ᠢᠪᠷᠠᠢ ᠵᠢᠷᠭᠤᠭ᠎ᠠ
1 ᠡᠢᠮᠦ ᠡᠴᠡ ᠪᠢᠳᠡ ᠾᠷᠢᠰᠲ᠋ᠣᠰ ᠤᠨ ᠠᠩ᠋ᠬᠠᠨ ᠤ ᠰᠤᠷᠭᠠᠯ ᠠᠴᠠ ᠳᠡᠭᠡᠭᠰᠢᠯᠡᠵᠦ ᠲᠥᠯᠥᠪᠰᠢᠬᠦ ᠶᠢ ᠵᠣᠷᠢᠵᠠᠭᠠᠶᠠ᠃ ᠠᠩ᠋ᠬᠠᠨ ᠤ ᠵᠠᠷᠴᠢᠮ᠂ ᠵᠢᠱᠢᠶᠡᠯᠡᠪᠡᠯ ᠦᠬᠦᠯ ᠳᠦ ᠬᠦᠷᠭᠡᠬᠦ ᠦᠢᠯᠡᠰ ᠡᠴᠡ ᠭᠡᠮᠰᠢᠬᠦ᠂ ᠪᠤᠷᠬᠠᠨ ᠳᠤ ᠢᠲᠡᠭᠡᠬᠦ᠂ 2 ᠤᠬᠢᠶᠠᠯ ᠬᠦᠷᠲᠡᠬᠦ᠂ ᠭᠠᠷ ᠲᠠᠯᠪᠢᠬᠤ᠂ ᠦᠬᠦᠭᠰᠡᠳ ᠦᠨ ᠠᠮᠢᠯᠠᠬᠤ ᠪᠠ ᠮᠥᠩᠬᠡ ᠶᠢᠨ ᠰᠢᠭᠦᠯᠲᠡ ᠶᠢᠨ ᠰᠤᠷᠭᠠᠮᠵᠢ ᠶᠢ ᠳᠠᠪᠲᠠᠬᠤ ᠪᠠᠨ ᠪᠣᠯᠢᠵᠠᠭᠠᠶᠠ᠃ 3 ᠪᠤᠷᠬᠠᠨ ᠵᠥᠪᠰᠢᠶᠡᠷᠡᠬᠦ ᠯᠠ ᠶᠤᠮ ᠪᠣᠯ ᠪᠢᠳᠡ ᠲᠡᠭᠡᠨ᠎ᠡ᠃ 4 ᠭᠡᠪᠡᠴᠦ ᠨᠢᠭᠡᠨᠲᠡ ᠭᠡᠭᠡᠷᠡᠭᠦᠯᠦᠭᠳᠡᠵᠦ ᠲᠩᠷᠢᠯᠢᠭ ᠰᠣᠶᠣᠷᠬᠠᠯ ᠢ ᠠᠮᠰᠠᠭᠠᠳ᠂ ᠠᠷᠢᠭᠤᠨ ᠰᠦᠨᠡᠰᠦᠨ ᠦ ᠬᠤᠪᠢᠲᠠᠨ ᠪᠣᠯᠣᠭᠰᠠᠨ ᠢᠶᠠᠷ ᠦᠯᠦ ᠪᠠᠷᠠᠮ 5 ᠪᠤᠷᠬᠠᠨ ᠤ ᠦᠭᠡ ᠶᠢᠨ ᠰᠠᠢᠨ ᠰᠠᠢᠬᠠᠨ ᠢ᠂ ᠪᠠᠰᠠ ᠢᠷᠡᠬᠦ ᠦᠶ᠎ᠡ ᠶᠢᠨ ᠬᠦᠴᠦ ᠶᠢ ᠠᠮᠰᠠᠴᠢᠬᠠᠭᠠᠳ 6 ᠤᠷᠪᠠᠭᠰᠠᠨ ᠬᠥᠮᠦᠰ ᠨᠢ ᠪᠤᠷᠬᠠᠨ ᠤ ᠬᠦᠦ ᠶᠢ ᠥᠪᠡᠷᠰᠡᠳ ᠦᠨ ᠢᠶᠠᠨ ᠡᠰᠡᠷᠭᠦ ᠵᠠᠭᠠᠯᠮᠠᠢ ᠳᠡᠭᠡᠷ᠎ᠡ ᠴᠣᠪᠳᠣᠯᠠᠵᠤ᠂ ᠣᠯᠠᠨ ᠤ ᠰᠢᠪᠰᠢᠭ ᠪᠣᠯᠭᠠᠵᠤ ᠪᠠᠢᠭ᠎ᠠ ᠶᠤᠮ᠂ ᠲᠡᠳᠡᠨ ᠢ ᠳᠠᠬᠢᠨ ᠰᠢᠨᠡᠴᠢᠯᠡᠵᠦ ᠭᠡᠮᠰᠢᠭᠦᠯᠬᠦ ᠠᠷᠭ᠎ᠠ ᠦᠭᠡᠢ᠃ 7 ᠤᠴᠢᠷ ᠨᠢ᠂ ᠦᠷᠭᠦᠯᠵᠢ ᠣᠷᠣᠳᠠᠭ ᠪᠣᠷᠣᠭᠠᠨ ᠢ ᠰᠢᠩᠭᠡᠭᠡᠵᠦ᠂ ᠲᠠᠷᠢᠶᠠᠴᠢᠳ ᠲᠤ ᠠᠰᠢᠭ ᠲᠠᠢ ᠨᠣᠭᠣᠭ᠎ᠠ ᠲᠠᠷᠢᠶ᠎ᠠ ᠶᠢ ᠤᠷᠭᠤᠭᠤᠯᠳᠠᠭ ᠭᠠᠵᠠᠷ ᠨᠢ ᠪᠤᠷᠬᠠᠨ ᠤ ᠢᠪᠡᠭᠡᠯ ᠢ ᠬᠦᠷᠲᠡᠳᠡᠭ ᠪᠠᠢᠬᠤ ᠳᠤ᠂ 8 ᠬᠠᠷᠢᠨ ᠥᠷᠭᠡᠰᠦᠲᠦ ᠪᠤᠲᠠ ᠪᠠ ᠵᠠᠩ᠋ᠭᠤᠤ ᠤᠷᠭᠤᠳᠠᠭ ᠭᠠᠵᠠᠷ ᠭᠣᠯᠣᠭᠳᠠᠬᠤ ᠪᠥᠭᠡᠳ ᠵᠥᠭᠡᠭᠳᠡᠮᠡᠷ ᠪᠣᠯᠣᠭᠠᠳ ᠡᠴᠦᠰ ᠲᠡᠭᠡᠨ ᠰᠢᠲᠠᠭᠠᠭᠳᠠᠨ᠎ᠠ᠃
9 ᠬᠠᠢᠷᠠᠲᠤ ᠨᠤᠭᠤᠳ ᠡ᠂ ᠪᠢᠳᠡ ᠡᠢᠨ ᠬᠦ ᠶᠠᠷᠢᠳᠠᠭ ᠪᠣᠯᠪᠠᠴᠤ ᠲᠠ ᠨᠠᠷ ᠲᠤ ᠡᠭᠦᠨ ᠡᠴᠡ ᠨᠡᠩ ᠰᠠᠢᠨ ᠵᠦᠢᠯᠡᠰ᠂ ᠲᠤᠬᠠᠢᠯᠠᠪᠠᠯ ᠠᠪᠤᠷᠠᠯ ᠤᠨ ᠳᠠᠭᠠᠤ ᠵᠦᠢᠯᠡᠰ ᠪᠤᠢ ᠭᠡᠵᠦ ᠢᠲᠡᠭᠡᠵᠦ ᠪᠠᠢᠨ᠎ᠠ᠃ 10 ᠤᠴᠢᠷ ᠨᠢ ᠪᠤᠷᠬᠠᠨ ᠪᠣᠯ ᠵᠥᠪᠲᠦ ᠪᠤᠰᠤ ᠪᠢᠰᠢ ᠶᠤᠮ᠃ ᠲᠠ ᠨᠠᠷ ᠤᠨ ᠦᠢᠯᠡᠰ ᠢ ᠲᠡᠷᠡ ᠮᠠᠷᠲᠠᠬᠤ ᠦᠭᠡᠢ᠂ ᠤᠷᠢᠳᠤ ᠨᠢ ᠴᠤ᠂ ᠣᠳᠣ ᠴᠤ ᠠᠷᠢᠭᠤᠨ ᠬᠥᠮᠦᠰ ᠲᠦ ᠦᠢᠯᠡᠴᠢᠯᠡᠬᠦ ᠳᠡᠭᠡᠨ ᠢᠯᠡᠷᠡᠭᠦᠯᠦᠭᠰᠡᠨ ᠲᠠ ᠨᠠᠷ ᠤᠨ ᠬᠠᠢᠷ᠎ᠠ ᠶᠢ ᠴᠤ ᠮᠠᠷᠲᠠᠬᠤ ᠦᠭᠡᠢ᠃ 11 ᠲᠠ ᠨᠠᠷ ᠤᠨ ᠬᠥᠮᠦᠨ ᠪᠦᠷᠢ ᠡᠴᠦᠰ ᠲᠤᠨᠢ ᠲᠤᠯᠲᠠᠯ᠎ᠠ ᠠᠳᠠᠯᠢᠬᠠᠨ ᠴᠢᠷᠮᠠᠢᠯᠲᠠ ᠪᠠᠨ ᠢᠯᠡᠷᠬᠡᠶᠢᠯᠡᠵᠦ ᠡᠷᠡᠮᠡᠯᠵᠡᠯ ᠢᠶᠡᠨ ᠪᠦᠷᠢᠮᠦᠰᠦᠨ ᠪᠦᠲᠦᠭᠡᠭᠡᠰᠡᠢ᠃ 12 ᠡᠢᠨ ᠬᠦ ᠵᠠᠯᠬᠠᠭᠤᠷᠠᠯ ᠦᠭᠡᠢ ᠪᠠᠷ ᠲᠡᠳᠡᠭᠡᠷ ᠢᠲᠡᠭᠡᠯ ᠲᠡᠢ᠂ ᠲᠡᠪᠴᠢᠶᠡᠷᠢ ᠲᠠᠢ ᠪᠠᠷ ᠠᠮᠠᠯᠠᠯᠲᠠ ᠶᠢ ᠥᠪᠯᠡᠭᠴᠢ ᠶᠢᠨ ᠳᠠᠭᠤᠷᠢᠶᠠᠭᠴᠢᠳ ᠪᠣᠯᠣᠭᠠᠰᠠᠢ ᠭᠡᠵᠦ ᠪᠢᠳᠡ ᠬᠦᠰᠡᠶ᠎ᠡ᠃
ᠠᠮᠠᠯᠠᠯᠲᠠ ᠳᠤ ᠨᠠᠢᠳᠠ
13 ᠪᠤᠷᠬᠠᠨ ᠠᠪᠷᠠᠬᠠᠮ ᠳᠤ ᠠᠮᠠᠯᠠᠯᠲᠠ ᠬᠢᠬᠦ ᠳᠡᠭᠡᠨ᠂ ᠥᠪᠡᠷ ᠡᠴᠡ ᠨᠢ ᠠᠭᠤᠤ ᠨᠢᠭᠡᠨ ᠳᠦ ᠲᠠᠩ᠋ᠭᠠᠷᠢᠭᠯᠠᠬᠤ ᠪᠣᠯᠣᠮᠵᠢ ᠦᠭᠡᠢ ᠲᠤᠯᠠ ᠥᠪᠡᠷ ᠲᠡᠭᠡᠨ ᠲᠠᠩ᠋ᠭᠠᠷᠢᠭᠯᠠᠨ᠄ 14 《ᠪᠢ ᠦᠨᠡᠬᠡᠷ ᠴᠢᠮ᠎ᠠ ᠶᠢ ᠢᠪᠡᠭᠡᠨ ᠢᠪᠡᠭᠡᠵᠦ᠂ ᠴᠢᠮ᠎ᠠ ᠶᠢ ᠣᠯᠠᠰᠢᠷᠠᠭᠤᠯᠤᠨ ᠣᠯᠠᠰᠢᠷᠠᠭᠤᠯᠤᠨ᠎ᠠ》 ᠭᠡᠰᠡᠨ ᠳᠦ᠂ 15 ᠠᠪᠷᠠᠬᠠᠮ ᠲᠡᠪᠴᠢᠶᠡᠷᠢ ᠲᠠᠢ ᠬᠦᠯᠢᠶᠡᠵᠦ ᠠᠮᠠᠯᠠᠯᠲᠠ ᠶᠢ ᠬᠦᠷᠲᠡᠵᠡᠢ᠃ 16 ᠬᠥᠮᠦᠨ ᠥᠪᠡᠷ ᠡᠴᠡ ᠪᠡᠨ ᠠᠭᠤᠤ ᠨᠢᠭᠡᠨ ᠳᠦ ᠲᠠᠩ᠋ᠭᠠᠷᠢᠭᠯᠠᠳᠠᠭ ᠪᠥᠭᠡᠳ ᠲᠡᠷᠡ ᠬᠦ ᠲᠠᠩ᠋ᠭᠠᠷᠢᠭ ᠨᠢ ᠠᠯᠢᠪᠠ ᠮᠠᠷᠭᠤᠭᠠᠨ ᠤ ᠡᠴᠦᠰ ᠦᠨ ᠪᠠᠲᠤᠯᠠᠪᠤᠷᠢ ᠪᠣᠯᠳᠠᠭ᠃ 17 ᠲᠡᠭᠦᠨᠴᠢᠯᠡᠨ ᠥᠨᠥᠬᠢ ᠠᠮᠠᠯᠠᠯᠲᠠ ᠶᠢ ᠥᠪᠯᠡᠭᠴᠢᠳ ᠲᠤ ᠪᠤᠷᠬᠠᠨ ᠰᠠᠨᠠᠭ᠎ᠠ ᠶᠢᠨ ᠢᠶᠠᠨ ᠬᠤᠪᠢᠷᠠᠰᠢ ᠦᠭᠡᠢ ᠭᠡᠳᠡᠭ ᠢ ᠢᠯᠡᠭᠦᠦ ᠲᠣᠳᠣᠷᠬᠠᠢ ᠢᠯᠡᠷᠡᠭᠦᠯᠬᠦ ᠶᠢᠨ ᠲᠥᠯᠥᠭᠡ ᠲᠠᠩ᠋ᠭᠠᠷᠢᠭ ᠢᠶᠠᠷ᠂ ᠪᠠᠰᠠ ᠠᠮᠠᠯᠠᠯᠲᠠ ᠪᠠᠷ ᠪᠠᠲᠤᠯᠠᠭᠰᠠᠨ ᠲᠤᠯᠠ᠂ 18 ᠡᠨᠡ ᠬᠣᠶᠠᠷ ᠵᠦᠢᠯ ᠳᠡᠭᠡᠷ᠎ᠡ ᠪᠤᠷᠬᠠᠨ ᠯᠠᠪ ᠬᠤᠳᠠᠯ ᠬᠡᠯᠡᠬᠦ ᠦᠭᠡᠢ ᠤᠴᠢᠷ ᠠᠴᠠ ᠥᠪᠡᠷᠰᠡᠳ ᠦᠨ ᠡᠮᠦᠨ᠎ᠡ ᠪᠠᠢᠭ᠎ᠠ ᠡᠷᠡᠮᠡᠯᠵᠡᠯ ᠢ ᠡᠵᠡᠮᠳᠡᠬᠦ ᠶᠢᠨ ᠲᠥᠯᠥᠭᠡ ᠳᠦᠷᠪᠡᠭᠴᠢ ᠪᠣᠯᠣᠭᠰᠠᠨ ᠪᠢᠳᠡ ᠶᠡᠬᠡᠳᠡ ᠲᠠᠢᠳᠬᠤᠷᠠᠳᠠᠭ᠃ 19 ᠪᠢᠳᠡᠨ ᠳᠦ ᠪᠤᠢ ᠡᠨᠡ ᠡᠷᠡᠮᠡᠯᠵᠡᠯ ᠪᠣᠯ ᠲᠣᠭᠲᠠᠪᠤᠷᠢᠲᠠᠢ ᠠᠮᠢ ᠶᠢᠨ ᠵᠠᠩ᠋ᠭᠤᠤ ᠲᠡᠮᠦᠷ ᠪᠥᠭᠡᠳ ᠬᠥᠳᠡᠯᠦᠰᠢ ᠦᠭᠡᠢ ᠤᠴᠢᠷ ᠠᠴᠠ ᠲᠡᠷᠡ ᠵᠠᠩ᠋ᠭᠤᠤ ᠨᠢ ᠬᠥᠰᠢᠭᠡ 6 ᠶᠢᠨ ᠳᠣᠲᠣᠷ᠎ᠠ ᠣᠷᠣᠳᠠᠭ᠃ 20 ᠪᠢᠳᠡᠨ ᠦ ᠬᠣᠰᠢᠭᠤᠴᠢ ᠢᠰᠦ᠋ᠰ ᠮᠧᠯᠬᠢᠽᠧᠳᠧᠺ ᠤᠨ ᠶᠣᠰᠣ ᠶᠢ ᠳᠠᠭᠠᠳᠠᠭ ᠮᠥᠩᠬᠡ ᠶᠢᠨ ᠲᠡᠷᠢᠭᠦᠨ ᠲᠠᠬᠢᠯᠴᠢ ᠪᠣᠯᠣᠭᠠᠳ ᠲᠡᠨᠳᠡ ᠣᠷᠣᠵᠠᠢ᠃