1 2 3 4 5 6 7 8 9 10 11 12 13


ᠢᠪᠷᠠᠢ ᠶᠢᠰᠦ
 ᠾᠷᠢᠰᠲ᠋ᠣᠰ ᠤᠨ ᠴᠢᠰᠤ ᠪᠠᠷ ᠭᠦᠢᠴᠡᠭᠡᠭᠰᠡᠨ ᠵᠣᠯᠢᠶᠠᠰᠤ

1 ᠠᠩ᠋ᠬᠠᠨ ᠤ ᠭᠡᠷ᠎ᠡ ᠴᠤ ᠮᠥᠷᠭᠥᠯ ᠦᠨ ᠳᠦᠷᠢᠮ ᠪᠣᠯᠣᠨ ᠳᠡᠯᠡᠬᠡᠢ ᠳᠠᠬᠢ ᠠᠷᠢᠭᠤᠨ ᠭᠠᠵᠠᠷ ᠢ ᠠᠭᠤᠯᠳᠠᠭ ᠪᠠᠢᠪᠠ᠃ 2 ᠲᠡᠳᠡ ᠣᠷᠣᠰᠢᠬᠤᠢ ᠶᠢᠨ ᠴᠠᠴᠠᠷ ᠢ ᠪᠣᠰᠬᠠᠵᠤ ᠠᠩ᠋ᠬᠠᠨ ᠤ ᠥᠷᠥᠭᠡ ᠶᠢ ᠨᠢ ᠠᠷᠢᠭᠤᠨ ᠭᠠᠵᠠᠷ ᠭᠡᠰᠡᠨ ᠶᠤᠮ᠃ ᠲᠡᠨᠳᠡ ᠳ᠋ᠧᠩ ᠤᠨ ᠲᠠᠯᠪᠢᠭᠤᠷ᠂ ᠰᠢᠷᠡᠭᠡ ᠪᠠ ᠲᠠᠪᠢᠭ ᠪᠣᠣᠪᠣ ᠪᠠᠢᠳᠠᠭ᠃ 3 ᠬᠣᠶᠠᠳᠤᠭᠠᠷ ᠬᠥᠰᠢᠭᠡ ᠶᠢᠨ ᠠᠷᠤ ᠳᠤ 《ᠠᠷᠢᠭᠤᠨ ᠠᠴᠠ ᠠᠷᠢᠭᠤᠨ》 ᠭᠡᠭᠳᠡᠳᠡᠭ ᠥᠷᠥᠭᠡ ᠪᠤᠢ᠃ 4 ᠲᠡᠨᠳᠡ ᠠᠯᠲᠠᠨ ᠪᠣᠢᠫᠣᠷ ᠪᠠ ᠠᠯᠲᠠ ᠪᠠᠷ ᠪᠦᠷᠢᠭᠰᠡᠨ ᠭᠡᠷ᠎ᠡ ᠶᠢᠨ ᠠᠪᠳᠠᠷ᠎ᠠ ᠪᠠᠢᠳᠠᠭ᠃ ᠠᠪᠳᠠᠷ᠎ᠠ ᠶᠢᠨ ᠳᠣᠲᠣᠷ᠎ᠠ ᠮᠠᠨᠨᠠ ᠠᠭᠤᠯᠤᠭᠰᠠᠨ ᠠᠯᠲᠠᠨ ᠰᠠᠪᠠ᠂ ᠠᠷᠣᠨ ᠤ ᠰᠣᠶᠣᠭᠠᠯᠠᠭᠰᠠᠨ ᠲᠠᠶᠠᠭ ᠪᠠ ᠭᠡᠷ᠎ᠡ ᠶᠢᠨ ᠬᠣᠶᠠᠷ ᠬᠠᠪᠲᠠᠰᠤ ᠪᠤᠢ᠃ 5 ᠲᠡᠷᠡ ᠠᠪᠳᠠᠷ᠎ᠠ ᠳᠡᠭᠡᠷ᠎ᠡ ᠠᠯᠳᠠᠷ ᠰᠤᠤᠲᠤ ᠺᠧᠷᠣᠪ ᠤᠳ ᠬᠡᠯᠲᠦᠷᠢᠭᠦᠯᠭᠡ ᠶᠢᠨ ᠬᠠᠪᠬᠠᠭ ᠢ ᠰᠡᠭᠦᠳᠡᠷᠯᠡᠨ ᠪᠦᠷᠬᠦᠵᠦ ᠪᠠᠢᠳᠠᠭ᠃ ᠬᠠᠷᠢᠨ ᠡᠳᠡᠭᠡᠷ ᠦᠨ ᠲᠤᠬᠠᠢ ᠣᠳᠣ ᠨᠢᠭᠡᠳ ᠨᠢᠭᠡ ᠪᠡᠷ ᠶᠠᠷᠢᠬᠤ ᠦᠭᠡᠢ᠃

6 ᠡᠳᠡᠭᠡᠷ ᠵᠦᠢᠯ ᠡᠢᠨ ᠬᠦ ᠪᠡᠯᠡᠳᠬᠡᠭᠳᠡᠭᠡᠳ ᠪᠠᠢᠬᠤ ᠳᠤ᠂ ᠲᠠᠬᠢᠯᠴᠢᠳ ᠠᠩ᠋ᠬᠠᠨ ᠤ ᠥᠷᠥᠭᠡᠨ ᠳᠦ ᠦᠷᠭᠦᠯᠵᠢ ᠣᠷᠣᠵᠤ ᠮᠥᠷᠭᠥᠯ ᠦᠢᠯᠡᠳᠳᠡᠭ᠃ 7 ᠬᠠᠷᠢᠨ ᠳᠣᠲᠣᠭᠣᠳᠤ ᠥᠷᠥᠭᠡᠨ ᠳᠦ ᠵᠥᠪᠬᠡᠨ ᠲᠡᠷᠢᠭᠦᠨ ᠲᠠᠬᠢᠯᠴᠢ ᠵᠢᠯ ᠳᠤ ᠭᠠᠭᠴᠠ ᠤᠳᠠᠭ᠎ᠠ ᠣᠷᠣᠳᠠᠭ ᠪᠥᠭᠡᠳ ᠴᠢᠰᠤ ᠦᠭᠡᠢ ᠪᠠᠷ ᠣᠷᠣᠳᠠᠭ ᠦᠭᠡᠢ᠂ ᠲᠡᠷᠡ ᠴᠢᠰᠤ ᠶᠢ ᠥᠪᠡᠷ ᠦᠨ ᠪᠣᠯᠣᠨ ᠠᠷᠠᠳ ᠤᠨ ᠰᠠᠨᠠᠮᠰᠠᠷ ᠦᠭᠡᠢ ᠦᠢᠯᠡᠳᠦᠭᠰᠡᠨ ᠭᠡᠮ ᠨᠢᠭᠦᠯ ᠦᠨ ᠲᠥᠯᠥᠭᠡ ᠡᠷᠭᠦᠳᠡᠭ᠃ 8 ᠠᠩ᠋ᠬᠠᠨ ᠤ ᠴᠠᠴᠠᠷ ᠪᠠᠢᠵᠤ ᠪᠠᠢᠬᠤ ᠳᠤ᠂ ᠠᠷᠢᠭᠤᠨ ᠠᠴᠠ ᠠᠷᠢᠭᠤᠨ ᠭᠠᠵᠠᠷ ᠲᠤ ᠣᠷᠣᠬᠤ ᠵᠠᠮ ᠢᠯᠡᠷᠡᠭᠡᠳᠦᠢ ᠪᠠᠢᠭᠰᠠᠨ ᠢ ᠠᠷᠢᠭᠤᠨ ᠰᠦᠨᠡᠰᠦ ᠡᠳᠡᠭᠡᠷ ᠢᠶᠡᠷ ᠬᠠᠷᠠᠭᠤᠯᠵᠤ ᠪᠠᠢᠭᠰᠠᠨ᠃ 9 ᠴᠠᠴᠠᠷ ᠨᠢ ᠣᠳᠣ ᠦᠶ᠎ᠡ ᠳᠦ ᠵᠣᠷᠢᠭᠤᠯᠤᠭᠰᠠᠨ ᠪᠡᠯᠭᠡᠳᠡᠯ ᠶᠤᠮ᠃ ᠮᠥᠷᠭᠥᠯᠴᠢᠨ ᠨᠢ ᠡᠷᠭᠦᠯ ᠪᠠ ᠲᠠᠬᠢᠯ ᠡᠷᠭᠦᠳᠡᠭ ᠪᠣᠯᠪᠠᠴᠤ ᠡᠳᠡᠭᠡᠷ ᠢᠶᠡᠷ ᠮᠥᠰᠥ ᠴᠢᠨᠠᠷ ᠢᠶᠠᠨ ᠲᠡᠭᠦᠯᠳᠡᠷᠵᠢᠭᠦᠯᠵᠦ ᠴᠢᠳᠠᠭᠰᠠᠨ ᠦᠭᠡᠢ᠃ 10 ᠡᠳᠡᠭᠡᠷ ᠵᠦᠢᠯ ᠨᠢ ᠵᠥᠪᠬᠡᠨ ᠢᠳᠡᠭᠡᠨ ᠤᠮᠳᠠᠭᠠᠨ ᠪᠤᠶᠤ ᠡᠯᠳᠡᠪ ᠤᠬᠢᠶᠠᠯ ᠵᠡᠷᠭᠡ ᠶᠢ ᠲᠣᠭᠲᠠᠭᠠᠭᠰᠠᠨ ᠮᠢᠬᠠᠨ ᠪᠡᠶ᠎ᠡ ᠶᠢᠨ ᠳᠦᠷᠢᠮ ᠪᠥᠭᠡᠳ ᠰᠢᠨᠡᠴᠢᠯᠡᠯᠲᠡ ᠶᠢᠨ ᠴᠠᠭ ᠢᠷᠡᠲᠡᠯ᠎ᠡ ᠯᠠ ᠬᠦᠴᠦᠨ ᠲᠡᠢ ᠶᠤᠮ᠃

11 ᠬᠠᠷᠢᠨ ᠾᠷᠢᠰᠲ᠋ᠣᠰ ᠬᠣᠵᠢᠮ ᠪᠡᠶᠡᠯᠡᠬᠦ ᠰᠠᠢᠨ ᠰᠠᠢᠬᠠᠨ ᠵᠦᠢᠯᠡᠰ ᠦᠨ ᠲᠡᠷᠢᠭᠦᠨ ᠲᠠᠬᠢᠯᠴᠢ ᠪᠣᠯᠵᠤ ᠢᠷᠠᠵᠠᠢ᠃ ᠲᠡᠷᠡ ᠨᠡᠩ ᠲᠣᠮᠣ ᠨᠡᠩ ᠲᠡᠭᠦᠯᠳᠡᠷ ᠴᠠᠴᠠᠷ᠂ ᠲᠤᠬᠠᠢᠯᠠᠪᠠᠯ ᠭᠠᠷ ᠢᠶᠠᠷ ᠬᠢᠭᠳᠡᠭᠡ ᠦᠭᠡᠢ᠂ ᠪᠦᠲᠦᠭᠡᠭᠳᠡᠭᠰᠡᠨ ᠶᠢᠷᠲᠢᠨᠴᠦ ᠶᠢᠨ ᠪᠤᠰᠤ ᠴᠠᠴᠠᠷ ᠢᠶᠠᠷ ᠳᠠᠮᠵᠢᠨ᠂ 12 ᠢᠮᠠᠭ᠎ᠠ ᠪᠤᠶᠤ ᠲᠤᠭᠤᠯ ᠤᠨ ᠴᠢᠰᠤ ᠲᠠᠢ ᠪᠠᠷ ᠪᠢᠰᠢ᠂ ᠬᠠᠷᠢᠨ ᠥᠪᠡᠷ ᠦᠨ ᠢᠶᠠᠨ ᠴᠢᠰᠤ ᠲᠠᠢ ᠪᠠᠷ ᠮᠥᠩᠬᠡ ᠶᠢᠨ ᠵᠣᠯᠢᠯᠲᠠ ᠶᠢ ᠪᠡᠶᠡᠯᠡᠭᠦᠯᠦᠭᠰᠡᠨ ᠦ ᠳᠠᠷᠠᠭ᠎ᠠ ᠨᠢᠭᠡ ᠯᠠ ᠤᠳᠠᠭ᠎ᠠ ᠪᠦᠷᠢᠮᠦᠰᠦᠨ ᠠᠷᠢᠭᠤᠨ ᠠᠴᠠ ᠠᠷᠢᠭᠤᠨ ᠭᠠᠵᠠᠷ ᠲᠤ ᠣᠷᠣᠯ᠎ᠠ᠃ 13 ᠪᠤᠵᠠᠷᠲᠤᠭᠰᠠᠨ ᠬᠥᠮᠦᠨ ᠦ ᠳᠡᠭᠡᠷ᠎ᠡ ᠢᠮᠠᠭ᠎ᠠ ᠪᠠ ᠪᠤᠬ᠎ᠠ ᠶᠢᠨ ᠴᠢᠰᠤ ᠲᠠᠢ ᠬᠠᠮᠲᠤ ᠥᠬᠢᠨ ᠪᠢᠷᠠᠭᠤ ᠶᠢᠨ ᠦᠨᠡᠰᠦ ᠶᠢ ᠰᠠᠴᠤᠬᠤ ᠳᠤ᠂ ᠲᠡᠳᠡ ᠮᠢᠬᠠᠨ ᠪᠡᠶ᠎ᠡ ᠪᠡᠷ ᠢᠶᠠᠨ ᠠᠷᠢᠭᠤᠨ ᠴᠡᠪᠡᠷ ᠪᠣᠯᠳᠠᠭ ᠪᠠᠢᠬᠤ ᠳᠤ᠂ 14 ᠮᠥᠩᠬᠡ ᠶᠢᠨ ᠠᠷᠢᠭᠤᠨ ᠰᠦᠨᠡᠰᠦᠨ ᠦ ᠠᠴᠢ ᠪᠠᠷ ᠭᠡᠮ ᠦᠭᠡᠢ ᠥᠪᠡᠷ ᠢ ᠪᠠᠨ ᠪᠤᠷᠬᠠᠨ ᠳᠤ ᠡᠷᠭᠦᠭᠰᠡᠨ ᠾᠷᠢᠰᠲ᠋ᠣᠰ ᠤᠨ ᠴᠢᠰᠤ ᠪᠢᠳᠡᠨ ᠦ ᠮᠥᠰᠥ ᠴᠢᠨᠠᠷ ᠢ ᠨᠡᠩ ᠢᠯᠡᠭᠦᠦ ᠴᠡᠪᠡᠷᠯᠡᠭᠡᠳ ᠦᠬᠦᠬᠦ ᠦᠢᠯᠡᠰ ᠡᠴᠡ ᠵᠠᠢᠯᠠᠭᠤᠯᠤᠨ ᠠᠮᠢᠳᠤ ᠪᠤᠷᠬᠠᠨ ᠳᠤ ᠮᠥᠷᠭᠥᠭᠦᠯᠬᠦ ᠦᠭᠡᠢ ᠭᠡᠵᠢ ᠤᠤ︖

15 ᠲᠡᠢᠮᠦ ᠡᠴᠡ ᠾᠷᠢᠰᠲ᠋ᠣᠰ ᠰᠢᠨ᠎ᠡ ᠭᠡᠷ᠎ᠡ ᠶᠢᠨ ᠵᠠᠭᠤᠴᠢ ᠪᠣᠯᠵᠠᠢ᠃ ᠲᠡᠭᠡᠭᠰᠡᠨ ᠢᠶᠡᠷ ᠳᠠᠭᠤᠳᠠᠭᠳᠠᠭᠰᠠᠳ ᠨᠢ ᠠᠮᠠᠯᠠᠯᠲᠠ ᠶᠢᠨ ᠮᠥᠩᠬᠡ ᠥᠮᠴᠢ ᠶᠢ ᠬᠦᠷᠲᠡᠨ᠎ᠡ᠃ ᠤᠴᠢᠷ ᠨᠢ᠂ ᠬᠥᠮᠦᠰ ᠢ ᠠᠩ᠋ᠬᠠᠨ ᠤ ᠭᠡᠷ᠎ᠡ ᠶᠢᠨ ᠳᠣᠣᠷ᠎ᠠ ᠦᠢᠯᠡᠳᠦᠭᠰᠡᠨ ᠭᠡᠮ ᠨᠢᠭᠦᠯ ᠡᠴᠡ ᠨᠢ ᠠᠪᠤᠷᠠᠬᠤ ᠶᠢᠨ ᠲᠤᠯᠠᠳᠠ ᠲᠡᠷᠡ ᠥᠪᠡᠷ ᠢᠶᠡᠨ ᠵᠣᠯᠢᠶᠠᠰᠤ ᠪᠣᠯᠵᠤ ᠨᠠᠰᠤ ᠪᠠᠷᠠᠭᠰᠠᠨ ᠶᠤᠮ᠃ 16 ᠭᠡᠷᠢᠶᠡᠰ ᠨᠢ ᠭᠡᠷᠢᠶᠡᠰᠦᠯᠡᠭᠴᠢ ᠶᠢᠨ ᠢᠶᠠᠨ ᠦᠬᠦᠭᠰᠡᠨ ᠪᠠᠢᠬᠤ ᠶᠢ ᠱᠠᠭᠠᠷᠳᠠᠳᠠᠭ᠃ 17 ᠬᠥᠮᠦᠨ ᠦᠬᠦᠪᠡᠯ ᠭᠡᠷᠢᠶᠡᠰ ᠨᠢ ᠬᠦᠴᠦᠨ ᠲᠡᠢ ᠪᠠᠢᠳᠠᠭ᠃ ᠭᠡᠷᠢᠶᠡᠰᠦᠯᠡᠭᠴᠢ ᠠᠮᠢᠳᠤ ᠪᠠᠢᠬᠤ ᠳᠤ ᠭᠡᠷᠢᠶᠡᠰ ᠨᠢ ᠬᠡᠵᠢᠶ᠎ᠡ ᠴᠤ ᠬᠦᠴᠦᠨ ᠦᠭᠡᠢ᠃ 18 ᠲᠡᠢᠮᠦ ᠤᠴᠢᠷ ᠠᠴᠠ ᠠᠩ᠋ᠬᠠᠨ ᠤ ᠭᠡᠷ᠎ᠡ ᠴᠤ ᠴᠢᠰᠤ ᠲᠠᠢ ᠪᠠᠷ ᠪᠠᠢᠭᠤᠯᠤᠭᠳᠠᠭᠰᠠᠨ ᠶᠤᠮ᠃ 19 ᠮᠣᠰᠧ ᠬᠠᠤᠯᠢ ᠶᠢᠨ ᠶᠣᠰᠣᠭᠠᠷ ᠪᠦᠬᠦ ᠵᠠᠷᠯᠢᠭ ᠢ ᠪᠦᠬᠦ ᠠᠷᠠᠳ ᠲᠦᠮᠡᠨ ᠳᠦ ᠲᠤᠩ᠋ᠬᠠᠭᠯᠠᠭᠠᠳ ᠲᠤᠭᠤᠯ ᠪᠠ ᠢᠮᠠᠭᠠᠨ ᠤ ᠴᠢᠰᠤ ᠶᠢ ᠤᠰᠤ ᠪᠠ ᠬᠣᠨᠢᠨ ᠤ ᠤᠯᠠᠭᠠᠨ ᠨᠣᠣᠰᠣ᠂ ᠾᠢᠰᠣᠫ ᠲᠠᠢ ᠬᠠᠮᠲᠤ ᠠᠪᠴᠤ᠂ ᠨᠣᠮ ᠳᠡᠭᠡᠷ᠎ᠡ ᠪᠠ ᠪᠦᠬᠦ ᠠᠷᠠᠳ ᠤᠨ ᠳᠡᠭᠡᠷ᠎ᠡ ᠰᠠᠴᠤᠵᠤ᠄ 20 《ᠡᠨᠡ ᠴᠢᠰᠤ ᠪᠣᠯ ᠪᠤᠷᠬᠠᠨ ᠤ ᠲᠠ ᠨᠠᠷ ᠲᠤ ᠲᠤᠰᠢᠶᠠᠭᠰᠠᠨ ᠭᠡᠷ᠎ᠡ ᠶᠢᠨ ᠪᠠᠲᠤᠯᠠᠭ᠎ᠠ ᠶᠤᠮ》 ᠭᠡᠵᠡᠢ᠃ 21 ᠮᠥᠨ ᠴᠠᠴᠠᠷ ᠪᠠ ᠮᠥᠷᠭᠥᠯ ᠦᠨ ᠪᠦᠬᠦ ᠬᠡᠷᠡᠭᠰᠡᠯ ᠳᠡᠭᠡᠷ᠎ᠡ ᠴᠢᠰᠤ ᠶᠢ ᠠᠳᠠᠯᠢᠬᠠᠨ ᠮᠠᠶ᠋ᠢᠭ ᠢᠶᠠᠷ ᠰᠠᠴᠤᠵᠠᠢ᠃ 22 ᠬᠠᠤᠯᠢ ᠪᠠᠷ ᠪᠣᠯ᠂ ᠪᠠᠷᠤᠭ ᠪᠦᠭᠦᠳᠡᠭᠡᠷ ᠢᠶᠡᠨ ᠴᠢᠰᠤ ᠲᠠᠢ ᠪᠠᠷ ᠴᠡᠪᠡᠷᠯᠡᠭᠳᠡᠳᠡᠭ᠌ ᠪᠥᠭᠡᠳ ᠴᠢᠰᠤ ᠤᠷᠤᠰᠬᠤ ᠦᠭᠡᠢ ᠪᠣᠯ ᠠᠭᠤᠴᠢᠯᠠᠯ ᠴᠤ ᠦᠭᠡᠢ᠃
 ᠾᠷᠢᠰᠲ᠋ᠣᠰ ᠤᠨ ᠨᠢᠭᠡᠮᠦᠰᠦᠨ ᠡᠷᠭᠦᠭᠰᠡᠨ ᠲᠠᠬᠢᠯ ᠢᠶᠠᠷ ᠬᠠᠩ᠋ᠭᠠᠯᠲᠠᠲᠠᠢ

23 ᠲᠡᠢᠮᠦ ᠡᠴᠡ ᠲᠩᠷᠢ ᠳᠠᠬᠢ ᠶᠠᠭᠤᠮᠠᠰ ᠤᠨ ᠬᠠᠭᠤᠯᠪᠤᠷᠢ ᠨᠤᠭᠤᠳ ᠨᠢ ᠡᠳᠡᠭᠡᠷ ᠲᠠᠬᠢᠯ ᠢᠶᠠᠷ ᠴᠡᠪᠡᠷᠯᠡᠭᠳᠡᠬᠦ ᠶᠣᠰᠣᠲᠠᠢ ᠪᠠᠢᠭᠰᠠᠨ ᠪᠣᠯ ᠲᠩᠷᠢᠯᠢᠭ ᠶᠠᠭᠤᠮᠠᠰ ᠨᠢ ᠡᠳᠡᠭᠡᠷ ᠡᠴᠡ ᠨᠡᠩ ᠰᠠᠢᠨ ᠲᠠᠬᠢᠯ ᠢᠶᠠᠷ ᠴᠡᠪᠡᠷᠯᠡᠭᠳᠡᠬᠦ ᠶᠣᠰᠣᠲᠠᠢ᠃ 24 ᠾᠷᠢᠰᠲ᠋ᠣᠰ ᠵᠢᠩᠬᠢᠨᠢ ᠠᠷᠢᠭᠤᠨ ᠭᠠᠵᠠᠷ ᠤᠨ ᠵᠠᠭᠪᠤᠷ᠂ ᠲᠤᠬᠠᠢᠯᠠᠪᠠᠯ ᠬᠥᠮᠦᠨ ᠦ ᠭᠠᠷ ᠢᠶᠠᠷ ᠬᠢᠭᠰᠡᠨ ᠠᠷᠢᠭᠤᠨ ᠭᠠᠵᠠᠷ ᠲᠤ ᠣᠷᠣᠭᠰᠠᠨ ᠪᠢᠰᠢ᠂ ᠬᠠᠷᠢᠨ ᠲᠩᠷᠢ ᠳᠤ ᠣᠷᠣᠭᠰᠠᠨ ᠪᠥᠭᠡᠳ ᠡᠳᠦᠭᠡ ᠪᠤᠷᠬᠠᠨ ᠤ ᠡᠮᠦᠨ᠎ᠡ ᠪᠢᠳᠡᠨ ᠦ ᠲᠥᠯᠥᠭᠡ ᠢᠯᠡᠷᠡᠭᠰᠡᠨ ᠪᠠᠢᠨ᠎ᠠ᠃ 25 ᠲᠡᠷᠢᠭᠦᠨ ᠲᠠᠬᠢᠯᠴᠢ ᠠᠷᠢᠭᠤᠨ ᠠᠴᠠ ᠠᠷᠢᠭᠤᠨ ᠭᠠᠵᠠᠷ ᠲᠤ ᠵᠢᠯ ᠪᠦᠷᠢ ᠥᠪᠡᠷ ᠦᠨ ᠢᠶᠠᠨ ᠪᠤᠰᠤ ᠴᠢᠰᠤ ᠲᠠᠢ ᠪᠠᠷ ᠣᠷᠣᠳᠠᠭ ᠤᠨ ᠠᠳᠠᠯᠢ ᠾᠷᠢᠰᠲ᠋ᠣᠰ ᠥᠪᠡᠷ ᠢ ᠪᠠᠨ ᠣᠯᠠᠨᠲᠠ ᠡᠷᠭᠦᠬᠦ ᠬᠡᠷᠡᠭ ᠦᠭᠡᠢ᠃ 26 ᠲᠡᠢᠮᠦ ᠪᠢᠰᠢ ᠪᠣᠯ ᠲᠡᠷᠡ ᠶᠢᠷᠲᠢᠨᠴᠦ ᠪᠦᠲᠦᠭᠡᠭᠳᠡᠭᠰᠡᠨ ᠡᠴᠡ ᠬᠣᠢᠰᠢ ᠣᠯᠠᠨᠲᠠ ᠵᠣᠪᠠᠯᠠᠩ ᠠᠮᠰᠠᠬᠤ ᠪᠠᠢᠭᠰᠠᠨ᠃ ᠡᠳᠦᠭᠡ ᠬᠠᠷᠢᠨ ᠴᠠᠭ ᠦᠶ᠎ᠡ ᠶᠢᠨ ᠲᠡᠭᠦᠰᠬᠡᠯ ᠳᠦ ᠥᠪᠡᠷ ᠢ ᠪᠠᠨ ᠲᠠᠬᠢᠯ ᠪᠣᠯᠭᠠᠵᠤ ᠨᠢᠭᠦᠯ ᠢ ᠠᠷᠢᠯᠭᠠᠬᠤ ᠶᠢᠨ ᠲᠤᠯᠠᠳᠠ ᠭᠠᠭᠴᠠ ᠤᠳᠠᠭ᠎ᠠ ᠯᠠ ᠢᠯᠡᠷᠡᠭᠰᠡᠨ ᠶᠤᠮ᠃ 27 ᠬᠥᠮᠦᠨ ᠭᠠᠭᠴᠠ ᠤᠳᠠᠭ᠎ᠠ ᠦᠬᠦᠵᠦ᠂ ᠳᠠᠷᠠᠭ᠎ᠠ ᠨᠢ ᠰᠢᠭᠦᠭᠳᠡᠬᠦ ᠲᠠᠪᠢᠯᠠᠩ ᠲᠠᠢ᠃ 28 ᠲᠡᠭᠦᠨᠴᠢᠯᠡᠨ ᠾᠷᠢᠰᠲ᠋ᠣᠰ ᠴᠤ ᠣᠯᠠᠨ ᠬᠥᠮᠦᠨ ᠦ ᠭᠡᠮ ᠨᠢᠭᠦᠯ ᠢ ᠡᠭᠦᠷᠬᠦ ᠶᠢᠨ ᠲᠤᠯᠠᠳᠠ ᠭᠠᠭᠴᠠ ᠤᠳᠠᠭ᠎ᠠ ᠥᠪᠡᠷ ᠢ ᠪᠠᠨ ᠡᠷᠭᠦᠭᠰᠡᠨ ᠪᠥᠭᠡᠳ ᠬᠣᠶᠠᠳᠠᠬᠢ ᠤᠳᠠᠭ᠎ᠠ ᠢᠯᠡᠷᠡᠬᠦ ᠨᠢ ᠨᠢᠭᠦᠯ ᠢ ᠡᠭᠦᠷᠬᠦ ᠶᠢᠨ ᠲᠤᠯᠠᠳᠠ ᠪᠤᠰᠤ᠂ ᠬᠠᠷᠢᠨ ᠥᠪᠡᠷ ᠢ ᠨᠢ ᠬᠦᠰᠡᠨ ᠬᠦᠯᠢᠶᠡᠭᠴᠢᠳ ᠢ ᠠᠪᠤᠷᠠᠬᠤ ᠶᠢᠨ ᠲᠥᠯᠥᠭᠡ ᠶᠤᠮ᠃