1 2 3 4 5 6 7 8 9 10 11 12 13


ᠢᠪᠷᠠᠢ ᠭᠤᠷᠪᠠ
 ᠢᠰᠦ᠋ᠰ ᠮᠣᠰᠧ ᠡᠴᠡ ᠡᠷᠬᠢᠮ

1 ᠡᠢᠮᠦ ᠡᠴᠡ ᠲᠩᠷᠢᠯᠢᠭ ᠳᠠᠭᠤᠳᠠᠯᠭ᠎ᠠ ᠶᠢ ᠬᠠᠮᠲᠤ ᠬᠦᠯᠢᠶᠡᠭᠰᠡᠨ ᠠᠷᠢᠭᠤᠨ ᠠᠬ᠎ᠠ ᠳᠡᠭᠦᠦ ᠨᠠᠷ ᠡ᠂ ᠡᠯᠴᠢ ᠪᠣᠯᠣᠨ ᠲᠡᠷᠢᠭᠦᠨ ᠲᠠᠬᠢᠯᠴᠢ ᠬᠡᠮᠡᠨ ᠪᠢᠳᠡᠨ ᠦ ᠬᠦᠯᠢᠶᠡᠨ ᠵᠥᠪᠰᠢᠶᠡᠷᠡᠳᠡᠭ ᠢᠰᠦ᠋ᠰ ᠢ ᠲᠤᠩ᠋ᠭᠠᠭᠲᠤᠨ᠃ 2 ᠲᠡᠷᠡ ᠥᠪᠡᠷ ᠢ ᠨᠢ ᠲᠣᠮᠢᠯᠠᠭᠰᠠᠨ ᠨᠢᠭᠡᠨ ᠳᠦ ᠢᠲᠡᠭᠡᠮᠵᠢᠲᠠᠢ ᠪᠠᠢᠭᠰᠠᠨ᠂ ᠮᠣᠰᠧ ᠴᠤ ᠪᠤᠷᠬᠠᠨ ᠤ ᠪᠦᠬᠦ ᠭᠡᠷ ᠪᠦᠯᠢ ᠳᠤ ᠢᠲᠡᠭᠡᠮᠵᠢᠲᠠᠢ ᠪᠠᠢᠭᠰᠠᠨ ᠪᠣᠯᠪᠠᠴᠤ 3 ᠢᠰᠦ᠋ᠰ ᠮᠣᠰᠧ ᠡᠴᠡ ᠨᠡᠩ ᠶᠡᠬᠡ ᠠᠯᠳᠠᠷ ᠰᠤᠤ ᠶᠢ ᠬᠦᠷᠲᠡᠬᠦ ᠨᠢ ᠵᠣᠬᠢᠰᠲᠠᠢ ᠪᠢᠯᠡ᠂ ᠡᠨᠡ ᠨᠢ ᠭᠡᠷ ᠪᠠᠷᠢᠭᠴᠢ ᠨᠢ ᠭᠡᠷ ᠡᠴᠡ ᠢᠯᠡᠭᠦᠦ ᠬᠦᠨᠳᠦᠳᠬᠡᠯ ᠢ ᠣᠯᠬᠤ ᠲᠠᠢ ᠠᠳᠠᠯᠢ᠃ 4 ᠤᠴᠢᠷ ᠨᠢ ᠭᠡᠷ ᠪᠣᠯᠭᠠᠨ ᠳᠤ ᠪᠠᠷᠢᠭᠴᠢ ᠪᠤᠢ᠂ ᠬᠠᠮᠤᠭ ᠶᠠᠭᠤᠮ᠎ᠠ ᠶᠢᠨ ᠪᠦᠲᠦᠭᠡᠭᠴᠢ ᠨᠢ ᠪᠤᠷᠬᠠᠨ ᠮᠥᠨ᠃ 5 ᠮᠣᠰᠧ ᠪᠣᠯ ᠪᠤᠷᠬᠠᠨ ᠤ ᠪᠦᠬᠦ ᠭᠡᠷ ᠪᠦᠯᠢ ᠶᠢᠨ ᠢᠲᠡᠭᠡᠮᠵᠢᠲᠦ ᠵᠠᠷᠤᠴᠠ ᠪᠠᠢᠭᠰᠠᠨ ᠪᠥᠭᠡᠳ ᠬᠣᠵᠢᠮ ᠢᠯᠡᠷᠬᠡᠶᠢᠯᠡᠭᠳᠡᠬᠦ ᠵᠦᠢᠯᠡᠰ ᠢ ᠭᠡᠷᠡᠴᠢᠯᠡᠭᠰᠡᠨ ᠶᠤᠮ᠃ 6 ᠬᠠᠷᠢᠨ ᠾᠷᠢᠰᠲ᠋ᠣᠰ ᠪᠣᠯ ᠭᠡᠷ ᠪᠦᠯᠢ ᠶᠢᠨ ᠢᠶᠠᠨ ᠢᠲᠡᠭᠡᠮᠵᠢᠲᠦ ᠬᠦᠦ ᠪᠠᠢᠪᠠ᠃ ᠬᠡᠷᠪᠡ ᠡᠷᠡᠮᠡᠯᠵᠡᠯ ᠢᠶᠡᠨ ᠵᠣᠷᠢᠭᠲᠠᠢ᠂ ᠪᠠᠬᠠᠷᠬᠠᠯ ᠲᠠᠢ ᠪᠠᠷᠢᠮᠲᠠᠯᠠᠵᠤ ᠪᠠᠢᠪᠠᠯ ᠪᠢᠳᠡ ᠴᠤ ᠲᠡᠭᠦᠨ ᠦ ᠭᠡᠷ ᠦᠨ ᠬᠢᠨ ᠪᠢᠯᠡ᠃
 ᠠᠯᠳᠠᠵᠤ ᠶᠠᠪᠤᠭᠤᠯᠤᠭᠰᠠᠨ ᠠᠮᠠᠷᠠᠯ — ᠬᠣᠶᠠᠳᠤᠭᠠᠷ ᠰᠠᠨᠠᠭᠤᠯᠭ᠎ᠠ᠄ ᠢᠲᠡᠭᠡᠯ ᠦᠭᠡᠢ ᠳᠦ (2)

7 ᠡᠢᠮᠦ ᠡᠴᠡ ᠠᠷᠢᠭᠤᠨ ᠰᠦᠨᠡᠰᠦᠨ ᠦ ᠬᠡᠯᠡᠭᠰᠡᠨ ᠲᠡᠢ ᠠᠳᠠᠯᠢ 《ᠬᠡᠷᠪᠡ ᠥᠨᠥᠳᠥᠷ ᠲᠠ ᠨᠠᠷ ᠲᠡᠭᠦᠨ ᠦ ᠳᠠᠭᠤ ᠶᠢ ᠰᠣᠨᠣᠰᠪᠠᠯ
8 ᠴᠥᠯ ᠳᠤ ᠲᠡᠩᠰᠡᠭᠳᠡᠭᠰᠡᠨ ᠡᠳᠦᠷ ᠢᠶᠡᠨ ᠲᠡᠷᠰᠯᠡᠭᠰᠡᠨ ᠰᠢᠭ ᠢᠶᠠᠨ ᠵᠢᠷᠦᠬᠡ ᠪᠡᠨ ᠪᠦᠦ ᠬᠠᠲᠠᠭᠤᠷᠠᠭᠤᠯ᠃
9 ᠲᠡᠨᠳᠡ ᠡᠴᠢᠭᠡ ᠡᠪᠦᠭᠡᠳ ᠴᠢᠨᠢ ᠨᠠᠮᠠᠶᠢ ᠲᠡᠩᠰᠡᠭᠰᠡᠨ ᠳᠥᠴᠢᠨ ᠵᠢᠯ ᠦᠢᠯᠡᠰ ᠢ ᠮᠢᠨᠢ ᠦᠵᠡᠭᠰᠡᠨ ᠬᠢᠷᠢ ᠨᠢ ᠰᠣᠷᠢᠭᠰᠠᠨ
10 ᠡᠢᠮᠦ ᠡᠴᠡ ᠪᠢ ᠲᠡᠷᠡ ᠦᠶ᠎ᠡ ᠶᠢᠨ ᠬᠢᠨ ᠳᠤ ᠠᠭᠤᠷᠯᠠᠵᠤ᠄ 〈ᠲᠡᠳᠡᠨ ᠦ ᠰᠡᠳᠬᠢᠯ ᠳᠠᠩᠳᠠ ᠲᠡᠨᠦᠭᠰᠡᠭᠡᠷ ᠪᠠᠢᠨ᠎ᠠ ᠲᠡᠳᠡ ᠵᠠᠮ ᠢ ᠮᠢᠨᠢ ᠮᠡᠳᠡᠳᠡᠭ ᠦᠭᠡᠢ〉 ᠭᠡᠪᠡ᠃
11 ᠲᠡᠢᠮᠦ ᠡᠴᠡ ᠪᠢ ᠬᠢᠯᠢᠩᠨᠡᠨ ᠲᠤᠩ᠋ᠬᠠᠭᠯᠠᠭᠰᠠᠨ ᠶᠣᠰᠣᠭᠠᠷ ᠢᠶᠠᠨ 〈ᠲᠡᠳᠡ ᠮᠢᠨᠦ ᠠᠮᠠᠷᠠᠯ ᠳᠤ ᠬᠡᠵᠢᠶ᠎ᠡ ᠴᠤ ᠣᠷᠣᠬᠤ ᠦᠭᠡᠢ〉》 ᠭᠡᠵᠡᠢ᠃

12 ᠪᠣᠯᠭᠣᠮᠵᠢᠯᠠᠭᠲᠤᠨ᠂ ᠠᠬ᠎ᠠ ᠳᠡᠭᠦᠦ ᠨᠠᠷ ᠡ᠂ ᠲᠠ ᠨᠠᠷ ᠤᠨ ᠬᠡᠨ ᠨᠢ ᠴᠤ ᠢᠲᠡᠭᠡᠯ ᠦᠭᠡᠢ ᠬᠣᠣᠷᠲᠤ ᠰᠡᠳᠬᠢᠯ ᠢᠶᠠᠷ ᠢᠶᠠᠨ ᠠᠮᠢᠳᠤ ᠪᠤᠷᠬᠠᠨ ᠠᠴᠠ ᠵᠠᠢᠳᠠᠭᠤᠵᠠᠢ᠃ 13 ᠬᠠᠷᠢᠨ 《ᠥᠨᠥᠳᠥᠷ》 ᠭᠡᠭᠳᠡᠳᠡᠭ ᠴᠠᠭ ᠪᠠᠢᠬᠤ ᠵᠠᠭᠤᠷ᠎ᠠ ᠡᠳᠦᠷ ᠪᠣᠯᠭᠠᠨ ᠪᠡᠶ᠎ᠡ ᠪᠡᠶ᠎ᠡ ᠪᠡᠨ ᠤᠷᠮᠠᠰᠢᠭᠤᠯᠤᠭᠠᠷᠠᠢ᠂ ᠭᠡᠬᠦ ᠳᠦ ᠲᠠ ᠨᠠᠷ ᠤᠨ ᠬᠡᠨ ᠨᠢ ᠴᠤ ᠨᠢᠭᠦᠯ ᠦᠨ ᠪᠠᠴᠢ ᠡᠴᠡ ᠪᠣᠯᠵᠤ ᠵᠥᠷᠢᠭᠦᠳᠯᠡᠬᠦᠵᠡᠢ᠃ 14 ᠬᠡᠷᠪᠡ ᠪᠢᠳᠡ ᠠᠩ᠋ᠬᠠᠨ ᠤ ᠪᠠᠲᠤ ᠢᠲᠡᠭᠡᠯ ᠢᠶᠡᠨ ᠡᠴᠦᠰ ᠲᠤᠨᠢ ᠬᠦᠷᠲᠡᠯ᠎ᠡ ᠪᠠᠷᠢᠮᠲᠠᠯᠠᠪᠠᠯ ᠾᠷᠢᠰᠲ᠋ᠣᠰ ᠤᠨ ᠬᠤᠪᠢᠲᠠᠨ ᠪᠣᠯᠣᠨ᠎ᠠ᠃
15 《ᠥᠨᠥᠳᠥᠷ ᠬᠡᠷᠪᠡ ᠲᠠ ᠨᠠᠷ ᠲᠡᠭᠦᠨ ᠦ ᠳᠠᠭᠤ ᠶᠢ ᠰᠣᠨᠣᠰᠪᠠᠯ ᠤᠷᠢᠳᠤ ᠶᠢᠨ ᠲᠡᠷᠰᠯᠡᠭᠰᠡᠨ ᠰᠢᠭ ᠢᠶᠠᠨ ᠵᠢᠷᠦᠬᠡ ᠪᠡᠨ ᠪᠦᠦ ᠬᠠᠲᠠᠭᠤᠷᠠᠭᠤᠯ》 ᠭᠡᠰᠡᠨ᠂
16 ᠬᠡᠨ ᠰᠣᠨᠣᠰᠣᠭᠠᠳ ᠠᠭᠤᠷᠯᠠᠭᠤᠯᠤᠭᠰᠠᠨ ᠪᠤᠢ︖ ᠮᠣᠰᠧ ᠶᠢᠨ ᠠᠴᠢ ᠪᠠᠷ ᠶᠧᠵᠢᠫᠲ ᠡᠴᠡ ᠭᠠᠷᠤᠭᠰᠠᠨ ᠪᠦᠬᠦ ᠬᠥᠮᠦᠨ ᠪᠢᠰᠢ ᠤᠤ︖ 17 ᠪᠤᠷᠬᠠᠨ ᠬᠡᠨ ᠳᠦ ᠳᠥᠴᠢᠨ ᠵᠢᠯ ᠠᠭᠤᠷᠯᠠᠭᠰᠠᠨ ᠪᠤᠢ︖ ᠨᠢᠭᠦᠯ ᠦᠢᠯᠡᠳᠦᠭᠰᠡᠨ ᠬᠥᠮᠦᠰ ᠲᠦ ᠪᠢᠰᠢ ᠤᠤ︖ ᠲᠡᠳᠡᠨ ᠦ ᠦᠬᠦᠳᠡᠯ ᠴᠥᠯ ᠳᠤ ᠬᠠᠶᠠᠭᠳᠠᠵᠠᠢ᠃ 18 ᠠᠮᠠᠷᠠᠯ ᠳᠠᠭᠠᠨ ᠣᠷᠣᠭᠤᠯᠬᠤ ᠦᠭᠡᠢ ᠭᠡᠳᠡᠭ ᠢ ᠬᠡᠨ ᠳᠦ ᠲᠤᠩ᠋ᠬᠠᠭᠯᠠᠭᠰᠠᠨ ᠪᠤᠢ︖ ᠳᠤᠭᠤᠯᠭᠠᠪᠤᠷᠢ ᠦᠭᠡᠢ ᠪᠠᠢᠭᠰᠠᠳ ᠲᠤ ᠪᠢᠰᠢ ᠤᠤ︖ 19 ᠲᠡᠳᠡ ᠢᠲᠡᠭᠡᠯ ᠦᠭᠡᠢ ᠤᠴᠢᠷ ᠠᠴᠠ ᠲᠡᠨᠳᠡ ᠣᠷᠣᠵᠤ ᠴᠢᠳᠠᠭᠰᠠᠨ ᠦᠭᠡᠢ ᠭᠡᠳᠡᠭ ᠢ ᠪᠢᠳᠡ ᠮᠡᠳᠡᠨ᠎ᠡ᠃