ᠢᠪᠷᠠᠢ ᠲᠠᠪᠤ
1 ᠲᠡᠷᠢᠭᠦᠨ ᠲᠠᠬᠢᠯᠴᠢ ᠪᠦᠷᠢ ᠬᠥᠮᠦᠰ ᠦᠨ ᠳᠤᠮᠳᠠ ᠠᠴᠠ ᠰᠣᠩ᠋ᠭᠣᠭᠳᠠᠳᠠᠭ ᠪᠥᠭᠡᠳ ᠬᠥᠮᠦᠰ ᠦᠨ ᠡᠮᠦᠨ᠎ᠡ ᠡᠴᠡ ᠪᠤᠷᠬᠠᠨ ᠳᠤ ᠦᠢᠯᠡᠴᠢᠯᠡᠬᠦ ᠶᠢᠨ ᠲᠤᠯᠠᠳᠠ ᠲᠣᠮᠢᠯᠠᠭᠳᠠᠵᠤ᠂ ᠡᠷᠭᠦᠯ ᠪᠠ ᠨᠢᠭᠦᠯ ᠦᠨ ᠲᠥᠯᠥᠭᠡᠬᠢ ᠲᠠᠬᠢᠯ ᠢ ᠡᠷᠭᠦᠳᠡᠭ᠃ 2 ᠲᠡᠷᠡ ᠮᠡᠳᠡᠯᠭᠡ ᠦᠭᠡᠢ ᠲᠥᠭᠡᠷᠢᠳᠡᠭ ᠬᠥᠮᠦᠰ ᠲᠡᠢ ᠡᠭᠡᠯᠢᠰᠢᠵᠦ ᠴᠢᠳᠠᠳᠠᠭ᠃ ᠲᠡᠷᠡ ᠥᠪᠡᠷ ᠢᠶᠡᠨ ᠰᠤᠯᠠ ᠳᠣᠷᠣᠢ ᠤᠴᠢᠷ ᠠᠴᠠ 3 ᠠᠷᠠᠳ ᠲᠦᠮᠡᠨ ᠦ ᠲᠥᠯᠥᠭᠡ ᠯᠠ ᠪᠢᠰᠢ᠂ ᠮᠥᠨ ᠥᠪᠡᠷ ᠦᠨ ᠢᠶᠠᠨ ᠲᠥᠯᠥᠭᠡ ᠨᠢᠭᠦᠯ ᠦᠨ ᠲᠥᠯᠥᠭᠡᠬᠢ ᠲᠠᠬᠢᠯ ᠢ ᠡᠷᠭᠦᠳᠡᠭ᠃ 4 ᠬᠥᠮᠦᠨ ᠡᠨᠡ ᠬᠦ ᠠᠯᠳᠠᠷ ᠬᠦᠨᠳᠦ ᠶᠢ ᠥᠪᠡᠷ ᠢᠶᠡᠨ ᠤᠯᠳᠠᠭ ᠦᠭᠡᠢ᠂ ᠬᠠᠷᠢᠨ ᠠᠷᠣᠨ ᠲᠠᠢ ᠠᠳᠠᠯᠢ ᠪᠠᠷ ᠪᠤᠷᠬᠠᠨ ᠳᠤ ᠳᠠᠭᠤᠳᠠᠭᠳᠠᠭᠠᠳ ᠤᠯᠳᠠᠭ ᠶᠤᠮ᠃
5 ᠲᠡᠭᠦᠨᠴᠢᠯᠡᠨ ᠾᠷᠢᠰᠲ᠋ᠣᠰ ᠴᠤ ᠲᠡᠷᠢᠭᠦᠨ ᠲᠠᠬᠢᠯᠴᠢ ᠪᠣᠯᠬᠤ ᠭᠡᠵᠦ ᠥᠪᠡᠷ ᠢ ᠪᠠᠨ ᠠᠯᠳᠠᠷᠰᠢᠭᠤᠯᠤᠭᠰᠠᠨ ᠪᠢᠰᠢ᠂ ᠬᠠᠷᠢᠨ᠄ 《ᠴᠢ ᠪᠣᠯ ᠮᠢᠨᠦ ᠬᠦᠦ᠂ ᠪᠢ ᠥᠨᠥᠳᠥᠷ ᠴᠢᠮ᠎ᠠ ᠶᠢ ᠲᠥᠷᠥᠭᠦᠯᠦᠯᠡ》 ᠭᠡᠵᠦ ᠲᠡᠭᠦᠨ ᠳᠦ ᠬᠡᠯᠡᠭᠰᠡᠨ ᠪᠤᠷᠬᠠᠨ ᠲᠡᠭᠦᠨ ᠢ ᠠᠯᠳᠠᠷᠰᠢᠭᠤᠯᠤᠭᠰᠠᠨ᠃ 6 ᠪᠠᠰᠠ ᠥᠭᠡᠷ᠎ᠡ ᠡᠰᠢᠯᠡᠯ ᠳᠦ ᠲᠡᠷᠡ᠄ 《ᠴᠢ ᠪᠣᠯ ᠮᠧᠯᠬᠢᠽᠧᠳᠧᠺ ᠤᠨ ᠶᠣᠰᠣ ᠶᠢ ᠳᠠᠭᠠᠳᠠᠭ ᠮᠥᠩᠬᠡ ᠶᠢᠨ ᠲᠠᠬᠢᠯᠴᠢ》 ᠭᠡᠵᠦ ᠬᠡᠯᠡᠭᠰᠡᠨ ᠪᠠᠢᠳᠠᠭ᠃
7 ᠢᠰᠦ᠋ᠰ ᠮᠢᠬᠠᠨ ᠪᠡᠶ᠎ᠡ ᠶᠢᠨ ᠡᠳᠦᠷ ᠤᠳ ᠲᠡᠭᠡᠨ ᠪᠡᠶ᠎ᠡ ᠶᠢ ᠨᠢ ᠦᠬᠦᠯ ᠡᠴᠡ ᠠᠪᠤᠷᠠᠵᠤ ᠴᠢᠳᠠᠬᠤ ᠨᠢᠭᠡᠨ ᠳᠦ ᠶᠡᠬᠡ ᠳᠠᠭᠤᠨ ᠢᠶᠠᠷ᠂ ᠨᠢᠯᠪᠤᠰᠤ ᠲᠠᠢ ᠪᠠᠷ ᠭᠤᠶᠤᠯᠲᠠ ᠪᠠ ᠬᠦᠰᠡᠯ ᠢᠶᠡᠨ ᠳᠡᠪᠰᠢᠭᠦᠯᠳᠡᠭ ᠪᠠᠢᠭᠰᠠᠨ᠂ ᠲᠡᠷᠡ ᠴᠢᠩ ᠰᠦᠰᠦᠭ ᠲᠡᠢ ᠪᠣᠯᠬᠣᠷ ᠪᠤᠷᠬᠠᠨ ᠰᠣᠨᠣᠰᠪᠠ᠃ 8 ᠲᠡᠷᠡ ᠬᠦᠦ ᠨᠢ ᠠᠲᠠᠯ᠎ᠠ ᠳᠤᠭᠤᠯᠭᠠᠪᠤᠷᠢᠲᠠᠢ ᠪᠠᠢᠬᠤ ᠶᠢ ᠵᠣᠪᠠᠯᠠᠩ ᠢᠶᠠᠷ ᠰᠤᠷᠤᠭᠰᠠᠨ ᠶᠤᠮ᠃ 9 ᠲᠡᠷᠡ ᠲᠡᠭᠦᠯᠳᠡᠷᠵᠢᠭᠰᠡᠨ ᠦ ᠳᠠᠷᠠᠭ᠎ᠠ᠂ ᠥᠪᠡᠷ ᠲᠤᠨᠢ ᠳᠤᠭᠤᠯᠭᠠᠪᠤᠷᠢᠲᠠᠢ ᠪᠦᠬᠦᠨ ᠦ ᠮᠥᠩᠬᠡ ᠠᠪᠤᠷᠠᠯ ᠤᠨ ᠡᠬᠦᠰᠪᠦᠷᠢ ᠪᠣᠯᠣᠭᠰᠠᠨ ᠪᠥᠭᠡᠳ 10 ᠮᠧᠯᠬᠢᠽᠧᠳᠧᠺ ᠤᠨ ᠶᠣᠰᠣ ᠶᠢ ᠳᠠᠭᠠᠳᠠᠭ ᠲᠡᠷᠢᠭᠦᠨ ᠲᠠᠬᠢᠯᠴᠢ ᠭᠡᠵᠦ ᠪᠤᠷᠬᠠᠨ ᠳᠤ ᠨᠡᠷᠡᠯᠡᠭᠳᠡᠵᠡᠢ᠃
ᠠᠮᠠᠯᠠᠯᠲᠠ ᠪᠠᠨ ᠪᠠᠷᠢᠮᠲᠠᠯᠠ — ᠭᠤᠷᠪᠠᠳᠤᠭᠠᠷ ᠰᠠᠨᠠᠭᠤᠯᠭ᠎ᠠ (3)
11 ᠡᠭᠦᠨ ᠦ ᠲᠤᠬᠠᠢ ᠬᠡᠯᠡᠬᠦ ᠦᠭᠡ ᠪᠢᠳᠡᠨ ᠳᠦ ᠣᠯᠠᠨ ᠪᠤᠢ᠃ ᠬᠠᠷᠢᠨ ᠲᠠ ᠨᠠᠷ ᠰᠣᠨᠣᠮᠰᠠᠷ ᠦᠭᠡᠢ ᠪᠣᠯᠣᠭᠰᠠᠨ ᠤᠴᠢᠷ ᠠᠴᠠ ᠲᠠᠢᠯᠪᠤᠷᠢᠯᠠᠬᠤ ᠳᠤ ᠪᠡᠷᠬᠡ ᠪᠠᠢᠨ᠎ᠠ᠃ 12 ᠬᠤᠭᠤᠴᠠᠭ᠎ᠠ ᠪᠠᠷ ᠪᠣᠯ ᠲᠠ ᠨᠠᠷ ᠪᠠᠭᠰᠢᠯᠠᠬᠤ ᠶᠣᠰᠣᠲᠠᠢ ᠪᠠᠢᠲᠠᠯ᠎ᠠ ᠪᠠᠨ ᠪᠤᠷᠬᠠᠨ ᠤ ᠵᠠᠷᠯᠢᠭ ᠤᠨ ᠠᠩ᠋ᠬᠠᠨ ᠤ ᠵᠠᠷᠴᠢᠮ ᠢ ᠳᠠᠬᠢᠨ ᠪᠤᠰᠤᠳ ᠢᠶᠠᠷ ᠵᠢᠭᠠᠯᠭᠠᠬᠤ ᠬᠡᠷᠡᠭ ᠲᠡᠢ ᠪᠣᠯᠣᠯ᠎ᠠ᠃ ᠲᠠ ᠨᠠᠷ ᠲᠤ ᠪᠣᠷᠣ ᠬᠣᠭᠣᠯᠠ ᠪᠢᠰᠢ᠂ ᠬᠠᠷᠢᠨ ᠰᠦ᠋ ᠬᠡᠷᠡᠭ ᠲᠡᠢ ᠪᠠᠢᠨ᠎ᠠ᠃ 13 ᠰᠦ᠋ ᠢᠳᠡᠭᠴᠢ ᠪᠣᠯᠭᠠᠨ ᠪᠠᠯᠴᠢᠷ᠂ ᠵᠥᠪᠲᠦ ᠶᠢᠨ ᠦᠭᠡᠨ ᠳᠦ ᠳᠠᠳᠮᠠᠭᠠᠢ ᠪᠤᠰᠤ᠃ 14 ᠬᠠᠷᠢᠨ ᠪᠣᠷᠣ ᠬᠣᠭᠣᠯᠠ ᠪᠣᠯ ᠨᠠᠰᠤᠨ ᠳᠤ ᠬᠦᠷᠦᠭᠰᠡᠳ ᠦᠨ ᠬᠢ ᠪᠤᠶᠤ ᠮᠡᠳᠡᠷᠡᠬᠦᠢ ᠪᠠᠷ ᠢᠶᠠᠨ ᠪᠣᠯᠪᠠᠰᠤᠷᠠᠵᠤ ᠰᠠᠢᠨ ᠮᠠᠭᠤ ᠶᠢ ᠢᠯᠭᠠᠵᠤ ᠴᠢᠳᠠᠬᠤ ᠬᠥᠮᠦᠰ ᠦᠨ ᠬᠢ ᠶᠤᠮ᠃