1 2 3 4 5 6 7 8 9 10 11 12 13


ᠢᠪᠷᠠᠢ ᠠᠷᠪᠠᠨ ᠨᠢᠭᠡ
 ᠳᠡᠭᠡᠷ᠎ᠡ ᠦᠶ᠎ᠡ ᠶᠢᠨ ᠬᠢᠨ ᠤ ᠢᠲᠡᠭᠡᠯ ᠦᠨ ᠢᠯᠠᠯᠲᠠ

1 ᠢᠲᠡᠭᠡᠯ ᠭᠡᠳᠡᠭ ᠨᠢ ᠡᠷᠡᠮᠡᠯᠵᠡᠵᠦ ᠪᠤᠢ ᠵᠦᠢᠯᠡᠰ ᠦᠨ ᠪᠠᠲᠤᠯᠠᠭ᠎ᠠ ᠪᠤᠶᠤ ᠦᠯᠦ ᠦᠵᠡᠭᠳᠡᠬᠦ ᠵᠦᠢᠯᠡᠰ ᠦᠨ ᠲᠤᠬᠠᠢ ᠦᠨᠡᠮᠰᠢᠯ ᠮᠥᠨ᠃ 2 ᠤᠷᠢᠳᠤ ᠶᠢᠨ ᠬᠥᠮᠦᠰ ᠡᠭᠦᠨ ᠢᠶᠡᠷ ᠰᠠᠢᠰᠢᠶᠠᠭᠳᠠᠳᠠᠭ ᠪᠠᠢᠭᠰᠠᠨ᠃ 3 ᠢᠲᠡᠭᠡᠯ ᠢᠶᠡᠷ ᠪᠢᠳᠡ ᠡᠨᠡ ᠣᠷᠴᠢᠯᠠᠩ ᠪᠤᠷᠬᠠᠨ ᠤ ᠦᠭᠡ ᠪᠡᠷ ᠵᠣᠬᠢᠶᠠᠭᠳᠠᠭᠰᠠᠨ᠂ ᠬᠠᠷᠠᠭᠳᠠᠳᠠᠭ ᠵᠦᠢᠯᠡᠰ ᠨᠢ ᠦᠯᠦ ᠬᠠᠷᠠᠭᠳᠠᠳᠠᠭ ᠵᠦᠢᠯᠡᠰ ᠡᠴᠡ ᠪᠤᠢ ᠪᠣᠯᠣᠭᠰᠠᠨ ᠢ ᠣᠢᠯᠠᠭᠠᠳᠠᠭ᠃

4 ᠠᠪᠧᠯ ᠢᠲᠡᠭᠡᠯ ᠢᠶᠡᠷ ᠺᠠᠢᠨ ᠤ ᠬᠢ ᠡᠴᠡ ᠢᠯᠡᠭᠦᠦ ᠠᠭᠤᠤ ᠲᠠᠬᠢᠯ ᠢ ᠪᠤᠷᠬᠠᠨ ᠳᠤ ᠡᠷᠭᠦᠵᠦ᠂ ᠢᠲᠡᠭᠡᠯ ᠢᠶᠡᠷ ᠵᠥᠪᠲᠦ ᠭᠡᠵᠦ ᠰᠠᠢᠰᠢᠶᠠᠭᠳᠠᠵᠠᠢ᠃ ᠪᠤᠷᠬᠠᠨ ᠲᠡᠭᠦᠨ ᠦ ᠡᠷᠭᠦᠯ ᠢ ᠰᠠᠢᠰᠢᠶᠠᠭᠰᠠᠨ ᠬᠡᠷᠡᠭ᠃ ᠲᠡᠷᠡ ᠦᠬᠦᠭᠰᠡᠨ ᠴᠤ ᠢᠲᠡᠭᠡᠯ ᠢᠶᠡᠷ ᠶᠠᠷᠢᠵᠤ ᠪᠠᠢᠳᠠᠭ᠃ 5 ᠢᠲᠡᠭᠡᠯ ᠢᠶᠡᠷ ᠧᠨᠣᠺ ᠦᠬᠦᠯ ᠢ ᠦᠵᠡᠯ ᠦᠭᠡᠢ ᠪᠠᠷ ᠠᠪᠠᠴᠢᠭᠳᠠᠪᠠ᠃ ᠪᠤᠷᠬᠠᠨ ᠲᠡᠭᠦᠨ ᠢ ᠠᠪᠠᠴᠢᠭᠰᠠᠨ ᠤᠴᠢᠷ ᠠᠴᠠ ᠲᠡᠷᠡ ᠣᠯᠳᠠᠭᠰᠠᠨ ᠦᠭᠡᠢ᠃ ᠲᠡᠷᠡ ᠠᠪᠠᠴᠢᠭᠳᠠᠬᠤ ᠶᠢᠨ ᠡᠮᠦᠨ᠎ᠡ 《ᠪᠤᠷᠬᠠᠨ ᠳᠤ ᠲᠠᠭᠠᠯᠠᠭᠳᠠᠭᠰᠠᠨ》 ᠬᠡᠮᠡᠬᠦ ᠰᠠᠢᠰᠢᠶᠠᠯ ᠠᠪᠤᠭᠰᠠᠨ᠃ 6 ᠬᠠᠷᠢᠨ ᠢᠲᠡᠭᠡᠯ ᠦᠭᠡᠢ ᠪᠠᠷ ᠪᠤᠷᠬᠠᠨ ᠢ ᠪᠠᠶᠠᠰᠬᠠᠬᠤ ᠪᠣᠯᠣᠮᠵᠢ ᠦᠭᠡᠢ᠂ ᠪᠤᠷᠬᠠᠨ ᠤᠷᠤᠭᠤ ᠣᠢᠷᠠᠲᠤᠬᠤ ᠬᠥᠮᠦᠨ ᠪᠣᠯᠭᠠᠨ ᠲᠡᠭᠦᠨ ᠦ ᠣᠷᠣᠰᠢᠨ ᠪᠠᠢᠳᠠᠭ ᠲᠤ᠂ ᠪᠠᠰᠠ ᠲᠡᠭᠦᠨ ᠢ ᠬᠠᠢᠭᠴᠢᠳ ᠢ ᠱᠠᠩᠨᠠᠳᠠᠭ ᠲᠤ ᠢᠲᠡᠭᠡᠬᠦ ᠶᠣᠰᠣᠲᠠᠢ᠃ 7 ᠢᠲᠡᠭᠡᠯ ᠢᠶᠡᠷ ᠨᠣᠶᠠ ᠪᠤᠰᠤᠳ ᠤᠨ ᠬᠠᠷᠠᠬᠠᠨ ᠦᠵᠡᠭᠡ ᠦᠭᠡᠢ ᠵᠦᠢᠯᠡᠰ ᠦᠨ ᠲᠤᠬᠠᠢ ᠪᠤᠷᠬᠠᠨ ᠤ ᠰᠡᠷᠡᠮᠵᠢᠯᠡᠭᠦᠯᠦᠯ ᠢ ᠠᠪᠴᠤ ᠡᠮᠢᠶᠡᠨ ᠬᠦᠨᠳᠦᠳᠬᠡᠭᠡᠳ ᠣᠩ᠋ᠭᠣᠴᠠ ᠪᠡᠯᠡᠳᠬᠡᠨ ᠭᠡᠷ ᠪᠦᠯᠢ ᠪᠠᠨ ᠠᠪᠤᠷᠠᠭᠰᠠᠨ᠃ ᠡᠭᠦᠨ ᠢᠶᠡᠷ ᠲᠡᠷᠡ ᠶᠢᠷᠲᠢᠨᠴᠦ ᠶᠢ ᠶᠠᠯᠠᠯᠠᠭᠰᠠᠨ ᠪᠥᠭᠡᠳ ᠢᠲᠡᠭᠡᠯ ᠢᠶᠡᠷ ᠤᠯᠳᠠᠭ ᠵᠥᠪ ᠦᠨ ᠥᠪᠯᠡᠭᠴᠢ ᠪᠣᠯᠵᠠᠢ᠃

8 ᠢᠲᠡᠭᠡᠯ ᠢᠶᠡᠷ ᠠᠪᠷᠠᠬᠠᠮ ᠬᠣᠵᠢᠮ ᠥᠪᠯᠡᠨ ᠠᠪᠬᠤ ᠭᠠᠵᠠᠷ ᠤᠷᠤᠭᠤ ᠳᠠᠭᠤᠳᠠᠭᠳᠠᠬᠤ ᠳᠠᠭᠠᠨ ᠳᠤᠭᠤᠯᠭᠠᠪᠤᠷᠢᠲᠠᠢ ᠭᠠᠷᠴᠤ ᠶᠠᠪᠤᠭᠰᠠᠨ᠂ ᠬᠠᠮᠢᠭ᠎ᠠ ᠣᠴᠢᠬᠤ ᠪᠠᠨ ᠮᠡᠳᠡᠬᠦ ᠦᠭᠡᠢ ᠶᠠᠪᠤᠭᠰᠠᠨ᠃ 9 ᠢᠲᠡᠭᠡᠯ ᠢᠶᠡᠷ ᠲᠡᠷᠡ ᠠᠮᠠᠯᠠᠯᠲᠠ ᠶᠢᠨ ᠭᠠᠵᠠᠷ ᠲᠤ ᠬᠠᠷᠢ ᠭᠠᠵᠠᠷ ᠲᠤ ᠪᠠᠢᠭ᠎ᠠ ᠮᠡᠲᠦ ᠣᠷᠣᠰᠢᠨ ᠰᠠᠭᠤᠭᠰᠠᠨ᠂ ᠨᠢᠭᠡ ᠠᠮᠠᠯᠠᠯ ᠤᠨ ᠬᠠᠮᠲᠤᠷᠠᠨ ᠥᠪᠯᠡᠭᠴᠢ ᠢᠰᠠᠺ ᠶᠠᠺᠣᠪ ᠴᠤ ᠮᠠᠢᠬᠠᠨ ᠨᠤᠭᠤᠳ ᠲᠤ ᠠᠮᠢᠳᠤᠷᠠᠭᠰᠠᠨ᠃ 10 ᠤᠴᠢᠷ ᠨᠢ᠂ ᠪᠠᠲᠤ ᠰᠠᠭᠤᠷᠢ ᠨᠤᠭᠤᠳ ᠲᠠᠢ ᠨᠥᠭᠥᠭᠡ ᠬᠣᠲᠠ ᠶᠢ ᠲᠡᠷᠡ ᠮᠥᠷᠥᠭᠡᠳᠴᠦ ᠪᠠᠢᠪᠠ᠃ ᠲᠡᠷᠡ ᠬᠣᠲᠠ ᠶᠢ ᠲᠥᠯᠥᠪᠯᠡᠨ ᠪᠠᠢᠭᠤᠯᠤᠭᠰᠠᠨ ᠨᠢ ᠪᠤᠷᠬᠠᠨ ᠶᠤᠮ᠃ 11 ᠢᠲᠡᠭᠡᠯ ᠢᠶᠡᠷ ᠠᠪᠷᠠᠬᠠᠮ ᠵᠢᠷᠮᠦᠰᠦᠯᠡᠬᠦ ᠦᠭᠡᠢ ᠪᠣᠯᠣᠭᠰᠠᠨ ᠰᠠᠷᠠᠾ ᠤᠨ ᠬᠠᠮᠲᠤ ᠥᠲᠡᠯᠦᠭᠰᠡᠨ ᠪᠣᠯᠪᠠᠴᠤ ᠦᠷ᠎ᠡ ᠶᠢᠨ ᠬᠣᠲᠣᠭ ᠣᠯᠪᠠ᠃ ᠤᠴᠢᠷ ᠨᠢ᠂ ᠠᠮᠠᠯᠠᠭᠰᠠᠨ ᠲᠡᠭᠦᠨ ᠢ ᠢᠲᠡᠭᠡᠮᠵᠢᠲᠠᠢ ᠭᠡᠵᠦ ᠦᠵᠡᠭᠰᠡᠨ ᠶᠤᠮ᠃ 12 ᠡᠢᠨ ᠬᠦ ᠦᠬᠦᠭᠰᠡᠨ ᠮᠡᠲᠦ ᠭᠠᠭᠴᠠ ᠬᠥᠮᠦᠨ ᠡᠴᠡ ᠲᠩᠷᠢ ᠶᠢᠨ ᠣᠳᠣᠳ ᠪᠤᠶᠤ ᠳᠠᠯᠠᠢ ᠶᠢᠨ ᠬᠥᠪᠡᠭᠡᠨ ᠦ ᠡᠯᠡᠰᠦ ᠮᠡᠲᠦ ᠲᠣᠭᠠᠯᠠᠰᠢ ᠦᠭᠡᠢ ᠣᠯᠠᠨ ᠬᠥᠮᠦᠨ ᠲᠥᠷᠥᠵᠡᠢ᠃

13 ᠡᠳᠡᠭᠡᠷ ᠬᠥᠮᠦᠨ ᠴᠥᠮ ᠢᠲᠡᠭᠡᠯ ᠲᠡᠢ ᠪᠠᠷ ᠨᠠᠰᠤ ᠪᠠᠷᠠᠭᠰᠠᠨ᠃ ᠪᠤᠷᠬᠠᠨ ᠤ ᠠᠮᠠᠯᠠᠭᠰᠠᠨ ᠵᠦᠢᠯᠡᠰ ᠢ ᠣᠯᠣᠭᠰᠠᠨ ᠦᠭᠡᠢ ᠪᠣᠯᠪᠠᠴᠤ ᠠᠯᠤᠰ ᠠᠴᠠ ᠬᠠᠷᠠᠭᠠᠳ ᠪᠠᠶᠠᠷ ᠲᠠᠢ ᠬᠦᠯᠢᠶᠡᠨ ᠠᠪᠴᠤ᠂ ᠥᠪᠡᠷᠰᠡᠳ ᠦᠨ ᠢᠶᠠᠨ ᠭᠠᠵᠠᠷ ᠳᠡᠭᠡᠷᠡᠬᠢ ᠠᠶᠠᠨᠴᠢᠨ ᠴᠠᠭᠠᠴᠢᠨ ᠪᠣᠯᠬᠤ ᠶᠢ ᠢᠯᠡᠷᠬᠡᠶᠢᠯᠡᠪᠡ᠃ 14 ᠬᠥᠮᠦᠰ ᠢᠩᠭᠢᠵᠦ ᠬᠡᠯᠡᠳᠡᠭ ᠢᠶᠡᠷ ᠢᠶᠠᠨ ᠡᠬᠡ ᠣᠷᠣᠨ ᠢᠶᠠᠨ ᠬᠠᠢᠵᠤ ᠪᠠᠢᠭ᠎ᠠ ᠪᠠᠨ ᠢᠯᠡᠷᠬᠡᠶᠢᠯᠡᠳᠡᠭ᠌᠃ 15 ᠦᠨᠡᠨ ᠳᠡᠭᠡᠨ ᠲᠡᠳᠡ ᠭᠠᠷᠤᠭᠰᠠᠨ ᠭᠠᠵᠠᠷ ᠢᠶᠠᠨ ᠰᠠᠨᠠᠭᠠᠯᠵᠠᠵᠤ ᠪᠠᠢᠭᠰᠠᠨ ᠪᠣᠯ᠂ ᠪᠤᠴᠠᠬᠤ ᠵᠠᠪᠰᠢᠶᠠᠨ ᠴᠤ ᠪᠠᠢᠭᠰᠠᠨ᠃ 16 ᠬᠠᠷᠢᠨ ᠲᠡᠳᠡ ᠨᠡᠩ ᠰᠠᠢᠨ ᠲᠩᠷᠢᠯᠢᠭ ᠣᠷᠣᠨ ᠤᠷᠤᠭᠤ ᠲᠡᠮᠡᠦᠯᠳᠡᠭ ᠪᠠᠢᠪᠠ᠃ ᠲᠡᠢᠮᠦ ᠡᠴᠡ ᠪᠤᠷᠬᠠᠨ ᠲᠡᠳᠡᠨ ᠦ ᠪᠤᠷᠬᠠᠨ ᠭᠡᠵᠦ ᠨᠡᠷᠡᠯᠡᠭᠳᠡᠬᠦ ᠡᠴᠡ ᠢᠴᠢᠭᠰᠡᠨ ᠦᠭᠡᠢ ᠪᠠᠷ ᠦᠯᠦ ᠪᠠᠷᠠᠮ ᠲᠡᠳᠡᠨ ᠦ ᠲᠥᠯᠥᠭᠡ ᠨᠢᠭᠡᠨ ᠬᠣᠲᠠ ᠶᠢ ᠪᠡᠯᠡᠳᠬᠡᠭᠰᠡᠨ ᠶᠤᠮ᠃

17 ᠢᠲᠡᠭᠡᠯ ᠢᠶᠡᠷ ᠠᠪᠷᠠᠬᠠᠮ ᠰᠣᠷᠢᠭᠳᠠᠬᠤ ᠳᠠᠭᠠᠨ ᠢᠰᠠᠺ ᠢ ᠲᠠᠬᠢᠯ ᠪᠣᠯᠭᠠᠨ ᠡᠷᠭᠦᠵᠦ᠂ ᠠᠮᠠᠯᠠᠯᠲᠠ ᠨᠤᠭᠤᠳ ᠢ ᠬᠦᠯᠢᠶᠡᠨ ᠠᠪᠤᠭᠰᠠᠨ ᠲᠡᠷᠡ ᠪᠡᠷ ᠴᠣᠷ ᠤᠨ ᠭᠠᠭᠴᠠ ᠬᠦᠦ ᠪᠡᠨ ᠡᠷᠭᠦᠭᠰᠡᠨ᠃ 18 ᠪᠤᠷᠬᠠᠨ ᠤᠷᠢᠳᠤ ᠨᠢ ᠲᠡᠭᠦᠨ ᠳᠦ᠄ 《ᠢᠰᠠᠺ ᠠᠴᠠ ᠭᠠᠷᠤᠯ ᠲᠠᠢ ᠨᠢ ᠯᠠ ᠴᠢᠨᠦ ᠦᠷ᠎ᠡ ᠤᠳᠤᠮ ᠭᠡᠵᠦ ᠨᠡᠷᠡᠯᠡᠭᠳᠡᠨ᠎ᠡ》 ᠭᠡᠵᠦ ᠶᠠᠷᠢᠭᠰᠠᠨ ᠪᠠᠢᠲᠠᠯ᠎ᠠ ᠲᠡᠷᠡ ᠡᠷᠭᠦᠬᠦ ᠭᠡᠰᠡᠨ᠃ 19 ᠤᠴᠢᠷ ᠨᠢ᠂ ᠦᠬᠦᠭᠰᠡᠳ ᠦᠨ ᠳᠤᠮᠳᠠ ᠠᠴᠠ ᠠᠮᠢᠯᠠᠭᠤᠯᠬᠤ ᠴᠢᠳᠠᠯ ᠴᠤ ᠪᠤᠷᠬᠠᠨ ᠳᠤ ᠪᠤᠢ ᠭᠡᠵᠦ ᠠᠪᠷᠠᠬᠠᠮ ᠪᠣᠳᠣᠭᠰᠠᠨ᠃ ᠵᠦᠢᠷᠯᠡᠵᠦ ᠬᠡᠯᠡᠪᠡᠯ᠂ ᠬᠦᠦ ᠪᠡᠨ ᠦᠬᠦᠭᠰᠡᠳ ᠦᠨ ᠳᠤᠮᠳᠠ ᠠᠴᠠ ᠪᠤᠴᠠᠭᠠᠵᠤ ᠠᠪᠤᠭᠰᠠᠨ ᠬᠡᠷᠡᠭ᠃ 20 ᠢᠲᠡᠭᠡᠯ ᠢᠶᠡᠷ ᠢᠰᠠᠺ ᠢᠷᠡᠭᠡᠳᠦᠢ ᠶᠢ ᠦᠵᠡᠨ ᠶᠠᠺᠣᠪ᠂ ᠡᠰᠠᠦ᠋ ᠬᠣᠶᠠᠷ ᠢᠶᠠᠨ ᠢᠷᠥᠭᠡᠪᠡ᠃ 21 ᠢᠲᠡᠭᠡᠯ ᠢᠶᠡᠷ ᠶᠠᠺᠣᠪ ᠨᠠᠰᠤ ᠪᠠᠷᠠᠬᠤ ᠶᠢᠨ ᠳᠠᠪᠠᠭᠠᠨ ᠳᠡᠭᠡᠷ᠎ᠡ ᠪᠡᠨ ᠶᠣᠰᠧᠹ ᠤᠨ ᠬᠡᠦᠬᠡᠳ ᠤᠳ ᠢ ᠲᠤᠰ ᠲᠤᠰ ᠢᠷᠥᠭᠡᠵᠦ ᠲᠠᠶᠠᠭ ᠤᠨ ᠢᠶᠠᠨ ᠲᠣᠯᠣᠭᠠᠢ ᠶᠢ ᠲᠦᠰᠢᠨ ᠮᠥᠷᠭᠥᠵᠡᠢ᠃ 22 ᠢᠲᠡᠭᠡᠯ ᠢᠶᠡᠷ ᠶᠣᠰᠧᠹ ᠨᠠᠰᠤᠨ ᠡᠴᠦᠰᠯᠡᠬᠦ ᠳᠡᠭᠡᠨ ᠢᠰᠷᠧᠯᠴᠦᠳ ᠦᠨ ᠭᠡᠲᠦᠯᠭᠡᠭᠳᠡᠬᠦ ᠶᠢᠨ ᠲᠤᠬᠠᠢ ᠳᠤᠷᠠᠳᠤᠭᠰᠠᠨ ᠪᠥᠭᠡᠳ ᠥᠪᠡᠷ ᠦᠨ ᠢᠶᠠᠨ ᠶᠠᠰᠤᠨ ᠤ ᠲᠤᠬᠠᠢ ᠵᠠᠬᠢᠵᠠᠢ᠃

23 ᠢᠲᠡᠭᠡᠯ ᠢᠶᠡᠷ ᠮᠣᠰᠧ ᠶᠢᠨ ᠡᠴᠢᠭᠡ ᠡᠬᠡ ᠲᠡᠭᠦᠨ ᠢ ᠲᠥᠷᠥᠭᠰᠡᠨ ᠦ ᠳᠠᠷᠠᠭ᠎ᠠ᠂ ᠭᠤᠷᠪᠠᠨ ᠰᠠᠷ᠎ᠠ ᠨᠢᠭᠤᠭᠰᠠᠨ᠃ ᠤᠴᠢᠷ ᠨᠢ᠂ ᠲᠡᠭᠦᠨ ᠢ ᠬᠠᠷᠠᠬᠤ ᠳᠤ ᠣᠨᠴᠠᠭᠠᠢ ᠰᠠᠢᠬᠠᠨ ᠬᠡᠦᠬᠡᠳ ᠪᠠᠢᠵᠠᠢ᠃ ᠲᠡᠳᠡ ᠬᠠᠭᠠᠨ ᠤ ᠵᠠᠷᠯᠢᠭ ᠠᠴᠠ ᠠᠶᠤᠭᠰᠠᠨ ᠦᠭᠡᠢ᠃ 24 ᠢᠲᠡᠭᠡᠯ ᠢᠶᠡᠷ ᠮᠣᠰᠧ ᠨᠠᠰᠤᠨ ᠳᠤ ᠬᠦᠷᠦᠭᠰᠡᠨ ᠦ ᠳᠠᠷᠠᠭ᠎ᠠ᠂ ᠹᠠᠷᠠᠣ᠋ ᠶᠢᠨ ᠥᠬᠢᠨ ᠤ ᠬᠦᠦ ᠬᠡᠮᠡᠨ ᠬᠡᠯᠡᠭᠳᠡᠬᠦ ᠶᠢ ᠡᠰᠡᠷᠭᠦᠴᠡᠵᠦ᠂ 25 ᠨᠢᠭᠦᠯ ᠦᠨ ᠲᠦᠷ ᠵᠢᠷᠭᠠᠯ ᠢ ᠡᠳ᠋ᠯᠡᠬᠦ ᠶᠢᠨ ᠣᠷᠣᠨ ᠳᠤ ᠪᠤᠷᠬᠠᠨ ᠤ ᠠᠷᠠᠳ ᠲᠠᠢ ᠬᠠᠮᠲᠤ ᠵᠣᠪᠠᠬᠤ ᠶᠢ ᠰᠣᠩ᠋ᠭᠣᠭᠰᠠᠨ ᠪᠥᠭᠡᠳ 26 ᠶᠧᠵᠢᠫᠲ ᠤᠨ ᠡᠳ᠋ ᠪᠠᠶᠠᠯᠢᠭ ᠢ ᠣᠯᠬᠤ ᠠᠴᠠ ᠾᠷᠢᠰᠲ᠋ᠣᠰ ᠤᠨ ᠲᠥᠯᠥᠭᠡ ᠱᠣᠭᠣᠪᠳᠣᠷᠯᠠᠭᠳᠠᠬᠤ ᠨᠢ ᠢᠯᠡᠭᠦᠦ ᠦᠨ᠎ᠡ ᠴᠡᠨ᠎ᠡ ᠲᠠᠢ ᠭᠡᠵᠦ ᠦᠵᠡᠪᠡ᠃ ᠤᠴᠢᠷ ᠨᠢ᠂ ᠲᠡᠷᠡ ᠢᠷᠡᠭᠡᠳᠦᠢ ᠶᠢᠨ ᠱᠠᠩᠨᠠᠯ ᠢ ᠡᠷᠡᠮᠡᠯᠵᠡᠨ ᠬᠠᠷᠠᠵᠤ ᠪᠠᠢᠭᠰᠠᠨ᠂ 27 ᠢᠲᠡᠭᠡᠯ ᠢᠶᠡᠷ ᠶᠧᠵᠢᠫᠲ ᠢ ᠣᠷᠬᠢᠵᠤ ᠬᠠᠭᠠᠨ ᠤ ᠬᠢᠯᠢᠩ ᠡᠴᠡ ᠠᠶᠤᠭᠰᠠᠨ ᠦᠭᠡᠢ᠂ ᠲᠡᠷᠡ ᠦᠵᠡᠭᠳᠡᠳᠡᠭ ᠦᠭᠡᠢ ᠨᠢᠭᠡᠨ ᠢ ᠦᠵᠡᠳᠡᠭ ᠮᠡᠲᠦ ᠲᠤᠤᠱᠲᠠᠢ ᠪᠠᠢᠯ᠎ᠠ᠃ 28 ᠢᠲᠡᠭᠡᠯ ᠢᠶᠡᠷ ᠲᠡᠷᠡ ᠭᠡᠲᠦᠯᠭᠡᠭᠰᠡᠨ ᠦ ᠪᠠᠶᠠᠷ ᠪᠠ ᠴᠢᠰᠤ ᠰᠠᠴᠤᠬᠤ ᠶᠣᠰᠣ ᠶᠢ ᠲᠣᠭᠲᠠᠭᠠᠭᠰᠠᠨ ᠳᠤ᠂ ᠤᠤᠭᠠᠨ ᠬᠦᠦ ᠶᠢ ᠰᠥᠨᠥᠭᠡᠭᠴᠢ ᠨᠢ ᠲᠡᠳᠡᠨ ᠢ ᠬᠣᠣᠷᠯᠠᠭᠰᠠᠨ ᠦᠭᠡᠢ᠃

29 ᠢᠲᠡᠭᠡᠯ ᠢᠶᠡᠷ ᠲᠡᠳᠡ ᠤᠯᠠᠭᠠᠨ ᠲᠠᠩᠭᠢᠰ ᠢ ᠬᠠᠭᠤᠷᠠᠢ ᠭᠠᠵᠠᠷ ᠮᠡᠲᠦ ᠭᠠᠲᠤᠯᠪᠠ᠃ ᠬᠠᠷᠢᠨ ᠶᠧᠵᠢᠫᠲ᠋ᠴᠦᠳ ᠲᠡᠷᠡ ᠮᠡᠲᠦ ᠪᠡᠷ ᠣᠷᠣᠯᠳᠤᠭᠰᠠᠨ᠎ᠠ ᠵᠢᠪᠴᠦ ᠦᠬᠦᠵᠡᠢ᠃ 30 ᠢᠲᠡᠭᠡᠯ ᠢᠶᠡᠷ ᠲᠡᠳᠡ ᠳᠣᠯᠣᠭᠠᠨ ᠡᠳᠦᠷ ᠲᠣᠭᠣᠷᠢᠭᠰᠠᠨ ᠳᠤ᠂ ᠶᠧᠷᠢᠺᠣ ᠶᠢᠨ ᠬᠡᠷᠡᠮ ᠨᠤᠷᠠᠪᠠ᠃ 31 ᠢᠲᠡᠭᠡᠯ ᠢᠶᠡᠷ ᠢᠶᠠᠨ ᠶᠠᠩ᠋ᠬᠠᠨ ᠷᠠᠬᠠᠪ ᠳᠤᠭᠤᠯᠭᠠᠪᠤᠷᠢ ᠦᠭᠡᠢ ᠬᠥᠮᠦᠰ ᠲᠡᠢ ᠴᠤᠭ ᠰᠥᠨᠥᠭᠰᠡᠨ ᠦᠭᠡᠢ᠃ ᠲᠡᠷᠡ ᠲᠤᠷᠰᠢᠭᠤᠯᠴᠢᠳ ᠢ ᠤᠭᠲᠤᠨ ᠠᠪᠴᠤ ᠠᠶᠤᠯ ᠦᠭᠡᠢ ᠪᠠᠢᠯᠭᠠᠭᠰᠠᠨ ᠶᠤᠮ᠃

32 ᠪᠢ ᠡᠭᠦᠨ ᠡᠴᠡ ᠢᠯᠡᠭᠦᠦ ᠶᠠᠭᠤ ᠶᠠᠷᠢᠬᠤ ᠪᠤᠢ︖ ᠭᠢᠳᠧᠶᠣᠨ᠂ ᠪᠠᠷᠠᠺ᠂ ᠰᠠᠮᠰᠣᠨ᠂ ᠶᠧᠹᠲ᠋ᠠ᠂ ᠳ᠋ᠠᠸᠢᠳ᠋᠂ ᠰᠠᠮᠦ᠋ᠶᠧᠯ ᠪᠠ ᠡᠰᠢ ᠦᠵᠡᠭᠦᠯᠦᠭᠴᠢᠳ ᠤᠨ ᠲᠤᠬᠠᠢ ᠥᠭᠦᠯᠡᠬᠦ ᠶᠤᠮ ᠪᠣᠯ ᠴᠠᠭ ᠬᠦᠷᠬᠦ ᠦᠭᠡᠢ᠃ 33 ᠢᠲᠡᠭᠡᠯ ᠢᠶᠡᠷ ᠲᠡᠳᠡ ᠤᠯᠤᠰ ᠭᠦᠷᠦᠨ ᠢ ᠪᠠᠢᠯᠳᠤᠨ ᠢᠯᠠᠭᠠᠳ ᠵᠥᠪ ᠢ ᠦᠢᠯᠡᠳᠴᠦ᠂ ᠠᠮᠠᠯᠠᠯ ᠤᠨ ᠵᠦᠢᠯᠡᠰ ᠢ ᠬᠦᠷᠲᠡᠭᠡᠳ ᠠᠷᠰᠯᠠᠨ ᠤ ᠠᠮᠠ ᠶᠢ ᠪᠥᠭᠯᠡᠨ 34 ᠬᠦᠴᠦᠲᠦ ᠭᠠᠯ ᠢ ᠤᠨᠲᠠᠷᠠᠭᠠᠵᠤ᠂ ᠢᠯᠳᠦᠨ ᠦ ᠢᠷ ᠡᠴᠡ ᠵᠠᠢᠯᠠᠨ᠂ ᠳᠣᠷᠣᠢᠲᠠᠯ ᠠᠴᠠ ᠬᠦᠴᠦᠷᠬᠡᠭᠵᠢᠵᠦ᠂ ᠪᠠᠢᠯᠳᠤᠭᠠᠨ ᠳᠤ ᠬᠦᠴᠦᠲᠡᠨ ᠪᠣᠯᠵᠤ᠂ ᠬᠠᠷᠢ ᠶᠢᠨ ᠴᠡᠷᠢᠭ ᠤᠳ ᠢ ᠬᠥᠭᠡᠭᠡᠭᠰᠡᠨ᠃ 35 ᠵᠠᠷᠢᠮ ᠡᠮᠡᠭᠲᠡᠢ ᠦᠬᠦᠭᠰᠡᠨ ᠪᠦᠯᠢ ᠪᠠᠨ ᠠᠮᠢᠯᠠᠬᠤ ᠳᠤᠨᠢ ᠬᠦᠯᠢᠶᠡᠨ ᠠᠪᠤᠭᠰᠠᠨ᠃ ᠵᠠᠷᠢᠮ ᠨᠢ ᠡᠷᠡᠬᠦᠳᠡᠭᠳᠡᠵᠦ ᠪᠠᠢᠬᠤ ᠳᠠᠭᠠᠨ᠂ ᠨᠡᠩ ᠰᠠᠢᠨ ᠠᠮᠢᠯᠠᠯᠲᠠ ᠶᠢ ᠣᠯᠬᠤ ᠶᠢᠨ ᠲᠤᠯᠠᠳᠠ ᠰᠤᠯᠠᠯᠠᠭᠳᠠᠬᠤ ᠶᠢ ᠬᠦᠰᠡᠭᠰᠡᠨ ᠦᠭᠡᠢ ᠪᠢᠯᠡ᠃ 36 ᠪᠠᠰᠠ ᠵᠠᠷᠢᠮ ᠨᠢ ᠳᠣᠷᠣᠮᠵᠢᠯᠠᠯ᠂ ᠲᠠᠰᠢᠭᠤᠷ ᠢᠶᠠᠷ ᠪᠠᠷᠠᠬᠤ ᠦᠭᠡᠢ᠂ ᠭᠢᠨᠵᠢ ᠪᠠ ᠬᠣᠷᠢᠭ᠎ᠠ ᠵᠡᠷᠭᠡ ᠪᠡᠷ ᠰᠣᠷᠢᠭᠳᠠᠪᠠ᠃ 37 ᠲᠡᠳᠡ ᠴᠢᠯᠠᠭᠤᠳᠠᠭᠳᠠᠭᠰᠠᠨ᠃ ᠲᠡᠳᠡ ᠬᠢᠷᠥᠭᠡᠳᠡᠭᠳᠡᠨ ᠲᠠᠯᠠᠯᠠᠭᠳᠠᠭᠰᠠᠨ᠂ ᠲᠡᠳᠡ ᠢᠯᠳᠦ ᠪᠡᠷ ᠠᠯᠠᠭᠳᠠᠭᠰᠠᠨ᠂ ᠲᠡᠳᠡ ᠬᠣᠨᠢ ᠢᠮᠠᠭᠠᠨ ᠤ ᠠᠷᠠᠰᠤ ᠨᠥᠮᠥᠷᠥᠨ ᠡ᠊ᠨᠳᠡ ᠲᠡᠨᠳᠡ ᠦᠭᠡᠢ ᠶᠠᠪᠤᠭᠰᠠᠭᠠᠷ ᠭᠠᠴᠢᠭᠳᠠᠨ ᠬᠠᠪᠴᠢᠭᠳᠠᠵᠤ ᠬᠣᠬᠢᠷᠠᠵᠤ ᠪᠠᠢᠪᠠ᠃ 38 ᠡᠨᠡ ᠶᠢᠷᠲᠢᠨᠴᠦ ᠲᠡᠳᠡᠨ ᠳᠦ ᠦᠨ᠎ᠡ ᠴᠡᠨ᠎ᠡ ᠦᠭᠡᠢ ᠪᠠᠢᠯ᠎ᠠ᠃ ᠲᠡᠳᠡ ᠴᠥᠯ᠂ ᠠᠭᠤᠯᠠ᠂ ᠠᠭᠤᠢ ᠪᠠ ᠬᠣᠩᠭᠢᠯ ᠢᠶᠠᠷ ᠲᠡᠨᠦᠭᠦᠴᠢᠯᠡᠨ ᠶᠠᠪᠤᠵᠤ ᠪᠠᠢᠪᠠ᠃

39 ᠲᠡᠳᠡ ᠢᠲᠡᠭᠡᠭᠰᠡᠨ ᠢᠶᠡᠷ ᠪᠦᠭᠦᠳᠡᠭᠡᠷ ᠢᠶᠡᠨ ᠰᠠᠢᠰᠢᠶᠠᠭᠳᠠᠭᠰᠠᠨ ᠪᠣᠯᠪᠠᠴᠤ ᠪᠤᠷᠬᠠᠨ ᠤ ᠠᠮᠠᠯᠠᠭᠰᠠᠨ ᠵᠦᠢᠯᠡᠰ ᠢ ᠣᠯᠣᠭ᠎ᠠ ᠦᠭᠡᠢ᠃ 40 ᠪᠤᠷᠬᠠᠨ ᠲᠡᠳᠡᠨ ᠢ ᠪᠢᠳᠡᠨ ᠲᠡᠢ ᠬᠠᠮᠲᠤ ᠪᠠᠷ ᠯᠠ ᠲᠡᠭᠦᠯᠳᠡᠷᠵᠢᠭᠦᠯᠬᠦ ᠭᠡᠰᠡᠨ ᠳᠡᠭᠡᠨ ᠪᠢᠳᠡᠨ ᠳᠦ ᠨᠡᠩ ᠰᠠᠢᠨ ᠵᠦᠢᠯ ᠢ ᠪᠡᠯᠡᠳᠦᠭᠰᠡᠨ ᠠᠵᠢ᠃