ᠮᠠᠷᠺ ᠨᠢᠭᠡ
ᠤᠬᠢᠶᠠᠯ ᠬᠦᠷᠲᠡᠭᠡᠭᠴᠢ ᠶᠣᠬᠠᠨ ᠤ ᠲᠤᠩ᠋ᠬᠠᠭᠯᠠᠯ
1 ᠪᠤᠷᠬᠠᠨ ᠤ ᠬᠦᠦ ᠢᠰᠦ᠋ᠰ ᠾᠷᠢᠰᠲ᠋ᠣᠰ ᠤᠨ ᠪᠠᠶᠠᠷ ᠤᠨ ᠮᠡᠳᠡᠭᠡ ᠶᠢᠨ ᠡᠬᠢᠯᠡᠯ᠄ 2 ᠡᠰᠢ ᠦᠵᠡᠭᠦᠯᠦᠭᠴᠢ ᠢᠰᠠᠢᠶ᠎ᠠ ᠶᠢᠨ ᠨᠣᠮ ᠳᠤ᠄ 《ᠬᠠᠷ᠎ᠠ᠂ ᠪᠢ ᠴᠢᠨᠦ ᠡᠮᠦᠨ᠎ᠡ ᠡᠯᠴᠢ ᠪᠠᠨ ᠢᠯᠡᠭᠡᠬᠦ ᠭᠡᠵᠦ ᠪᠠᠢᠨ᠎ᠠ᠂ ᠵᠠᠮ ᠢ ᠴᠢᠨᠢ ᠲᠡᠷᠡ ᠪᠡᠯᠡᠳᠬᠡᠨ᠎ᠡ᠃ 3 ᠴᠥᠯ ᠳᠤ ᠬᠠᠰᠬᠢᠷᠤᠭᠴᠢ ᠨᠢᠭᠡᠨ ᠦ ᠳᠠᠭᠤ᠄ 〈ᠡᠵᠡᠨ ᠦ ᠵᠠᠮ ᠢ ᠪᠡᠯᠡᠳᠬᠡᠵᠡᠭᠡ︕ ᠲᠡᠭᠦᠨ ᠦ ᠬᠠᠷᠭᠤᠢ ᠶᠢ ᠰᠢᠯᠤᠭᠤᠳᠬᠠᠭᠲᠤᠨ︕〉 ᠭᠡᠪᠡ》 ᠭᠡᠰᠡᠨᠴᠢᠯᠡᠨ᠂ 4 ᠤᠬᠢᠶᠠᠯ ᠬᠦᠷᠲᠡᠭᠡᠭᠴᠢ ᠶᠣᠬᠠᠨ ᠴᠥᠯ ᠳᠤ ᠢᠯᠡᠷᠡᠪᠡ᠂ ᠲᠡᠷᠡ ᠭᠡᠮ ᠨᠢᠭᠦᠯ ᠢᠶᠡᠨ ᠠᠭᠤᠴᠢᠯᠠᠭᠤᠯᠬᠤ ᠭᠡᠮᠰᠢᠯ ᠤᠨ ᠤᠬᠢᠶᠠᠯ ᠢ ᠲᠤᠩ᠋ᠬᠠᠭᠯᠠᠬᠤ ᠳᠤ᠂ 5 ᠲᠡᠭᠦᠨ ᠤᠷᠤᠭᠤ ᠶᠦᠳᠠᠢ ᠶᠢᠨ ᠪᠦᠬᠦ ᠨᠤᠲᠤᠭ ᠤᠨ ᠬᠢᠨ ᠪᠣᠯᠣᠨ ᠶᠧᠷᠦ᠋ᠰᠠᠯᠧᠮ ᠤᠨ ᠬᠢᠨ ᠪᠦᠭᠦᠳᠡᠭᠡᠷ ᠣᠴᠢᠨ ᠭᠡᠮ ᠨᠢᠭᠦᠯ ᠢᠶᠡᠨ ᠥᠴᠢᠵᠦ᠂ ᠶᠣᠷᠳᠠᠨ ᠭᠣᠣᠯ ᠳᠤ ᠲᠡᠭᠦᠨ ᠡᠴᠡ ᠤᠬᠢᠶᠠᠯ ᠬᠦᠷᠲᠡᠵᠦ ᠪᠠᠢᠯ᠎ᠠ᠃ 6 ᠶᠣᠬᠠᠨ ᠲᠡᠮᠡᠭᠡᠨ ᠨᠣᠣᠰᠣᠨ ᠬᠤᠪᠴᠠᠰᠤ ᠡᠮᠦᠰᠴᠦ᠂ ᠰᠣᠷ ᠪᠦᠰᠡ ᠪᠦᠰᠡᠯᠡᠨ᠂ ᠴᠠᠷᠴᠠᠬᠠᠢ᠂ ᠵᠡᠷᠯᠢᠭ ᠵᠥᠭᠡᠢ ᠶᠢᠨ ᠪᠠᠯ ᠢᠶᠠᠷ ᠬᠣᠭᠣᠯᠠᠯᠠᠳᠠᠭ ᠪᠠᠢᠵᠠᠢ᠃ 7 ᠲᠡᠷᠡ ᠲᠤᠩ᠋ᠬᠠᠭᠯᠠᠬᠤ ᠳᠠᠭᠠᠨ᠄ 《ᠨᠠᠳᠠ ᠠᠴᠠ ᠬᠦᠴᠦᠷᠬᠡᠭ ᠨᠢᠭᠡ ᠨᠢ ᠮᠢᠨᠦ ᠠᠷᠤ ᠠᠴᠠ ᠢᠷᠡᠨ᠎ᠡ᠃ ᠨᠠᠳᠠ ᠳᠤ ᠪᠥᠬᠥᠢᠵᠦ ᠲᠡᠭᠦᠨ ᠦ ᠱᠠᠬᠠᠢ ᠶᠢᠨ ᠤᠶᠠᠭᠠᠰᠤ ᠶᠢ ᠲᠠᠢᠯᠬᠤ ᠬᠢᠷᠢ ᠭᠡᠮ ᠴᠤ ᠪᠠᠢᠬᠤ ᠦᠭᠡᠢ᠃ 8 ᠪᠢ ᠲᠠ ᠨᠠᠷ ᠲᠤ ᠤᠰᠤ ᠪᠠᠷ ᠤᠬᠢᠶᠠᠯ ᠬᠦᠷᠲᠡᠭᠡᠭᠰᠡᠨ᠂ ᠬᠠᠷᠢᠨ ᠲᠡᠷᠡ ᠲᠠ ᠨᠠᠷ ᠲᠤ ᠠᠷᠢᠭᠤᠨ ᠰᠦᠨᠡᠰᠦ ᠪᠡᠷ ᠤᠬᠢᠶᠠᠯ ᠬᠦᠷᠲᠡᠭᠡᠨ᠎ᠡ》 ᠭᠡᠳᠡᠭ ᠪᠠᠢᠯ᠎ᠠ᠃
ᠢᠰᠦ᠋ᠰ ᠤᠬᠢᠶᠠᠯ ᠬᠦᠷᠲᠡᠭᠰᠡᠨ ᠨᠢ
9 ᠶᠠᠭ ᠲᠡᠷᠡ ᠦᠶ᠎ᠡ ᠳᠦ᠂ ᠢᠰᠦ᠋ᠰ ᠭᠠᠯᠢᠯᠠᠶ᠎ᠠ ᠶᠢᠨ ᠨᠠᠽᠠᠷᠧᠲ ᠠᠴᠠ ᠢᠷᠡᠵᠦ᠂ ᠶᠣᠷᠳᠠᠨ ᠭᠣᠣᠯ ᠳᠤ ᠶᠣᠬᠠᠨ ᠠᠴᠠ ᠤᠬᠢᠶᠠᠯ ᠬᠦᠷᠲᠡᠪᠡ᠃ 10 ᠲᠡᠷᠡ ᠤᠰᠤᠨ ᠠᠴᠠ ᠭᠠᠷᠤᠮᠠᠭᠴᠠ ᠪᠠᠨ ᠲᠩᠷᠢ ᠵᠠᠭᠠᠭᠯᠠᠭᠳᠠᠨ᠂ ᠠᠷᠢᠭᠤᠨ ᠰᠦᠨᠡᠰᠦ ᠲᠠᠭᠲᠠᠭ᠎ᠠ ᠮᠡᠲᠦ ᠥᠪᠡᠷ ᠦᠨ ᠬᠢᠨᠢ ᠳᠡᠭᠡᠷ᠎ᠡ ᠪᠠᠭᠤᠬᠤ ᠶᠢ ᠬᠠᠷᠠᠯ᠎ᠠ᠃ 11 ᠲᠡᠭᠡᠲᠡᠯ᠎ᠡ ᠲᠩᠷᠢ ᠡᠴᠡ ᠳᠠᠭᠤ ᠭᠠᠷᠴᠤ᠄ 《ᠴᠢ ᠪᠣᠯ ᠮᠢᠨᠦ ᠬᠠᠢᠷᠠᠲᠠᠢ ᠬᠦᠦ᠂ ᠴᠢ ᠨᠠᠳᠠ ᠳᠤ ᠲᠠᠭᠠᠯᠠᠭᠳᠠᠳᠠᠭ》 ᠭᠡᠯᠡ᠃
12 ᠲᠡᠷᠡ ᠳᠠᠷᠤᠢ ᠠᠷᠢᠭᠤᠨ ᠰᠦᠨᠡᠰᠦ ᠢᠰᠦ᠋ᠰ ᠢ ᠴᠥᠯ ᠤᠷᠤᠭᠤ ᠶᠠᠪᠤᠭᠤᠯᠪᠠ᠃ 13 ᠢᠰᠦ᠋ᠰ ᠰᠠᠲ᠋ᠠᠨ ᠳᠤ ᠲᠡᠩᠰᠡᠭᠳᠡᠨ᠂ ᠴᠥᠯ ᠳᠤ ᠳᠥᠴᠢᠨ ᠬᠣᠨᠣᠭ ᠪᠠᠢᠯ᠎ᠠ᠃ ᠲᠡᠷᠡ ᠵᠡᠷᠯᠢᠭ ᠠᠮᠢᠲᠠᠳ ᠲᠠᠢ ᠬᠠᠮᠲᠤ ᠪᠠᠢᠭᠰᠠᠨ ᠪᠠ ᠲᠩᠷᠢ ᠡᠯᠴᠢᠳ ᠲᠡᠭᠦᠨ ᠳᠦ ᠦᠢᠯᠡᠴᠢᠯᠡᠵᠦ ᠪᠠᠢᠪᠠ᠃
ᠢᠰᠦ᠋ᠰ ᠭᠠᠯᠢᠯᠠᠶ᠎ᠠ ᠳᠤ ᠪᠠᠶᠠᠷ ᠤᠨ ᠮᠡᠳᠡᠭᠡ ᠲᠠᠷᠬᠠᠭᠠᠭᠰᠠᠨ ᠨᠢ
14 ᠶᠣᠬᠠᠨ ᠬᠣᠷᠢᠭᠳᠠᠭᠰᠠᠨ ᠠᠴᠠ ᠬᠣᠢᠰᠢ ᠢᠰᠦ᠋ᠰ ᠭᠠᠯᠢᠯᠠᠶ᠎ᠠ ᠳᠤ ᠣᠴᠢᠵᠤ᠂ ᠪᠤᠷᠬᠠᠨ ᠤ ᠪᠠᠶᠠᠷ ᠤᠨ ᠮᠡᠳᠡᠭᠡ ᠶᠢ ᠲᠤᠩ᠋ᠬᠠᠭᠯᠠᠨ᠄ 15 《ᠴᠠᠭ ᠪᠣᠯᠣᠯ᠎ᠠ᠂ ᠪᠤᠷᠬᠠᠨ ᠤ ᠬᠠᠭᠠᠨᠴᠢᠯᠠᠯ ᠣᠢᠷᠠᠲᠤᠯ᠎ᠠ᠃ ᠭᠡᠮᠰᠢᠵᠦ᠂ ᠪᠠᠶᠠᠷ ᠤᠨ ᠮᠡᠳᠡᠭᠡᠨ ᠳᠦ ᠢᠲᠡᠭᠡᠭᠲᠦᠨ》 ᠭᠡᠪᠡ᠃
16 ᠢᠰᠦ᠋ᠰ ᠭᠠᠯᠢᠯᠠᠶ᠎ᠠ ᠨᠠᠭᠤᠷ ᠤᠨ ᠬᠥᠪᠡᠭᠡ ᠪᠡᠷ ᠶᠠᠪᠤᠵᠤ ᠪᠠᠢᠬᠤ ᠳᠠᠭᠠᠨ ᠰᠢᠮᠣᠨ᠂ ᠰᠢᠮᠣᠨ ᠤ ᠳᠡᠭᠦᠦ ᠠᠨᠳ᠋ᠷᠧ ᠨᠠᠷ ᠤᠨ ᠨᠠᠭᠤᠷ ᠲᠤ ᠲᠣᠣᠷ ᠬᠠᠶᠠᠵᠤ ᠪᠠᠢᠭ᠎ᠠ ᠶᠢ ᠬᠠᠷᠠᠯ᠎ᠠ᠂ ᠲᠡᠳᠡ ᠵᠢᠭᠠᠰᠤᠴᠢᠳ ᠠᠵᠢ᠃ 17 ᠢᠰᠦ᠋ᠰ ᠲᠡᠳᠡᠨ ᠳᠦ᠄ 《ᠵᠠ᠂ ᠨᠠᠮᠠᠶᠢ ᠳᠠᠭ᠎ᠠ᠂ ᠪᠢ ᠲᠠ ᠨᠠᠷ ᠢ ᠬᠥᠮᠦᠨ ᠤᠯᠳᠠᠭ ᠵᠢᠭᠠᠰᠤᠴᠢᠨ ᠪᠣᠯᠭᠠᠶ᠎ᠠ》 ᠭᠡᠬᠦ ᠳᠦ᠂ 18 ᠲᠡᠳᠡ ᠳᠠᠷᠤᠢᠬᠠᠨ ᠲᠣᠣᠷ ᠢᠶᠠᠨ ᠣᠷᠬᠢᠵᠤ ᠲᠡᠭᠦᠨ ᠢ ᠳᠠᠭᠠᠪᠠ᠃ 19 ᠢᠰᠦ᠋ᠰ ᠵᠢᠭᠠᠬᠠᠨ ᠴᠠᠰᠢᠯᠠᠭᠰᠠᠨ ᠢᠶᠠᠨ ᠽᠧᠪᠧᠳᠠᠢ ᠶᠢᠨ ᠬᠦᠦ ᠶᠠᠺᠣᠪ᠂ ᠲᠡᠭᠦᠨ ᠦ ᠳᠡᠭᠦᠦ ᠶᠣᠬᠠᠨ ᠤ ᠵᠠᠪᠢ ᠳᠣᠲᠣᠷ᠎ᠠ ᠪᠠᠨ ᠲᠣᠣᠷ ᠰᠡᠯᠪᠢᠵᠦ ᠪᠠᠢᠭ᠎ᠠ ᠶᠢ ᠦᠵᠡᠭᠡᠳ᠂ 20 ᠳᠠᠷᠤᠢᠬᠠᠨ ᠲᠡᠷᠡ ᠬᠣᠶᠠᠭᠤᠯᠠ ᠶᠢ ᠳᠠᠭᠤᠳᠠᠭᠰᠠᠨ ᠳᠤ᠂ ᠲᠡᠳᠡ ᠡᠴᠢᠭᠡ ᠽᠧᠪᠧᠳᠠᠢ ᠪᠠᠨ ᠬᠥᠯᠥᠰᠥᠨ ᠦ ᠠᠵᠢᠯᠴᠢᠳ ᠲᠠᠢ ᠨᠢ ᠬᠠᠮᠲᠤ ᠵᠠᠪᠢᠨ ᠳᠤ ᠣᠷᠬᠢᠵᠤ ᠢᠰᠦ᠋ᠰ ᠢ ᠳᠠᠭᠠᠨ ᠶᠠᠪᠤᠯ᠎ᠠ᠃
21 ᠲᠡᠳᠡ ᠺᠠᠹᠠᠷᠨᠠᠦ᠋ᠮ ᠳᠤ ᠬᠦᠷᠪᠡ᠃ ᠠᠮᠠᠷᠠᠯ ᠤᠨ ᠡᠳᠦᠷ ᠪᠣᠯᠣᠮᠠᠭᠴᠠ ᠢᠰᠦ᠋ᠰ ᠬᠤᠷᠠᠯ ᠤᠨ ᠲᠠᠩᠬᠢᠮ ᠳᠤ ᠣᠷᠣᠵᠤ ᠰᠤᠷᠭᠠᠯ ᠵᠢᠭᠠᠵᠤ ᠡᠬᠢᠯᠡᠭᠰᠡᠨ ᠳᠦ᠂ 22 ᠬᠥᠮᠦᠰ ᠰᠤᠷᠭᠠᠯ ᠢ ᠨᠢ ᠰᠣᠨᠣᠰᠣᠭᠠᠳ ᠱᠠᠭᠰᠢᠵᠤ ᠪᠠᠢᠯ᠎ᠠ᠃ ᠤᠴᠢᠷ ᠨᠢ ᠲᠡᠷᠡ ᠪᠡᠷ ᠪᠢᠴᠢᠭᠲᠡᠳ ᠰᠢᠭ ᠪᠢᠰᠢ᠂ ᠬᠠᠷᠢᠨ ᠡᠷᠬᠡ ᠮᠡᠳᠡᠯ ᠲᠡᠢ ᠪᠠᠷ ᠵᠢᠭᠠᠵᠤ ᠪᠠᠢᠪᠠ᠃ 23 ᠶᠠᠭ ᠲᠡᠷᠡ ᠦᠶ᠎ᠡ ᠳᠦ᠂ ᠲᠡᠳᠡᠨ ᠦ ᠬᠤᠷᠠᠯ ᠤᠨ ᠲᠠᠩᠬᠢᠮ ᠳᠣᠲᠣᠷ᠎ᠠ ᠪᠤᠵᠠᠷ ᠴᠢᠳᠬᠥᠷ ᠣᠷᠣᠰᠢᠭᠰᠠᠨ ᠨᠢᠭᠡ ᠬᠥᠮᠦᠨ ᠪᠠᠢᠵᠠᠢ᠃ 24 ᠲᠡᠷᠡ ᠴᠢᠩᠭ᠍᠎ᠠ ᠳᠠᠭᠤ ᠪᠠᠷ᠄ 《ᠲᠠ ᠪᠢᠳᠡᠨ ᠲᠡᠢ ᠶᠠᠮᠠᠷ ᠬᠠᠮᠢᠶ᠎ᠠ ᠲᠠᠢ ᠪᠤᠢ︖ ᠨᠠᠽᠠᠷᠧᠲ ᠤᠨ ᠢᠰᠦ᠋ᠰ ᠡ᠂ ᠲᠠ ᠪᠢᠳᠡᠨ ᠢ ᠤᠰᠠᠳᠬᠠᠬᠤ ᠪᠠᠷ ᠢᠷᠡᠪᠡ ᠤᠤ︖ ᠪᠢ ᠲᠠᠨ ᠢ ᠲᠠᠨᠢᠨ᠎ᠠ᠂ ᠲᠠ ᠪᠣᠯ ᠪᠤᠷᠬᠠᠨ ᠤ ᠠᠷᠢᠭᠤᠨ ᠨᠢᠭᠡᠨ ᠪᠢᠯᠡ》 ᠭᠡᠰᠡᠨ ᠳᠦ᠂ 25 ᠢᠰᠦ᠋ᠰ ᠲᠡᠭᠦᠨ ᠢ ᠵᠢᠮᠡᠯᠡᠵᠦ᠄ 《ᠳᠠᠭᠤ ᠦᠭᠡᠢ ᠪᠠᠢ᠂ ᠲᠡᠭᠦᠨ ᠡᠴᠡ ᠭᠠᠷ︕》 ᠭᠡᠪᠡ᠃ 26 ᠪᠤᠵᠠᠷ ᠴᠢᠳᠬᠥᠷ ᠲᠡᠷᠡ ᠬᠥᠮᠦᠨ ᠢ ᠲᠠᠲᠠᠪᠠᠯᠵᠠᠭᠤᠯᠤᠭᠠᠳ᠂ ᠴᠢᠩᠭ᠍᠎ᠠ ᠳᠠᠭᠤᠨ ᠢᠶᠠᠷ ᠣᠷᠢᠯᠠᠨ ᠲᠡᠭᠦᠨ ᠡᠴᠡ ᠭᠠᠷᠤᠯ᠎ᠠ᠃ 27 ᠬᠥᠮᠦᠰ ᠪᠦᠭᠦᠳᠡᠭᠡᠷ ᠭᠠᠢᠬᠠᠨ ᠬᠣᠭᠣᠷᠣᠨᠳᠣ ᠪᠠᠨ᠄ 《ᠡᠨᠡ ᠴᠢᠨᠢ ᠶᠠᠭᠤ ᠪᠣᠯᠵᠤ ᠪᠠᠢᠨ᠎ᠠ ᠪᠤᠢ︖ ᠡᠷᠬᠡ ᠮᠡᠳᠡᠯ ᠲᠡᠢ ᠰᠢᠨ᠎ᠡ ᠰᠤᠷᠭᠠᠯ ᠶᠤᠮ ᠪᠠᠢᠨ᠎ᠠ︕ ᠪᠤᠵᠠᠷ ᠴᠢᠳᠬᠥᠷ ᠤᠳ ᠢ ᠵᠠᠬᠢᠷᠬᠤ ᠳᠤ᠂ ᠴᠢᠳᠬᠥᠷ ᠬᠦᠷᠲᠡᠯ᠎ᠡ ᠦᠭᠡᠨ ᠳᠦᠨᠢ ᠣᠷᠣᠳᠠᠭ ᠪᠠᠢᠨ᠎ᠠ ᠰᠢᠦ》 ᠭᠡᠵᠦ ᠶᠠᠷᠢᠯᠴᠠᠵᠤ ᠪᠠᠢᠯ᠎ᠠ᠃ 28 ᠢᠰᠦ᠋ᠰ ᠤᠨ ᠨᠡᠷ᠎ᠡ ᠴᠤᠤ ᠲᠡᠷᠡ ᠳᠠᠷᠤᠢ ᠭᠠᠯᠢᠯᠠᠶ᠎ᠠ ᠬᠠᠪᠢ ᠶᠢᠨ ᠪᠦᠬᠦ ᠨᠤᠲᠤᠭ ᠢᠶᠠᠷ ᠲᠠᠷᠬᠠᠯ᠎ᠠ᠃
ᠣᠯᠠᠨ ᠢ ᠡᠳᠡᠭᠡᠭᠡᠭᠰᠡᠨ ᠨᠢ
29 ᠲᠡᠳᠡ ᠬᠤᠷᠠᠯ ᠤᠨ ᠲᠠᠩᠬᠢᠮ ᠠᠴᠠ ᠭᠠᠷᠤᠮᠠᠭᠴᠠ ᠶᠠᠺᠣᠪ᠂ ᠶᠣᠬᠠᠨ ᠨᠠᠷ ᠲᠠᠢ ᠬᠠᠮᠲᠤ ᠰᠢᠮᠣᠨ᠂ ᠠᠨᠳ᠋ᠷᠧ ᠬᠣᠶᠠᠷ ᠤᠨ ᠭᠡᠷ ᠲᠦ ᠬᠦᠷᠬᠦ ᠳᠦ᠂ 30 ᠰᠢᠮᠣᠨ ᠤ ᠬᠠᠳᠠᠮ ᠡᠬᠡ ᠬᠠᠯᠠᠭᠤᠨ ᠬᠢᠵᠢᠭ ᠢᠶᠠᠷ ᠬᠡᠪᠲᠡᠵᠦ ᠪᠠᠢᠯ᠎ᠠ᠃ ᠲᠡᠳᠡ ᠲᠡᠭᠦᠨ ᠦ ᠲᠤᠬᠠᠢ ᠢᠰᠦ᠋ᠰ ᠲᠤ ᠳᠠᠷᠤᠢᠬᠠᠨ ᠬᠡᠯᠡᠬᠦ ᠳᠦ᠂ 31 ᠢᠰᠦ᠋ᠰ ᠲᠡᠭᠦᠨ ᠳᠦ ᠳᠥᠭᠥᠵᠦ ᠭᠠᠷ ᠠᠴᠠ ᠨᠢ ᠪᠠᠷᠢᠨ ᠪᠣᠰᠬᠠᠲᠠᠯᠠ ᠲᠡᠷᠡ ᠡᠮᠡᠭᠲᠡᠢ ᠶᠢᠨ ᠬᠠᠯᠠᠭᠤᠨ ᠠᠷᠢᠯᠵᠤ᠂ ᠲᠡᠳᠡᠨ ᠢ ᠵᠣᠴᠢᠯᠠᠵᠤ ᠡᠬᠢᠯᠡᠪᠡ᠃
32 ᠨᠠᠷᠠ ᠵᠢᠷᠭᠠᠭᠠᠳ ᠪᠦᠷᠦᠢ ᠪᠣᠯᠣᠭᠰᠠᠨ ᠤ ᠬᠣᠢᠨ᠎ᠠ᠂ ᠬᠥᠮᠦᠰ ᠡᠪᠡᠳᠴᠢᠯᠡᠭᠰᠡᠨ ᠪᠤᠶᠤ ᠴᠢᠳᠬᠥᠷ ᠣᠷᠣᠰᠢᠭᠰᠠᠨ ᠪᠦᠬᠦ ᠬᠥᠮᠦᠨ ᠢ ᠲᠡᠭᠦᠨ ᠳᠦ ᠠᠪᠴᠢᠷᠠᠬᠤ ᠳᠤ᠂ 33 ᠪᠦᠬᠦ ᠲᠣᠰᠬᠣᠨ ᠤ ᠬᠢᠨ ᠡᠭᠦᠳᠡᠨ ᠳᠦᠨᠢ ᠪᠥᠭᠡᠮᠨᠡᠷᠡᠭᠰᠡᠨ ᠪᠠᠢᠯ᠎ᠠ᠃ 34 ᠢᠰᠦ᠋ᠰ ᠶᠠᠩᠵᠤ ᠪᠦᠷᠢ ᠶᠢᠨ ᠡᠪᠡᠳᠴᠢᠲᠡᠨ ᠢ ᠡᠳᠡᠭᠡᠭᠡᠵᠦ᠂ ᠣᠯᠠᠨ ᠴᠢᠳᠬᠥᠷ ᠢ ᠬᠥᠭᠡᠭᠡᠵᠡᠢ᠃ ᠲᠡᠷᠡ ᠪᠡᠷ ᠴᠢᠳᠬᠥᠷ ᠤᠳ ᠤᠨ ᠳᠤᠤᠭᠠᠷᠬᠤ ᠶᠢ ᠵᠥᠪᠰᠢᠶᠡᠷᠡᠭᠰᠡᠨ ᠦᠭᠡᠢ᠃ ᠤᠴᠢᠷ ᠨᠢ ᠲᠡᠳᠡ ᠢᠰᠦ᠋ᠰ ᠢ ᠲᠠᠨᠢᠳᠠᠭ ᠪᠠᠢᠵᠠᠢ᠃
35 ᠢᠰᠦ᠋ᠰ ᠦᠷ ᠴᠠᠢᠬᠤ ᠠᠴᠠ ᠡᠮᠦᠨ᠎ᠡ ᠪᠣᠰᠴᠤ ᠡᠵᠡᠭᠦᠢ ᠭᠠᠵᠠᠷ ᠣᠴᠢᠭᠠᠳ ᠳᠠᠭᠠᠳᠬᠠᠵᠤ ᠪᠠᠢᠯ᠎ᠠ᠃ 36 ᠰᠢᠮᠣᠨ ᠨᠥᠬᠥᠳ ᠲᠡᠢ ᠪᠡᠨ ᠬᠠᠮᠲᠤ ᠠᠷᠤ ᠠᠴᠠ ᠨᠢ ᠢᠷᠡᠵᠦ᠂ 37 ᠲᠡᠭᠦᠨ ᠢ ᠣᠯᠣᠭᠠᠳ᠄ 《ᠲᠠᠨ ᠢ ᠬᠥᠮᠦᠨ ᠪᠦᠬᠦᠨ ᠡᠷᠢᠵᠦ ᠪᠠᠢᠨ᠎ᠠ》 ᠭᠡᠬᠦ ᠳᠦ᠂ 38 ᠢᠰᠦ᠋ᠰ᠄ 《ᠬᠠᠪᠢ ᠣᠢᠷ᠎ᠠ ᠶᠢᠨ ᠲᠣᠰᠬᠣᠨ ᠨᠤᠭᠤᠳ ᠢᠶᠠᠷ ᠣᠴᠢᠵᠠᠭᠠᠶ᠎ᠠ᠃ ᠪᠢ ᠲᠡᠨᠳᠡ ᠴᠤ ᠦᠭᠡ ᠲᠤᠩ᠋ᠬᠠᠭᠯᠠᠨ᠎ᠠ᠃ ᠡᠭᠦᠨ ᠦ ᠲᠥᠯᠥᠭᠡ ᠪᠢ ᠢᠷᠡᠭᠰᠡᠨ ᠶᠤᠮ》 ᠭᠡᠵᠦ ᠬᠡᠯᠡᠪᠡ᠃ 39 ᠡᠢᠨ ᠬᠦ ᠢᠰᠦ᠋ᠰ ᠭᠠᠯᠢᠯᠠᠶ᠎ᠠ ᠳᠠᠶᠠᠭᠠᠷ ᠶᠠᠪᠤᠵᠤ᠂ ᠬᠤᠷᠠᠯ ᠤᠨ ᠲᠠᠩᠬᠢᠮ ᠳᠤᠨᠢ ᠦᠭᠡ ᠶᠢ ᠳᠡᠯᠭᠡᠷᠡᠭᠦᠯᠦᠨ᠂ ᠴᠢᠳᠬᠥᠷ ᠤᠳ ᠢ ᠵᠠᠢᠯᠠᠭᠤᠯᠪᠠ᠃
40 ᠨᠢᠭᠡᠨ ᠤᠶᠠᠮᠠᠨ 1 ᠡᠪᠡᠳᠴᠢᠲᠡᠨ ᠢᠰᠦ᠋ᠰ ᠤᠷᠤᠭᠤ ᠢᠷᠡᠭᠡᠳ ᠭᠤᠶᠤᠭᠰᠠᠭᠠᠷ ᠰᠥᠭᠥᠳᠴᠦ᠄ 《ᠲᠠ ᠬᠦᠰᠡᠪᠡᠯ ᠨᠠᠮᠠᠶᠢ ᠴᠡᠪᠡᠷᠰᠢᠭᠦᠯᠵᠦ ᠴᠢᠳᠠᠨ᠎ᠠ ᠰᠢᠦ ᠳᠠ》 ᠭᠡᠪᠡ᠃ 41 ᠢᠰᠦ᠋ᠰ ᠥᠷᠥ ᠡᠪᠡᠳᠦᠭᠡᠳ ᠮᠤᠲᠤᠷ ᠢᠶᠠᠨ ᠰᠤᠩ᠋ᠭᠠᠨ ᠲᠡᠭᠦᠨ ᠳᠦ ᠬᠦᠷᠭᠡᠵᠦ᠄ 《ᠪᠢ ᠬᠦᠰᠡᠵᠦ ᠪᠠᠢᠨ᠎ᠠ᠂ ᠴᠡᠪᠡᠷᠰᠢ》 ᠭᠡᠵᠦ ᠬᠡᠯᠡᠮᠡᠭᠴᠡ᠂ 42 ᠤᠶᠠᠮᠠᠨ ᠨᠢ ᠲᠡᠭᠦᠨ ᠡᠴᠡ ᠰᠠᠯᠵᠤ᠂ ᠲᠡᠷᠡ ᠴᠡᠪᠡᠷᠰᠢᠯᠡ᠃ 43 ᠢᠰᠦ᠋ᠰ ᠲᠡᠷᠡ ᠳᠠᠷᠤᠢ ᠲᠡᠭᠦᠨ ᠢ ᠶᠠᠪᠤᠭᠤᠯᠬᠤ ᠳᠠᠭᠠᠨ ᠬᠠᠲᠠᠭᠤ ᠠᠩ᠋ᠬᠠᠷᠤᠭᠤᠯᠤᠨ᠄ 44 《ᠪᠣᠯᠭᠤᠮᠵᠢᠲᠠᠢ ᠪᠠᠢᠵᠤ᠂ ᠡᠭᠦᠨ ᠢ ᠬᠡᠨ ᠳᠦ ᠴᠤ ᠪᠢᠲᠡᠭᠡᠢ ᠶᠠᠷᠢᠭᠠᠷᠠᠢ︕ ᠬᠠᠷᠢᠨ ᠲᠠᠬᠢᠯᠴᠢ ᠳᠤ ᠣᠴᠢᠭᠠᠳ ᠪᠡᠶ᠎ᠡ ᠪᠡᠨ ᠦᠵᠡᠭᠦᠯᠵᠦ᠂ ᠴᠡᠪᠡᠷᠰᠢᠭᠰᠡᠨ ᠬᠥᠮᠦᠨ ᠦ ᠲᠤᠬᠠᠢ ᠮᠣᠰᠧ ᠶᠢᠨ ᠵᠠᠬᠢᠭᠰᠠᠨ ᠶᠣᠰᠣᠭᠠᠷ ᠡᠷᠭᠦᠯ ᠡᠷᠭᠦ᠂ ᠡᠢᠨ ᠬᠦ ᠴᠡᠪᠡᠷᠰᠢᠭᠰᠡᠨ ᠢᠶᠡᠨ ᠭᠡᠷᠡᠴᠢᠯᠡ》 ᠭᠡᠪᠡ᠃ 45 ᠭᠡᠲᠡᠯ᠎ᠡ ᠲᠡᠷᠡ ᠬᠥᠮᠦᠨ ᠭᠠᠷᠤᠭᠠᠳ ᠡᠨᠡ ᠶᠠᠪᠤᠳᠠᠯ ᠢ ᠶᠡᠬᠡ ᠪᠡᠷ ᠵᠠᠷᠯᠠᠨ ᠲᠠᠷᠬᠠᠭᠠᠵᠤ ᠡᠬᠢᠯᠡᠭᠰᠡᠨ ᠲᠤᠯᠠ ᠢᠰᠦ᠋ᠰ ᠲᠣᠰᠬᠣᠨ ᠳᠤ ᠢᠯᠡ ᠪᠡᠷ ᠣᠷᠣᠵᠤ ᠴᠢᠳᠠᠬᠤ ᠪᠠᠨ ᠪᠣᠯᠢᠵᠤ᠂ ᠡᠵᠡᠭᠦᠢ ᠭᠠᠵᠠᠷ ᠪᠠᠢᠬᠤ ᠪᠣᠯᠪᠠ᠃ ᠭᠡᠪᠡᠴᠦ ᠬᠥᠮᠦᠰ ᠵᠦᠭ ᠪᠦᠷᠢ ᠡᠴᠡ ᠲᠡᠭᠦᠨ ᠢ ᠵᠣᠷᠢᠨ ᠢᠷᠡᠭᠰᠡᠭᠡᠷ ᠪᠠᠢᠯ᠎ᠠ᠃