ᠢᠪᠷᠠᠢ ᠳᠣᠯᠣᠭ᠎ᠠ
ᠶᠣᠰᠣ ᠶᠢ ᠨᠡᠩ ᠰᠠᠢᠨ ᠳᠠᠭᠠᠭᠰᠠᠨ ᠲᠡᠷᠢᠭᠦᠨ ᠲᠠᠬᠢᠯᠴᠢ ᠢᠰᠦ᠋ᠰ
1 ᠮᠧᠯᠬᠢᠽᠧᠳᠧᠺ ᠪᠣᠯ ᠰᠠᠯᠧᠮ ᠤᠨ ᠬᠠᠭᠠᠨ᠂ ᠳᠡᠭᠡᠳᠦ ᠶᠢᠨ ᠳᠡᠭᠡᠳᠦ ᠪᠤᠷᠬᠠᠨ ᠤ ᠲᠠᠬᠢᠯᠴᠢ ᠮᠥᠨ ᠪᠥᠭᠡᠳ ᠬᠠᠭᠠᠳ ᠢ ᠢᠯᠠᠭᠠᠳ ᠪᠤᠴᠠᠵᠤ ᠪᠤᠢ ᠠᠪᠷᠠᠬᠠᠮ ᠲᠠᠢ ᠤᠴᠠᠷᠠᠵᠤ ᠲᠡᠭᠦᠨ ᠢ ᠢᠷᠥᠭᠡᠭᠰᠡᠨ ᠬᠥᠮᠦᠨ ᠪᠢᠯᠡ᠃ 2 ᠲᠡᠭᠦᠨ ᠳᠦ ᠠᠪᠷᠠᠬᠠᠮ ᠪᠦᠬᠦ ᠶᠠᠭᠤᠮᠠᠨ ᠤ ᠪᠠᠨ ᠠᠷᠪᠠᠨ ᠤ ᠨᠢᠭᠡ ᠶᠢ ᠬᠤᠪᠢᠶᠠᠵᠤ ᠥᠭᠭᠥᠭᠰᠡᠨ᠃ ᠲᠡᠭᠦᠨ ᠦ ᠨᠡᠷ᠎ᠡ ᠶᠢᠨ ᠠᠩ᠋ᠬᠠᠨ ᠤ ᠤᠳᠬ᠎ᠠ ᠨᠢ 《ᠵᠥᠪ ᠦᠨ ᠬᠠᠭᠠᠨ》᠂ ᠳᠠᠷᠠᠭ᠎ᠠ ᠶᠢᠨ ᠬᠢᠨᠢ 《ᠰᠠᠯᠧᠮ ᠤᠨ ᠬᠠᠭᠠᠨ》 ᠪᠤᠶᠤ 《ᠠᠮᠤᠭᠤᠯᠠᠩ ᠤᠨ ᠬᠠᠭᠠᠨ》 ᠪᠢᠯᠡ᠃ 3 ᠲᠡᠷᠡ ᠡᠴᠢᠭᠡ ᠦᠭᠡᠢ᠂ ᠡᠬᠡ ᠦᠭᠡᠢ᠂ ᠭᠡᠷ ᠦᠨ ᠴᠠᠳᠢᠭ ᠦᠭᠡᠢ᠃ ᠲᠡᠭᠦᠨ ᠳᠦ ᠠᠮᠢ ᠶᠢᠨ ᠡᠬᠢᠯᠡᠯ ᠴᠤ ᠦᠭᠡᠢ᠂ ᠲᠡᠭᠦᠰᠬᠡᠯ ᠴᠤ ᠦᠭᠡᠢ᠃ ᠲᠡᠷᠡ ᠬᠥᠮᠦᠨ ᠪᠤᠷᠬᠠᠨ ᠤ ᠬᠦᠦ ᠰᠢᠭ ᠡᠭᠦᠷᠢᠳᠡ ᠶᠢᠨ ᠲᠠᠬᠢᠯᠴᠢ ᠪᠠᠷ ᠪᠠᠢᠳᠠᠭ᠃
4 ᠬᠢᠷᠢ ᠵᠡᠷᠭᠡ ᠠᠭᠤᠤ ᠶᠡᠬᠡ ᠶᠢ ᠨᠢ ᠪᠣᠳᠣᠵᠠᠭ᠎ᠠ᠃ ᠡᠪᠦᠭᠡ ᠠᠪᠷᠠᠬᠠᠮ ᠴᠤ ᠲᠡᠭᠦᠨ ᠳᠦ ᠳᠡᠭᠡᠵᠢ ᠶᠢᠨ ᠢᠶᠠᠨ ᠠᠷᠪᠠᠨ ᠤ ᠨᠢᠭᠡ ᠶᠢ ᠥᠭᠭᠥᠭᠰᠡᠨ᠃ 5 ᠲᠠᠬᠢᠯᠴᠢ ᠶᠢᠨ ᠲᠤᠰᠢᠶᠠᠯ ᠢ ᠬᠦᠯᠢᠶᠡᠳᠡᠭ ᠯᠧᠸᠢᠴᠦᠳ ᠲᠦ ᠴᠤ ᠠᠪᠷᠠᠬᠠᠮ ᠠᠴᠠ ᠦᠷᠡᠵᠢᠭᠰᠡᠨ ᠠᠷᠠᠳ ᠪᠤᠶᠤ ᠠᠬ᠎ᠠ ᠳᠡᠭᠦᠦᠰ ᠡᠴᠡ ᠪᠡᠨ ᠬᠠᠤᠯᠢ ᠶᠢᠨ ᠶᠣᠰᠣᠭᠠᠷ ᠠᠷᠪᠠᠨ ᠤ ᠨᠢᠭᠡ ᠶᠢ ᠨᠢ ᠠᠪ ᠭᠡᠰᠡᠨ ᠵᠠᠷᠯᠢᠭ ᠪᠤᠢ᠃ 6 ᠡᠨᠡ ᠬᠥᠮᠦᠨ ᠯᠧᠸᠢ ᠭᠠᠷᠤᠯ ᠲᠠᠢ ᠪᠢᠰᠢ ᠪᠣᠯᠪᠠᠴᠤ ᠠᠪᠷᠠᠬᠠᠮ ᠠᠴᠠ ᠠᠷᠪᠠᠨ ᠤ ᠨᠢᠭᠡ ᠶᠢ ᠨᠢ ᠬᠦᠷᠲᠡᠭᠰᠡᠨ ᠪᠥᠭᠡᠳ ᠠᠮᠠᠯᠠᠯᠲᠠ ᠶᠢ ᠠᠪᠤᠭᠰᠠᠨ ᠠᠪᠷᠠᠬᠠᠮ ᠢ ᠲᠡᠷᠡ ᠢᠷᠥᠭᠡᠭᠰᠡᠨ ᠪᠠᠢᠳᠠᠭ᠃ 7 ᠪᠠᠭ᠎ᠠ ᠨᠢ ᠶᠡᠬᠡ ᠳᠡᠭᠡᠨ ᠢᠷᠥᠭᠡᠭᠳᠡᠳᠡᠭ ᠨᠢ ᠶᠠᠷᠢᠶᠠᠨ ᠦᠭᠡᠢ ᠬᠡᠷᠡᠭ᠃ 8 ᠨᠠᠭᠠᠳᠤ ᠲᠠᠯ᠎ᠠ ᠳᠤ ᠦᠬᠦᠬᠦ ᠲᠠᠪᠢᠯᠠᠩ ᠲᠠᠢ ᠬᠥᠮᠦᠰ ᠠᠷᠪᠠᠨ ᠤ ᠨᠢᠭᠡ ᠶᠢ ᠠᠪᠤᠭᠰᠠᠨ ᠪᠠᠢᠬᠤ ᠳᠤ᠂ ᠴᠠᠭᠠᠲᠤ ᠲᠠᠯ᠎ᠠ ᠳᠤ ᠠᠮᠢᠳᠤ ᠪᠤᠢ ᠭᠡᠵᠦ ᠭᠡᠷᠡᠴᠢᠯᠡᠭᠳᠡᠭᠰᠡᠨ ᠨᠢᠭᠡᠨ ᠨᠢ ᠴᠤ ᠠᠪᠤᠭᠰᠠᠨ ᠪᠢᠯᠡ᠃ 9 ᠲᠡᠢᠮᠦ ᠡᠴᠡ ᠠᠷᠪᠠᠨ ᠤ ᠨᠢᠭᠡ ᠶᠢ ᠠᠪᠤᠭᠴᠢ ᠯᠧᠸᠢ ᠴᠤ ᠠᠷᠪᠠᠨ ᠤ ᠨᠢᠭᠡ ᠪᠡᠨ ᠠᠪᠷᠠᠬᠠᠮ ᠢᠶᠠᠷ ᠥᠭᠭᠥᠭᠦᠯᠦᠭᠰᠡᠨ ᠭᠡᠰᠡᠨ ᠦᠭᠡ᠃ 10 ᠤᠴᠢᠷ ᠨᠢ᠂ ᠮᠧᠯᠬᠢᠽᠧᠳᠧᠺ ᠠᠪᠷᠠᠬᠠᠮ ᠲᠠᠢ ᠤᠴᠠᠷᠠᠬᠤ ᠦᠶ᠎ᠡ ᠳᠦ᠂ ᠯᠧᠸᠢ ᠨᠢ ᠡᠪᠦᠭᠡ ᠠᠪᠷᠠᠬᠠᠮ ᠤᠨ ᠢᠶᠠᠨ ᠪᠡᠶ᠎ᠡ ᠶᠢᠨ ᠳᠣᠲᠣᠷ᠎ᠠ ᠪᠠᠢᠭᠰᠠᠨ᠃
11 ᠢᠰᠷᠧᠯ ᠠᠷᠠᠳ ᠤᠨ ᠬᠦᠯᠢᠶᠡᠵᠦ ᠠᠪᠤᠭᠰᠠᠨ ᠬᠠᠤᠯᠢ ᠨᠢ ᠯᠧᠸᠢᠴᠦᠳ ᠦᠨ ᠲᠠᠬᠢᠯᠭ᠎ᠠ ᠳᠤ ᠲᠤᠯᠭᠠᠭᠤᠷᠢᠯᠠᠳᠠᠭ ᠪᠠᠢᠵᠠᠢ᠃ ᠬᠡᠷᠪᠡ ᠲᠡᠳᠡᠨ ᠦ ᠲᠠᠬᠢᠯᠭ᠎ᠠ ᠪᠠᠷ ᠲᠡᠭᠦᠯᠳᠡᠷ ᠪᠠᠢᠭᠰᠠᠨ ᠪᠣᠯ᠂ ᠠᠷᠣᠨ ᠤ ᠶᠣᠰᠣ ᠶᠢ ᠪᠢᠰᠢ᠂ ᠬᠠᠷᠢᠨ ᠮᠧᠯᠬᠢᠽᠧᠳᠧᠺ ᠤᠨ ᠶᠣᠰᠣ ᠶᠢ ᠳᠠᠭᠠᠬᠤ ᠥᠭᠡᠷ᠎ᠡ ᠲᠠᠬᠢᠯᠴᠢ ᠭᠠᠷᠬᠤ ᠱᠠᠭᠠᠷᠳᠠᠯᠭ᠎ᠠ ᠪᠠᠢᠨ᠎ᠠ ᠤᠤ︖ 12 ᠲᠠᠬᠢᠯᠭ᠎ᠠ ᠥᠭᠡᠷᠡᠴᠢᠯᠡᠭᠳᠡᠬᠦ ᠳᠦ᠂ ᠬᠠᠤᠯᠢ ᠴᠤ ᠥᠭᠡᠷᠡᠴᠢᠯᠡᠭᠳᠡᠬᠦ ᠱᠠᠭᠠᠷᠳᠠᠯᠭ᠎ᠠ ᠲᠠᠢ ᠪᠣᠯᠳᠠᠭ᠃ 13 ᠡ᠊ᠨᠳᠡ ᠶᠠᠷᠢᠭᠳᠠᠵᠤ ᠪᠠᠢᠭ᠎ᠠ ᠲᠡᠷᠡ ᠪᠣᠯ ᠥᠭᠡᠷ᠎ᠡ ᠣᠪᠣᠭ ᠤᠨ ᠬᠢᠨ ᠪᠥᠭᠡᠳ ᠲᠡᠷᠡ ᠣᠪᠣᠭ ᠤᠨ ᠬᠡᠨ ᠨᠢ ᠴᠤ ᠲᠠᠬᠢᠯ ᠤᠨ ᠰᠢᠷᠡᠭᠡᠨ ᠳᠦ ᠦᠢᠯᠡᠴᠢᠯᠡᠵᠦ ᠪᠠᠢᠭ᠎ᠠ ᠦᠭᠡᠢ᠃ 14 ᠪᠢᠳᠡᠨ ᠦ ᠡᠵᠡᠨ ᠪᠣᠯ ᠶᠦᠳᠠ ᠭᠠᠷᠤᠯ ᠲᠠᠢ ᠭᠡᠳᠡᠭ ᠨᠢ ᠲᠣᠳᠣᠷᠬᠠᠢ᠃ ᠬᠠᠷᠢᠨ ᠮᠣᠰᠧ ᠡᠨᠡ ᠣᠪᠣᠭ ᠢ ᠲᠠᠬᠢᠯᠭ᠎ᠠ ᠲᠠᠢ ᠬᠣᠯᠪᠣᠭᠳᠠᠭᠤᠯᠤᠨ ᠶᠠᠭᠤ ᠴᠤ ᠶᠠᠷᠢᠭᠰᠠᠨ ᠦᠭᠡᠢ᠃
15 ᠮᠧᠯᠬᠢᠽᠧᠳᠧᠺ ᠰᠢᠭ ᠥᠭᠡᠷ᠎ᠡ ᠲᠠᠬᠢᠯᠴᠢ ᠭᠠᠷᠬᠤ ᠶᠤᠮ ᠪᠣᠯ᠂ ᠡᠨᠡ ᠨᠢ ᠨᠡᠩ ᠲᠣᠳᠣᠷᠬᠠᠢ ᠪᠣᠯᠣᠯ᠎ᠠ᠃ 16 ᠲᠡᠷᠡ ᠮᠢᠬᠠᠨ ᠪᠡᠶᠡᠲᠦ ᠬᠥᠮᠦᠨ ᠦ ᠬᠠᠤᠯᠢ ᠪᠠᠷ ᠲᠣᠭᠲᠠᠭᠠᠭᠳᠠᠭᠰᠠᠨ ᠪᠢᠰᠢ᠂ ᠬᠠᠷᠢᠨ ᠰᠥᠨᠥᠰᠢ ᠦᠭᠡᠢ ᠠᠮᠢ ᠶᠢᠨ ᠬᠦᠴᠦ ᠪᠡᠷ ᠲᠠᠬᠢᠯᠴᠢ ᠪᠣᠯᠣᠭᠰᠠᠨ ᠶᠤᠮ᠃
17 ᠤᠴᠢᠷ ᠨᠢ᠂ ᠲᠡᠷᠡ᠄ 《ᠴᠢ ᠪᠣᠯ ᠮᠧᠯᠬᠢᠽᠧᠳᠧᠺ ᠤᠨ ᠶᠣᠰᠣ ᠶᠢ ᠳᠠᠭᠠᠳᠠᠭ ᠮᠥᠩᠬᠡ ᠶᠢᠨ ᠲᠠᠬᠢᠯᠴᠢ》
ᠭᠡᠵᠦ ᠭᠡᠷᠡᠴᠢᠯᠡᠭᠳᠡᠭᠰᠡᠨ ᠶᠤᠮ᠃ 18 ᠤᠷᠢᠳᠤ ᠶᠢᠨ ᠵᠠᠷᠯᠢᠭ ᠢᠳᠡ ᠦᠭᠡᠢ᠂ ᠲᠤᠰᠠ ᠦᠭᠡᠢ ᠪᠣᠯᠬᠣᠷ ᠬᠦᠴᠦᠨ ᠦᠭᠡᠢ ᠪᠣᠯᠵᠤ 19 (ᠬᠠᠤᠯᠢ ᠶᠠᠭᠤ ᠶᠢ ᠴᠤ ᠲᠡᠭᠦᠯᠳᠡᠷᠵᠢᠭᠦᠯᠦᠭᠰᠡᠨ ᠦᠭᠡᠢ᠃) ᠨᠡᠩ ᠰᠠᠢᠨ ᠡᠷᠡᠮᠡᠯᠵᠡᠯ ᠢ ᠠᠪᠴᠢᠷᠠᠯ᠎ᠠ᠃ ᠡᠨᠡ ᠡᠷᠡᠮᠡᠯᠵᠡᠯ ᠪᠢᠳᠡᠨ ᠢ ᠪᠤᠷᠬᠠᠨ ᠳᠤ ᠣᠢᠷᠠᠲᠤᠭᠤᠯᠳᠠᠭ᠃
20 ᠪᠠᠰᠠ ᠪᠤᠷᠬᠠᠨ ᠤ ᠲᠠᠩ᠋ᠭᠠᠷᠢᠭ ᠴᠤ ᠪᠤᠢ᠃ ᠯᠧᠸᠢᠴᠦᠳ ᠦᠨ ᠬᠤᠪᠢ ᠳᠤ ᠲᠠᠩ᠋ᠭᠠᠷᠢᠭ ᠦᠭᠡᠢ ᠪᠠᠷ ᠲᠠᠬᠢᠯᠴᠢ ᠪᠣᠯᠣᠭᠰᠠᠨ ᠪᠣᠯ᠂ 21 ᠢᠰᠦ᠋ᠰ ᠤᠨ ᠬᠤᠪᠢ ᠳᠤ᠂ 《〈ᠴᠢ ᠪᠣᠯ ᠮᠥᠩᠬᠡ ᠶᠢᠨ ᠲᠠᠬᠢᠯᠴᠢ〉 ᠬᠡᠮᠡᠨ ᠡᠵᠡᠨ ᠲᠠᠩ᠋ᠭᠠᠷᠢᠭᠯᠠᠭᠰᠠᠨ ᠪᠥᠭᠡᠳ ᠡᠵᠡᠨ ᠰᠠᠨᠠᠭ᠎ᠠ ᠪᠠᠨ ᠥᠭᠡᠷᠡᠴᠢᠯᠡᠬᠦ ᠦᠭᠡᠢ》 ᠭᠡᠵᠦ ᠥᠪᠡᠷ ᠲᠤᠨᠢ ᠠᠢᠯᠠᠳᠤᠭᠰᠠᠨ ᠨᠢᠭᠡᠨ ᠦ ᠲᠠᠩ᠋ᠭᠠᠷᠢᠭ ᠢᠶᠠᠷ ᠲᠠᠬᠢᠯᠴᠢ ᠪᠣᠯᠣᠯ᠎ᠠ᠃ 22 ᠡᠢᠨ ᠬᠦ ᠢᠰᠦ᠋ᠰ ᠨᠡᠩ ᠰᠠᠢᠨ ᠭᠡᠷ᠎ᠡ ᠶᠢᠨ ᠪᠠᠲᠤᠯᠠᠭᠴᠢ ᠪᠣᠯᠣᠭᠰᠠᠨ᠃
23 ᠡᠭᠦᠨ ᠡᠴᠡ ᠭᠠᠳᠠᠨ᠎ᠠ᠂ ᠤᠷᠢᠳᠤ ᠶᠢᠨ ᠲᠠᠬᠢᠯᠴᠢ ᠪᠣᠯᠭᠠᠨ ᠨᠠᠰᠤ ᠪᠠᠷᠠᠭᠰᠠᠨ ᠠᠴᠠ ᠪᠣᠯᠵᠤ ᠲᠤᠰᠢᠶᠠᠯ ᠢᠶᠠᠨ ᠦᠷᠭᠦᠯᠵᠢᠯᠡᠭᠦᠯᠵᠦ ᠳᠡᠢᠯᠬᠦ ᠦᠭᠡᠢ ᠲᠤᠯᠠ ᠲᠡᠳᠡᠨ ᠦ ᠲᠣᠭ᠎ᠠ ᠣᠯᠠᠰᠢᠷᠠᠭᠰᠠᠨ ᠪᠣᠯ᠂ 24 ᠬᠠᠷᠢᠨ ᠢᠰᠦ᠋ᠰ ᠥᠨᠢ ᠮᠥᠩᠬᠡᠳᠡ ᠪᠠᠢᠳᠠᠭ ᠲᠤᠯᠠ ᠬᠤᠪᠢᠷᠠᠰᠢ ᠦᠭᠡᠢ ᠲᠠᠬᠢᠯᠴᠢ ᠶᠢᠨ ᠲᠤᠰᠢᠶᠠᠯ ᠲᠠᠢ ᠪᠠᠢᠳᠠᠭ᠃ 25 ᠥᠪᠡᠷ ᠢᠶᠡᠷ ᠨᠢ ᠳᠠᠮᠵᠢᠭᠤᠯᠵᠤ ᠪᠤᠷᠬᠠᠨ ᠳᠤ ᠣᠢᠷᠠᠲᠤᠭᠰᠠᠳ ᠢ ᠢᠰᠦ᠋ᠰ ᠪᠦᠷᠢᠮᠦᠰᠦᠨ ᠠᠪᠤᠷᠠᠵᠤ ᠴᠢᠳᠠᠬᠤ ᠶᠢᠨ ᠤᠴᠢᠷ ᠨᠢ ᠡᠨᠡ ᠶᠤᠮ᠂ ᠲᠡᠷᠡ ᠬᠡᠵᠢᠶᠡᠳᠡ ᠠᠮᠢᠳᠤ ᠪᠠᠢᠵᠤ᠂ ᠲᠡᠳᠡᠨ ᠦ ᠡᠮᠦᠨ᠎ᠡ ᠡᠴᠡ ᠵᠠᠭᠤᠴᠢᠯᠠᠨ ᠳᠠᠭᠠᠳᠬᠠᠳᠠᠭ᠃
26 ᠡᠢᠮᠦᠷᠬᠦ ᠲᠠᠬᠢᠯᠴᠢ ᠪᠢᠳᠡᠨ ᠳᠦ ᠲᠣᠬᠢᠷᠠᠮᠵᠢᠲᠠᠢ᠂ ᠲᠡᠷᠡ ᠪᠣᠯ ᠠᠷᠢᠭᠤᠨ᠂ ᠭᠡᠮ ᠦᠭᠡᠢ᠂ ᠪᠤᠵᠠᠷᠲᠤᠰᠢ ᠦᠭᠡᠢ᠂ ᠨᠢᠭᠦᠯᠲᠡᠳ ᠡᠴᠡ ᠠᠩᠭᠢᠳᠠ ᠪᠠᠢᠳᠠᠭ ᠪᠥᠭᠡᠳ ᠲᠩᠷᠢ ᠡᠴᠡ ᠥᠨᠳᠥᠷ ᠲᠦ ᠡᠷᠭᠦᠮᠵᠢᠯᠡᠭᠳᠡᠭᠰᠡᠨ ᠶᠤᠮ᠃ 27 ᠲᠡᠷᠡ ᠪᠤᠰᠤᠳ ᠲᠡᠷᠢᠭᠦᠨ ᠲᠠᠬᠢᠯᠴᠢᠳ ᠠᠴᠠ ᠥᠭᠡᠷ᠎ᠡ᠂ ᠲᠡᠳᠡᠨ ᠰᠢᠭ ᠡᠬᠢᠯᠡᠭᠡᠳ ᠥᠪᠡᠷ ᠦᠨ ᠢᠶᠠᠨ ᠭᠡᠮ ᠨᠢᠭᠦᠯ᠂ ᠳᠠᠷᠠᠭ᠎ᠠ ᠨᠢ ᠠᠷᠠᠳ ᠲᠦᠮᠡᠨ ᠦ ᠭᠡᠮ ᠨᠢᠭᠦᠯ ᠦᠨ ᠲᠥᠯᠥᠭᠡ ᠡᠳᠦᠷ ᠪᠦᠷᠢ ᠲᠠᠬᠢᠯ ᠡᠷᠭᠦᠬᠦ ᠱᠠᠭᠠᠷᠳᠠᠯᠭ᠎ᠠ ᠦᠭᠡᠢ᠃ ᠤᠴᠢᠷ ᠨᠢ᠂ ᠲᠡᠷᠡ ᠥᠪᠡᠷ ᠢ ᠪᠠᠨ ᠡᠷᠭᠦᠭᠰᠡᠨ ᠢᠶᠡᠷ ᠢᠶᠠᠨ ᠡᠳᠡᠭᠡᠷ ᠢ ᠨᠢᠭᠡ ᠯᠠ ᠤᠳᠠᠭ᠎ᠠ ᠳᠤ ᠪᠦᠷᠢᠮᠦᠰᠦᠨ ᠪᠡᠶᠡᠯᠡᠭᠦᠯᠦᠭᠰᠡᠨ ᠶᠤᠮ᠃ 28 ᠬᠠᠤᠯᠢ ᠨᠢ ᠰᠤᠯᠠ ᠳᠣᠷᠣᠢ ᠬᠥᠮᠦᠰ ᠢ ᠲᠡᠷᠢᠭᠦᠨ ᠲᠠᠬᠢᠯᠴᠢ ᠪᠠᠷ ᠲᠣᠮᠢᠯᠠᠳᠠᠭ ᠪᠣᠯ᠂ ᠬᠠᠤᠯᠢ ᠶᠢᠨ ᠳᠠᠷᠠᠭ᠎ᠠ ᠢᠷᠡᠭᠰᠡᠨ ᠲᠠᠩ᠋ᠭᠠᠷᠢᠭ ᠤᠨ ᠦᠭᠡ ᠨᠢ ᠬᠠᠷᠢᠨ ᠮᠥᠩᠬᠡ ᠲᠡᠭᠦᠯᠳᠡᠷᠵᠢᠭᠰᠡᠨ ᠬᠦᠦ ᠶᠢ ᠲᠣᠮᠢᠯᠠᠭᠰᠠᠨ᠃