠰᠠᠨ᠂ ᠪᠠᠰᠠ ᠲᠡᠭᠦᠨ ᠢᠶᠡᠷ ᠳᠠᠮᠵᠢᠭᠤᠯᠤᠨ ᠣᠷᠴᠢᠯᠠᠩ ᠢ ᠪᠦᠲᠦᠭᠡᠪᠡ᠃ 3 ᠬᠦᠦ ᠨᠢ ᠪᠤᠷᠬᠠᠨ ᠤ ᠠᠯᠳᠠᠷ ᠰᠤᠤᠲᠤ ᠭᠢᠯᠪᠠᠭ᠎ᠠ᠂ ᠲᠡᠭᠦᠨ ᠦ ᠮᠥᠨ ᠴᠢᠨᠠᠷ ᠤᠨ ᠲᠣᠳᠣᠷᠬᠠᠢᠯᠠᠯᠲᠠ ᠪᠥᠭᠡᠳ ᠥᠪᠡᠷ ᠦᠨ ᠢᠶᠠᠨ ᠬᠦᠴᠦ ᠪᠦᠬᠦᠢ ᠦᠭᠡ ᠪᠡᠷ ᠬᠠᠮᠤᠭ ᠶᠠᠭᠤᠮ᠎ᠠ ᠶᠢ ᠪᠠᠢᠯᠭᠠᠭᠴᠢ ᠮᠥᠨ᠃ ᠲᠡᠷᠡ ᠭᠡᠮ ᠨᠢᠭᠦᠯ ᠢ ᠴᠡᠪᠡᠷᠯᠡᠵᠦ᠂ ᠥᠨᠳᠥᠷ ᠳᠠᠬᠢ ᠠᠤᠭ᠎ᠠ ᠶᠡᠬᠡ ᠨᠢᠭᠡᠨ ᠦ ᠪᠠᠷᠠᠭᠤᠨ ᠲᠠᠯ᠎ᠠ ᠳᠤ ᠵᠠᠯᠠᠷᠠᠪᠠ᠃ 4 ᠡᠢᠨ ᠬᠦ ᠲᠡᠷᠡ ᠪᠡᠷ ᠲᠩᠷᠢ ᠡᠯᠴᠢᠳ ᠡᠴᠡ ᠳᠡᠭᠡᠭᠦᠷ ᠪᠠᠢᠭᠰᠠᠨ᠃ ᠥᠪ ᠵᠠᠯᠭᠠᠮᠵᠢᠯᠠᠭᠰᠠᠨ ᠨᠡᠷ᠎ᠡ ᠨᠢ ᠴᠤ ᠲᠡᠳᠡᠨ ᠡᠴᠡ ᠨᠡᠩ ᠡᠷᠬᠢᠮ᠃
5 ᠤᠴᠢᠷ ᠨᠢ᠂ ᠪᠤᠷᠬᠠᠨ ᠠᠯᠢ ᠴᠤ ᠲᠩᠷᠢ ᠡᠯᠴᠢ ᠳᠤ 《ᠴᠢ ᠪᠣᠯ ᠮᠢᠨᠦ ᠬᠦᠦ᠂ ᠥᠨᠥᠳᠥᠷ ᠪᠢ ᠴᠢᠮᠠᠶᠢ ᠲᠥᠷᠥᠭᠦᠯᠦᠭᠰᠡᠨ》 ᠭᠡᠰᠡᠨ ᠦᠭᠡᠢ᠃ ᠪᠠᠰᠠ 《ᠪᠢ ᠲᠡᠭᠦᠨ ᠦ ᠡᠴᠢᠭᠡ ᠪᠣᠯᠵᠤ᠂ ᠲᠡᠷᠡ ᠮᠢᠨᠦ ᠬᠦᠦ ᠪᠣᠯᠣᠨ᠎ᠠ》 ᠭᠡᠵᠦ ᠬᠡᠯᠡᠭᠰᠡᠨ ᠦᠭᠡᠢ᠃ 6 ᠬᠠᠷᠢᠨ ᠪᠤᠷᠬᠠᠨ ᠤᠤᠭᠠᠨ ᠬᠦᠦ ᠪᠡᠨ ᠳᠡᠯᠡᠬᠡᠢ ᠳᠦ ᠶᠠᠪᠤᠭᠤᠯᠬᠤ ᠳᠠᠭᠠᠨ 《ᠪᠤᠷᠬᠠᠨ ᠤ ᠬᠠᠮᠤᠭ ᠡᠯᠴᠢ ᠲᠡᠭᠦᠨ ᠳᠦ ᠮᠥᠷᠭᠥᠭᠲᠦᠨ》 ᠭᠡᠵᠦ ᠬᠡᠯᠡᠪᠡ᠃ 7 ᠲᠡᠷᠡ ᠪᠡᠷ ᠲᠩᠷᠢ ᠡᠯᠴᠢᠳ ᠤᠨ ᠲᠤᠬᠠᠢ 《ᠡᠯᠴᠢᠳ ᠢᠶᠠᠨ ᠰᠠᠯᠬᠢ᠂ ᠵᠠᠷᠤᠴᠠ ᠨᠠᠷ ᠢᠶᠠᠨ ᠭᠠᠯ ᠴᠠᠬᠢᠯᠭᠠᠨ ᠪᠣᠯᠭᠠᠳᠠᠭ》 ᠭᠡᠰᠡᠨ ᠪᠣᠯ᠂ 8 ᠲᠡᠷᠡ ᠬᠦ ᠬᠦᠦ ᠶᠢᠨ ᠢᠶᠠᠨ ᠲᠤᠬᠠᠢ 《ᠪᠤᠷᠬᠠᠨ ᠡ᠂ ᠲᠠᠨ ᠤ ᠰᠡᠨᠲᠢ ᠡᠭᠦᠷᠢᠳᠡ ᠮᠥᠩᠬᠡ ᠶᠢᠨ ᠬᠢ᠂ ᠲᠠᠨ ᠤ ᠬᠠᠭᠠᠨᠴᠢᠯᠠᠯ ᠤᠨ ᠲᠠᠶᠠᠭ ᠪᠣᠯ ᠰᠢᠳᠤᠷᠭᠤ ᠶᠢᠨ ᠲᠠᠶᠠᠭ᠃ 9 ᠲᠠ ᠵᠥᠪ ᠢ ᠬᠠᠢᠷᠠᠯᠠᠵᠤ᠂ ᠪᠤᠷᠤᠭᠤ ᠶᠢ ᠵᠢᠭ᠍ᠰᠢᠳᠡᠭ᠂ ᠲᠡᠢᠮᠦ ᠡᠴᠡ ᠪᠤᠷᠬᠠᠨ᠂ ᠲᠠᠨ ᠤ ᠪᠤᠷᠬᠠᠨ ᠪᠠᠶᠠᠷ ᠤᠨ ᠲᠣᠰᠣ ᠪᠠᠷ ᠲᠠᠨ ᠢ ᠲᠣᠰᠣᠯᠠᠨ᠂ ᠲᠠᠨ ᠢ ᠬᠠᠨᠢᠲᠠᠳ ᠤᠨ ᠴᠢᠨᠢ ᠳᠡᠭᠡᠷ᠎ᠡ ᠡᠷᠭᠦᠮᠵᠢᠯᠡᠭᠰᠡᠨ》 ᠭᠡᠪᠡ᠃ 10 ᠲᠡᠷᠡ ᠪᠠᠰᠠ᠄ 《ᠡᠵᠡᠨ ᠡ᠂ ᠳᠡᠯᠡᠬᠡᠢ ᠶᠢᠨ ᠰᠠᠭᠤᠷᠢ ᠶᠢ ᠲᠠ ᠡᠬᠢᠨ ᠳᠤ ᠲᠠᠯᠪᠢᠭᠰᠠᠨ᠂ ᠲᠩᠷᠢ ᠴᠤ ᠲᠠᠨ ᠤ ᠮᠤᠲᠤᠷ ᠤᠨ ᠪᠦᠲᠦᠭᠡᠯ ᠶᠤᠮ᠃ 11 ᠲᠡᠳᠡᠭᠡᠷ ᠨᠢ ᠠᠷᠢᠯᠬᠤ ᠪᠣᠯᠪᠠᠴᠤ ᠲᠠ ᠦᠯᠡᠳᠡᠨ᠎ᠡ᠂ ᠲᠡᠷᠡ ᠬᠣᠶᠠᠭᠤᠯᠠ ᠪᠠᠨ ᠬᠤᠪᠴᠠᠰᠤ ᠮᠡᠲᠦ ᠬᠠᠭᠤᠴᠢᠷᠠᠬᠤ ᠪᠣᠯᠣᠨ᠎ᠠ᠂ 12 ᠲᠠ ᠲᠡᠳᠡᠭᠡᠷ ᠢ ᠳᠡᠪᠡᠯ ᠮᠡᠲᠦ ᠡᠪᠭᠡᠵᠦ᠂ ᠲᠡᠳᠡ ᠬᠤᠪᠴᠠᠰᠤ ᠮᠡᠲᠦ ᠰᠣᠯᠢᠭᠳᠠᠨ᠎ᠠ᠂ ᠬᠠᠷᠢᠨ ᠲᠠ ᠬᠡᠪ ᠢᠶᠡᠷ ᠢᠶᠠᠨ᠂ ᠲᠠᠨ ᠤ ᠣᠨ ᠵᠢᠯ ᠤᠳ ᠲᠡᠭᠦᠰᠦᠰᠢ ᠦᠭᠡᠢ》 ᠭᠡᠪᠡ᠃ 13 ᠪᠤᠷᠬᠠᠨ ᠠᠯᠢ ᠴᠤ ᠲᠩᠷᠢ ᠡᠯᠴᠢ ᠳᠤ᠄ 《ᠪᠢ ᠴᠢᠨᠦ ᠳᠠᠢᠰᠤᠨ ᠨᠤᠭᠤᠳ ᠢ ᠬᠥᠯ ᠦᠨ ᠴᠢᠨᠢ ᠭᠢᠰᠬᠢᠭᠦᠷ ᠪᠣᠯᠭᠠᠬᠤ ᠬᠦᠷᠲᠡᠯ᠎ᠡ ᠴᠢ ᠮᠢᠨᠦ ᠪᠠᠷᠠᠭᠤᠨ ᠲᠠᠯ᠎ᠠ ᠳᠤ ᠰᠠᠭᠤᠵᠤ ᠪᠠᠢ》 ᠭᠡᠵᠦ ᠬᠡᠯᠡᠭᠰᠡᠨ ᠦᠭᠡᠢ᠃ 14 ᠲᠩᠷᠢ ᠡᠯᠴᠢ ᠪᠦᠬᠦᠨ ᠠᠪᠤᠷᠠᠯ ᠤᠨ ᠥᠪ ᠵᠠᠯᠭᠠᠮᠵᠢᠯᠠᠭᠴᠢ ᠳᠤ ᠦᠢᠯᠡᠴᠢᠯᠡᠬᠦ ᠶᠢᠨ ᠲᠤᠯᠠᠳᠠ ᠢᠯᠡᠭᠡᠭᠳᠡᠭᠰᠡᠨ ᠵᠠᠷᠤᠴᠠ ᠰᠦᠨᠡᠰᠦ ᠪᠢᠰᠢ ᠤᠤ︖