1 2 3 4 5 6 7 8 9 10 11 12 13 14 15 16


ᠮᠠᠷᠺ ᠶᠢᠰᠦ
 ᠢᠰᠦ᠋ᠰ ᠤᠨ ᠲᠥᠷᠬᠥ ᠬᠤᠪᠢᠷᠠᠭᠰᠠᠨ ᠨᠢ

1 ᠢᠰᠦ᠋ᠰ ᠲᠡᠳᠡᠨ ᠳᠦ᠄ 《ᠲᠠ ᠨᠠᠷ ᠲᠤ ᠪᠠᠲᠤᠲᠠᠢ ᠬᠡᠯᠡᠶ᠎ᠡ᠃ ᠡ᠊ᠨᠳᠡ ᠵᠣᠭᠰᠣᠵᠤ ᠪᠤᠢ ᠬᠥᠮᠦᠰ ᠦᠨ ᠵᠠᠷᠢᠮ ᠨᠢ ᠬᠥᠮᠦᠨ ᠦ ᠬᠦᠦ ᠶᠢᠨ ᠬᠠᠭᠠᠨᠴᠢᠯᠠᠯ ᠳᠠᠭᠠᠨ ᠬᠦᠴᠦᠲᠡᠢ ᠪᠠᠷ ᠢᠷᠡᠬᠦ ᠶᠢ ᠦᠵᠡᠬᠦ ᠡᠴᠡ ᠨᠠᠰᠢ ᠦᠬᠦᠯ ᠢ ᠶᠡᠷᠦ ᠠᠮᠰᠠᠬᠤ ᠦᠭᠡᠢ》 ᠭᠡᠪᠡ᠃

2 ᠵᠢᠷᠭᠤᠭᠠᠨ ᠡᠳᠦᠷ ᠦᠨ ᠳᠠᠷᠠᠭ᠎ᠠ᠂ ᠢᠰᠦ᠋ᠰ ᠫᠧᠲ᠋ᠧᠷ᠂ ᠶᠠᠺᠣᠪ᠂ ᠶᠣᠬᠠᠨ ᠢ ᠯᠠ ᠳᠠᠭᠠᠭᠤᠯᠤᠨ ᠥᠨᠳᠥᠷ ᠠᠭᠤᠯᠠᠨ ᠳᠤ ᠭᠠᠷᠪᠠ᠃ ᠲᠡᠭᠡᠭᠡᠳ ᠲᠡᠷᠡ ᠲᠡᠳᠡᠨ ᠦ ᠡᠮᠦᠨ᠎ᠡ ᠬᠤᠪᠢᠯᠤᠭᠰᠠᠨ ᠳᠤ᠂ 3 ᠬᠤᠪᠴᠠᠰᠤ ᠨᠢ ᠭᠢᠯᠲᠠᠭᠠᠨᠠᠵᠤ ᠡᠨᠡ ᠳᠡᠯᠡᠬᠡᠢ ᠶᠢᠨ ᠶᠠᠮᠠᠷ ᠴᠤ ᠴᠠᠢᠷᠠᠭᠤᠯᠤᠭᠴᠢ ᠴᠠᠢᠷᠠᠭᠤᠯᠵᠤ ᠴᠢᠳᠠᠬᠤ ᠪᠠᠷ ᠦᠭᠡᠢ ᠴᠠᠪ ᠴᠠᠭᠠᠨ ᠪᠣᠯᠪᠠ᠃ 4 ᠲᠡᠭᠡᠲᠡᠯ᠎ᠡ ᠧᠯᠢᠶ᠎ᠠ ᠮᠣᠰᠧ ᠲᠠᠢ ᠬᠠᠮᠲᠤ ᠦᠵᠡᠭᠳᠡᠵᠡᠢ᠃ ᠲᠡᠳᠡ ᠢᠰᠦ᠋ᠰ ᠲᠠᠢ ᠶᠠᠷᠢᠯᠴᠠᠵᠤ ᠪᠠᠢᠯ᠎ᠠ᠃ 5 ᠫᠧᠲ᠋ᠧᠷ ᠢᠰᠦ᠋ᠰ ᠲᠤ᠄ 《ᠪᠠᠭᠰᠢ ᠡ᠂ ᠡ᠊ᠨᠳᠡ ᠪᠠᠢᠬᠤ ᠨᠢ ᠰᠠᠢᠨ ᠪᠠᠢᠨ᠎ᠠ᠃ ᠪᠢᠳᠡ ᠭᠤᠷᠪᠠᠨ ᠮᠠᠢᠬᠠᠨ ᠪᠣᠰᠬᠠᠭᠠᠳ ᠨᠢᠭᠡ ᠶᠢ ᠨᠢ ᠲᠠᠨ ᠳᠤ᠂ ᠨᠢᠭᠡ ᠶᠢ ᠨᠢ ᠧᠯᠢᠶ᠎ᠠ ᠳᠤ᠂ ᠨᠢᠭᠡ ᠶᠢ ᠨᠢ ᠮᠣᠰᠧ ᠳᠤ ᠥᠭᠭᠥᠮᠡᠷ ᠪᠠᠢᠨ᠎ᠠ》 ᠬᠡᠮᠡᠨ᠂ 6 ᠶᠠᠭᠤ ᠬᠡᠯᠡᠬᠦ ᠪᠡᠨ ᠮᠡᠳᠡᠯ ᠦᠭᠡᠢ ᠪᠠᠷ ᠬᠡᠯᠡᠴᠢᠬᠡᠪᠡ᠃ ᠤᠴᠢᠷ ᠨᠢ᠂ ᠲᠡᠳᠡ ᠠᠶᠤᠵᠠᠭᠠᠭᠰᠠᠨ ᠠᠵᠢ᠃ 7 ᠢᠩᠭᠢᠲᠡᠯ᠎ᠡ ᠡᠭᠦᠯᠡ ᠭᠠᠷᠴᠤ ᠲᠡᠳᠡᠨ ᠢ ᠪᠦᠷᠬᠦᠭᠰᠡᠨ ᠪᠥᠭᠡᠳ ᠡᠭᠦᠯᠡᠨ ᠦ ᠳᠣᠲᠣᠷ᠎ᠠ ᠠᠴᠠ᠄ 《ᠡᠨᠡ ᠪᠣᠯ ᠮᠢᠨᠦ ᠬᠠᠢᠷᠠᠲᠠᠢ ᠬᠦᠦ ᠮᠥᠨ᠂ ᠲᠡᠭᠦᠨ ᠦ ᠦᠭᠡ ᠶᠢ ᠰᠣᠨᠣᠰᠣᠭᠲᠤᠨ》 ᠭᠡᠬᠦ ᠳᠠᠭᠤ ᠭᠠᠷᠪᠠ᠃ 8 ᠲᠡᠳᠡ ᠳᠠᠷᠤᠢᠬᠠᠨ ᠡᠷᠭᠢᠨ ᠲᠣᠭᠣᠷᠢᠨ ᠢᠶᠠᠨ ᠬᠠᠷᠠᠬᠤ ᠳᠤ᠂ ᠬᠡᠨ ᠴᠤ ᠦᠵᠡᠭᠳᠡᠭᠰᠡᠨ ᠦᠭᠡᠢ᠂ ᠵᠥᠪᠬᠡᠨ ᠢᠰᠦ᠋ᠰ ᠲᠡᠳᠡᠨ ᠲᠡᠢ ᠬᠠᠮᠲᠤ ᠪᠠᠢᠵᠠᠢ᠃

9 ᠠᠭᠤᠯᠠᠨ ᠠᠴᠠ ᠪᠠᠭᠤᠬᠤ ᠳᠠᠭᠠᠨ ᠢᠰᠦ᠋ᠰ ᠲᠡᠳᠡᠨ ᠳᠦ᠄ 《ᠬᠥᠮᠦᠨ ᠦ ᠬᠦᠦ ᠦᠬᠦᠭᠰᠡᠳ ᠦᠨ ᠳᠤᠮᠳᠠ ᠠᠴᠠ ᠠᠮᠢᠯᠠᠬᠤ ᠪᠣᠯᠲᠠᠯ᠎ᠠ ᠦᠵᠡᠭᠰᠡᠨ ᠢᠶᠡᠨ ᠬᠡᠨ ᠳᠦ ᠴᠤ ᠪᠦᠦ ᠶᠠᠷᠢ》 ᠭᠡᠵᠦ ᠵᠠᠬᠢᠭᠰᠠᠨ ᠳᠤ᠂ 10 ᠲᠡᠳᠡ ᠡᠨᠡ ᠦᠭᠡ ᠶᠢ ᠰᠡᠳᠬᠢᠯ ᠳᠡᠭᠡᠨ ᠬᠠᠳᠠᠭᠠᠯᠠᠭᠠᠳ 《ᠦᠬᠦᠭᠰᠡᠳ ᠦᠨ ᠳᠤᠮᠳᠠ ᠠᠴᠠ ᠠᠮᠢᠯᠠᠬᠤ》 ᠭᠡᠳᠡᠭ ᠨᠢ ᠶᠠᠮᠠᠷ ᠤᠳᠬ᠎ᠠ ᠲᠠᠢ ᠪᠣᠯᠬᠤ ᠶᠢ ᠬᠣᠭᠣᠷᠣᠨᠳᠣ ᠪᠠᠨ ᠶᠠᠷᠢᠯᠴᠠᠵᠤ ᠪᠠᠢᠭᠰᠠᠨ ᠢᠶᠠᠨ 11 ᠢᠰᠦ᠋ᠰ ᠡᠴᠡ᠄ 《ᠶᠠᠭᠠᠬᠢᠭᠠᠳ ᠪᠢᠴᠢᠭᠲᠡᠳ ᠧᠯᠢᠶ᠎ᠠ ᠶᠢ ᠤᠷᠢᠳᠠᠪᠠᠷ ᠢᠷᠡᠬᠦ ᠶᠣᠰᠣᠲᠠᠢ ᠭᠡᠳᠡᠭ ᠶᠤᠮ ᠪᠤᠢ︖》 ᠭᠡᠵᠦ ᠠᠰᠠᠭᠤᠬᠤ ᠳᠤ᠂ 12 ᠲᠡᠷᠡ᠄ 《ᠧᠯᠢᠶ᠎ᠠ ᠨᠡᠭᠡᠷᠡᠨ ᠤᠷᠢᠳᠠᠪᠠᠷ ᠢᠷᠡᠵᠦ ᠠᠯᠢᠪᠠ ᠶᠢ ᠰᠡᠷᠭᠦᠭᠡᠨ᠎ᠡ᠂ ᠬᠠᠷᠢᠨ ᠬᠥᠮᠦᠨ ᠦ ᠬᠦᠦ ᠶᠢᠨ ᠲᠤᠬᠠᠢ᠄ 〈ᠲᠡᠷᠡ ᠪᠡᠷ ᠣᠯᠠᠨ ᠵᠣᠪᠠᠯᠠᠩ ᠠᠮᠰᠠᠵᠤ ᠵᠢᠭ᠍ᠰᠢᠭᠳᠡᠬᠦ ᠪᠣᠯᠣᠨ᠎ᠠ〉 ᠭᠡᠵᠦ ᠪᠢᠴᠢᠭᠳᠡᠭᠰᠡᠨ ᠨᠢ ᠶᠠᠭᠤᠨ ᠤ ᠤᠴᠢᠷ ᠪᠤᠢ︖ 13 ᠲᠠ ᠨᠠᠷ ᠲᠤ ᠬᠡᠯᠡᠶ᠎ᠡ᠃ ᠧᠯᠢᠶ᠎ᠠ ᠢᠷᠡᠴᠢᠬᠡᠭᠰᠡᠨ᠃ ᠲᠡᠭᠦᠨ ᠦ ᠲᠤᠬᠠᠢ ᠪᠢᠴᠢᠭᠳᠡᠭᠰᠡᠨᠴᠢᠯᠡᠨ ᠲᠡᠳᠡ ᠲᠡᠭᠦᠨ ᠳᠦ ᠬᠦᠰᠡᠭᠰᠡᠨ ᠪᠣᠯᠭᠠᠨ ᠢᠶᠠᠨ ᠬᠢᠭᠰᠡᠨ》 ᠭᠡᠯ᠎ᠡ᠃
 ᠪᠦᠬᠦ ᠶᠠᠭᠤᠮ᠎ᠠ ᠪᠣᠯᠣᠮᠵᠢ ᠲᠠᠢ

14 ᠢᠰᠦ᠋ᠰ ᠪᠤᠰᠤᠳ ᠱᠠᠪᠢ ᠨᠠᠷ ᠳᠡᠭᠡᠷ᠎ᠡ ᠪᠡᠨ ᠪᠤᠴᠠᠵᠤ ᠢᠷᠡᠭᠡᠳ ᠬᠠᠷᠠᠬᠤ ᠳᠤ᠂ ᠦᠯᠡᠮᠵᠢ ᠣᠯᠠᠨ ᠬᠥᠮᠦᠨ ᠦ ᠳᠤᠮᠳᠠ ᠪᠢᠴᠢᠭᠲᠡᠳ ᠲᠡᠳᠡᠨ ᠲᠡᠢ ᠨᠢ ᠮᠠᠷᠭᠤᠯᠳᠤᠵᠤ ᠪᠠᠢᠪᠠ᠃ 15 ᠴᠤᠭᠯᠠᠷᠠᠭᠰᠠᠨ ᠪᠦᠭᠦᠳᠡᠭᠡᠷ ᠢᠰᠦ᠋ᠰ ᠢ ᠬᠠᠷᠠᠩ᠋ᠭᠤᠲᠠ ᠮᠠᠰᠢᠳᠠ ᠭᠠᠢᠬᠠᠭᠰᠠᠨ ᠪᠥᠭᠡᠳ ᠭᠦᠶᠦᠨ ᠢᠷᠡᠭᠡᠳ ᠮᠡᠨᠳᠦᠴᠢᠯᠡᠵᠦ ᠪᠠᠢᠪᠠ᠃ 16 ᠢᠰᠦ᠋ᠰ ᠲᠡᠳᠡ ᠨᠠᠷ ᠠᠴᠠ᠄ 《ᠲᠠ ᠨᠠᠷ ᠶᠠᠭᠤᠨ ᠤ ᠲᠤᠬᠠᠢ ᠲᠡᠳᠡᠨ ᠲᠡᠢ ᠮᠠᠷᠭᠤᠯᠳᠤᠵᠤ ᠪᠠᠢᠨ᠎ᠠ ᠪᠤᠢ︖》 ᠭᠡᠵᠦ ᠠᠰᠠᠭᠤᠬᠤ ᠳᠤ᠂ 17 ᠴᠤᠭᠯᠠᠷᠠᠭᠰᠠᠨ ᠣᠯᠠᠨ ᠤ ᠳᠤᠮᠳᠠ ᠠᠴᠠ ᠨᠢᠭᠡ ᠬᠥᠮᠦᠨ ᠭᠠᠷᠴᠤ ᠲᠡᠭᠦᠨ ᠳᠦ᠄ 《ᠪᠠᠭᠰᠢ ᠡ᠂ ᠬᠡᠯᠡ ᠦᠭᠡᠢ ᠴᠢᠳᠬᠥᠷ ᠣᠷᠣᠰᠢᠭᠰᠠᠨ ᠬᠦᠦ ᠪᠡᠨ ᠪᠢ ᠲᠠᠨ ᠳᠤ ᠠᠪᠴᠢᠷᠠᠭᠰᠠᠨ᠃ 18 ᠴᠢᠳᠬᠥᠷ ᠬᠦᠦ ᠶᠢ ᠮᠢᠨᠢ ᠬᠠᠮᠢᠭ᠎ᠠ ᠪᠠᠢᠭᠰᠠᠨ ᠴᠤ ᠪᠠᠷᠢᠪᠠᠯ ᠲᠡᠭᠦᠨ ᠢ ᠤᠨᠠᠭᠠᠳᠠᠭ᠃ ᠲᠡᠭᠡᠪᠡᠯ ᠬᠦᠦ ᠮᠢᠨᠢ ᠬᠥᠭᠡᠰᠦ ᠰᠠᠬᠠᠷᠠᠭᠤᠯᠤᠨ᠂ ᠰᠢᠳᠦ ᠪᠡᠨ ᠬᠠᠪᠢᠷᠴᠤ ᠪᠡᠶ᠎ᠡ ᠨᠢ ᠬᠥᠰᠢᠴᠢᠭᠡᠳᠡᠭ ᠶᠤᠮ᠃ ᠴᠢᠳᠬᠥᠷ ᠢ ᠬᠥᠭᠡᠭᠡᠬᠦ ᠶᠢ ᠪᠢ ᠲᠠᠨ ᠤ ᠱᠠᠪᠢ ᠨᠠᠷ ᠠᠴᠠ ᠭᠤᠶᠤᠭᠰᠠᠨ ᠪᠣᠯᠪᠠᠴᠤ ᠲᠡᠳᠡ ᠴᠢᠳᠠᠭᠰᠠᠨ ᠦᠭᠡᠢ》 ᠭᠡᠪᠡ᠃ 19 ᠢᠰᠦ᠋ᠰ ᠲᠡᠳᠡᠨ ᠳᠦ᠄ 《ᠠᠢ᠂ ᠢᠲᠡᠭᠡᠯ ᠦᠭᠡᠢ ᠦᠶ᠎ᠡ ᠶᠢᠨ ᠬᠢᠨ᠂ ᠬᠡᠳᠦᠢ ᠪᠣᠯᠲᠠᠯ᠎ᠠ ᠪᠢ ᠲᠠ ᠨᠠᠷ ᠤᠨ ᠳᠡᠷᠭᠡᠳᠡ ᠪᠠᠢᠵᠤ᠂ ᠬᠡᠳᠦᠢ ᠪᠣᠯᠲᠠᠯ᠎ᠠ ᠲᠠ ᠨᠠᠷ ᠢ ᠲᠡᠰᠪᠦᠷᠢᠯᠡᠬᠦ ᠪᠢᠯᠡ︖ ᠬᠦᠦ ᠶᠢ ᠨᠠᠳᠠ ᠤᠷᠤᠭᠤ ᠠᠪᠴᠢᠷᠠ》 ᠭᠡᠪᠡ᠃ 20 ᠲᠡᠳᠡ ᠬᠦᠦ ᠶᠢ ᠠᠪᠴᠢᠷᠠᠬᠤ ᠳᠤ᠂ ᠴᠢᠳᠬᠥᠷ ᠢᠰᠦ᠋ᠰ ᠢ ᠬᠠᠷᠠᠮᠠᠭᠴᠠ ᠬᠦᠦ ᠶᠢ ᠲᠠᠲᠠᠪᠠᠯᠵᠠᠭᠤᠯᠤᠭᠰᠠᠨ ᠪᠥᠭᠡᠳ ᠬᠦᠦ ᠭᠠᠵᠠᠷ ᠲᠤ ᠤᠨᠠᠵᠤ᠂ ᠬᠥᠭᠡᠰᠦ ᠰᠠᠬᠠᠷᠠᠭᠤᠯᠤᠨ ᠥᠩᠬᠥᠷᠢᠵᠦ ᠪᠠᠢᠯ᠎ᠠ᠃ 21 ᠢᠰᠦ᠋ᠰ ᠡᠴᠢᠭᠡ ᠡᠴᠡ ᠨᠢ᠄ 《ᠲᠡᠷᠡ ᠬᠡᠵᠢᠶ᠎ᠡ ᠡᠴᠡ ᠡᠢᠮᠦ ᠪᠣᠯᠣᠭᠰᠠᠨ ᠪᠤᠢ︖》 ᠭᠡᠵᠦ ᠠᠰᠠᠭᠤᠬᠤ ᠳᠤ᠂ 《ᠪᠠᠭ᠎ᠠ ᠠᠴᠠ ᠪᠠᠨ ᠶᠤᠮ᠂ 22 ᠡᠨᠡ ᠴᠢᠳᠬᠥᠷ ᠬᠦᠦ ᠶᠢ ᠮᠢᠨᠢ ᠦᠭᠡᠢ ᠬᠢᠬᠦ ᠭᠡᠵᠦ ᠭᠠᠯ᠂ ᠤᠰᠤᠨ ᠳᠤ ᠴᠤ ᠪᠠᠢᠩ᠋ᠭᠤ ᠰᠢᠳᠡᠳᠡᠭ ᠪᠠᠢᠯ᠎ᠠ᠃ ᠬᠡᠷᠪᠡ ᠲᠠ ᠴᠢᠳᠠᠳᠠᠭ ᠪᠣᠯ ᠪᠢᠳᠡᠨ ᠢ ᠥᠷᠥᠪᠳᠥᠵᠦ ᠲᠤᠰᠠᠯᠠᠭᠠᠴᠢ》 ᠭᠡᠪᠡ᠃ 23 ᠢᠰᠦ᠋ᠰ ᠲᠡᠭᠦᠨ ᠳᠦ᠄ 《ᠬᠡᠷᠪᠡ ᠲᠠ ᠴᠢᠳᠠᠳᠠᠭ ᠪᠣᠯ ᠭᠡᠨ᠎ᠡ ᠤᠤ︖ ᠢᠲᠡᠭᠡᠭᠴᠢ ᠳᠤ ᠪᠦᠬᠦ ᠶᠠᠭᠤᠮ᠎ᠠ ᠪᠣᠯᠣᠮᠵᠢ ᠲᠠᠢ》 ᠭᠡᠵᠦ ᠬᠡᠯᠡᠩᠭᠦᠲᠡ ᠨᠢ 24 ᠥᠨᠥᠬᠢ ᠬᠡᠦᠬᠡᠳ ᠦᠨ ᠠᠪᠤ ᠴᠢᠩᠭ᠍᠎ᠠ ᠳᠠᠭᠤ ᠪᠠᠷ᠄ 《ᠪᠢ ᠢᠲᠡᠭᠡᠵᠦ ᠪᠠᠢᠨ᠎ᠠ᠂ ᠢᠲᠡᠭᠡᠯ ᠦᠭᠡᠢ ᠳᠦ ᠮᠢᠨᠢ ᠲᠤᠰᠠᠯᠠᠭᠠᠴᠢ》 ᠭᠡᠪᠡ᠃ 25 ᠢᠰᠦ᠋ᠰ ᠣᠯᠠᠨ ᠬᠥᠮᠦᠨ ᠦ ᠭᠦᠶᠦᠯᠳᠦᠨ ᠢᠷᠡᠬᠦ ᠶᠢ ᠬᠠᠷᠠᠭᠠᠳ ᠪᠤᠵᠠᠷ ᠴᠢᠳᠬᠥᠷ ᠢ ᠵᠢᠮᠡᠯᠡᠨ᠄ 《ᠬᠡᠯᠡ ᠦᠭᠡᠢ ᠳᠦᠯᠡᠢ ᠴᠢᠳᠬᠥᠷ︕ ᠪᠢ ᠴᠢᠮ᠎ᠠ ᠳᠤ ᠵᠠᠷᠯᠢᠭᠳᠠᠵᠤ ᠪᠠᠢᠨ᠎ᠠ᠃ ᠲᠡᠭᠦᠨ ᠡᠴᠡ ᠭᠠᠷ᠂ ᠳᠠᠬᠢᠵᠤ ᠲᠡᠭᠦᠨ ᠳᠦ ᠪᠦᠦ ᠣᠷᠣᠰᠢ︕》 ᠭᠡᠪᠡ᠃ 26 ᠴᠢᠳᠬᠥᠷ ᠬᠠᠰᠬᠢᠷᠴᠤ᠂ ᠬᠦᠦ ᠶᠢ ᠶᠡᠬᠡᠳᠡ ᠲᠠᠲᠠᠪᠠᠯᠵᠠᠭᠤᠯᠤᠨ ᠲᠡᠭᠦᠨ ᠡᠴᠡ ᠭᠠᠷᠪᠠ᠃ ᠬᠦᠦ ᠦᠬᠦᠭᠰᠡᠨ ᠮᠡᠲᠦ ᠪᠣᠯᠣᠭᠰᠠᠨ ᠳᠤ᠂ ᠣᠯᠠᠨ ᠬᠥᠮᠦᠨ᠄ 《ᠲᠡᠷᠡ ᠨᠠᠰᠤ ᠪᠠᠷᠠᠴᠢᠬᠠᠵᠠᠢ》 ᠭᠡᠵᠡᠭᠡᠪᠡ᠃ 27 ᠢᠰᠦ᠋ᠰ ᠭᠠᠷ ᠠᠴᠠ ᠨᠢ ᠪᠠᠷᠢᠵᠤ ᠥᠨᠳᠡᠢᠯᠭᠡᠬᠦ ᠳᠦ᠂ ᠬᠦᠦ ᠪᠣᠰᠪᠠ᠃ 28 ᠢᠰᠦ᠋ᠰ ᠭᠡᠷ ᠲᠦ ᠣᠷᠣᠭᠰᠠᠨ ᠤ ᠳᠠᠷᠠᠭ᠎ᠠ᠂ ᠱᠠᠪᠢ ᠨᠠᠷ ᠨᠢ ᠲᠡᠭᠦᠨ ᠡᠴᠡ᠄ 《ᠪᠢᠳᠡ ᠶᠠᠭᠠᠬᠢᠭᠠᠳ ᠬᠥᠭᠡᠭᠡᠵᠦ ᠴᠢᠳᠠᠭᠰᠠᠨ ᠦᠭᠡᠢ ᠪᠤᠢ︖》 ᠭᠡᠵᠦ ᠠᠮᠢᠨᠴᠢᠯᠠᠨ ᠠᠰᠠᠭᠤᠬᠤ ᠳᠤ᠂ 29 ᠢᠰᠦ᠋ᠰ᠄ 《ᠡᠢᠮᠦ ᠲᠥᠷᠥᠯ ᠢ ᠳᠠᠭᠠᠳᠬᠠᠬᠤ ᠠᠴᠠ ᠥᠭᠡᠷ᠎ᠡ ᠠᠷᠭ᠎ᠠ ᠪᠠᠷ ᠬᠥᠭᠡᠭᠡᠵᠦ ᠴᠢᠳᠠᠬᠤ ᠦᠭᠡᠢ》 ᠭᠡᠪᠡ᠃
 ᠠᠯᠠᠭᠳᠠᠵᠤ ᠠᠮᠢᠯᠠᠬᠤ ᠲᠤᠬᠠᠢ ᠪᠠᠨ (2)

30 ᠲᠡᠳᠡ ᠲᠡᠨᠳᠡ ᠡᠴᠡ ᠶᠠᠪᠤᠵᠤ ᠭᠠᠯᠢᠯᠠᠶ᠎ᠠ ᠪᠠᠷ ᠥᠩᠭᠡᠷᠡᠪᠡ᠂ ᠢᠰᠦ᠋ᠰ ᠬᠡᠨ ᠳᠦ ᠴᠤ ᠮᠡᠳᠡᠭᠳᠡᠬᠦ ᠶᠢ ᠬᠦᠰᠡᠭᠰᠡᠨ ᠦᠭᠡᠢ᠃ 31 ᠤᠴᠢᠷ ᠨᠢ᠂ ᠢᠰᠦ᠋ᠰ ᠱᠠᠪᠢ ᠨᠠᠷ ᠢᠶᠠᠨ ᠰᠤᠷᠭᠠᠵᠤ ᠪᠠᠢᠯ᠎ᠠ᠃ ᠲᠡᠷᠡ᠄ 《ᠬᠥᠮᠦᠨ ᠦ ᠬᠦᠦ ᠬᠥᠮᠦᠰ ᠦᠨ ᠭᠠᠷ ᠲᠤ ᠲᠤᠰᠢᠶᠠᠭᠳᠠᠨ᠎ᠠ᠂ ᠲᠡᠳᠡ ᠲᠡᠭᠦᠨ ᠢ ᠠᠯᠠᠬᠤ ᠪᠥᠭᠡᠳ ᠲᠡᠷᠡ ᠪᠡᠷ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠪᠣᠯᠣᠨ᠎ᠠ》 ᠭᠡᠵᠦ ᠶᠠᠷᠢᠭᠰᠠᠨ ᠪᠣᠯᠪᠠᠴᠤ 32 ᠱᠠᠪᠢ ᠨᠠᠷ ᠨᠢ ᠡᠨᠡ ᠦᠭᠡ ᠶᠢ ᠣᠢᠯᠠᠭᠠᠭᠰᠠᠨ ᠦᠭᠡᠢ ᠪᠥᠭᠡᠳ ᠠᠰᠠᠭᠤᠬᠤ ᠠᠴᠠ ᠪᠠᠨ ᠴᠤ ᠠᠶᠤᠵᠤ ᠪᠠᠢᠯ᠎ᠠ᠃

33 ᠲᠡᠳᠡ ᠺᠠᠹᠠᠷᠨᠠᠦ᠋ᠮ ᠳᠤ ᠬᠦᠷᠪᠡ᠃ ᠢᠰᠦ᠋ᠰ ᠨᠥᠭᠥᠭᠡ ᠭᠡᠷ ᠲᠦ ᠣᠷᠣᠭᠰᠠᠨ ᠤ ᠳᠠᠷᠠᠭ᠎ᠠ᠄ 《ᠲᠠ ᠨᠠᠷ ᠵᠠᠮ ᠳᠠᠭᠠᠨ ᠶᠠᠭᠤᠨ ᠤ ᠲᠤᠬᠠᠢ ᠮᠠᠷᠭᠤᠯᠳᠤᠭᠠᠳ ᠪᠠᠢᠪᠠ︖》 ᠭᠡᠵᠦ ᠠᠰᠠᠭᠤᠭᠰᠠᠨ ᠳᠤ᠂ 34 ᠱᠠᠪᠢ ᠨᠠᠷ ᠨᠢ ᠳᠠᠭᠤ ᠦᠭᠡᠢ ᠪᠠᠢᠯ᠎ᠠ᠃ ᠤᠤᠯ ᠨᠢ ᠲᠡᠳᠡ ᠵᠠᠮ ᠳᠠᠭᠠᠨ ᠬᠡᠨ ᠨᠢ ᠬᠠᠮᠤᠭ ᠤᠨ ᠠᠭᠤᠤ ᠪᠣᠯᠬᠤ ᠲᠤᠬᠠᠢ ᠬᠣᠭᠣᠷᠣᠨᠳᠣ ᠪᠠᠨ ᠮᠠᠷᠭᠤᠯᠳᠤᠭᠰᠠᠨ ᠠᠵᠢ᠃ 35 ᠢᠰᠦ᠋ᠰ ᠰᠠᠭᠤᠭᠠᠳ ᠠᠷᠪᠠᠨ ᠬᠣᠶᠠᠷ ᠱᠠᠪᠢ ᠪᠠᠨ ᠳᠠᠭᠤᠳᠠᠵᠤ᠄ 《ᠬᠡᠷᠪᠡ ᠬᠡᠨ ᠲᠡᠷᠢᠭᠦᠨ ᠪᠣᠯᠬᠤ ᠶᠢ ᠬᠦᠰᠡᠪᠡᠯ ᠲᠡᠷᠡ ᠬᠥᠮᠦᠨ ᠪᠦᠭᠦᠳᠡ ᠶᠢᠨ ᠠᠳᠠᠭ᠂ ᠪᠦᠭᠦᠳᠡ ᠶᠢᠨ ᠦᠢᠯᠡᠴᠢᠯᠡᠭᠴᠢ ᠪᠣᠯᠣᠭ》 ᠭᠡᠳ 36 ᠨᠢᠭᠡᠨ ᠬᠡᠦᠬᠡᠳ ᠢ ᠠᠪᠴᠢᠷᠠᠵᠤ ᠲᠡᠳᠡᠨ ᠦ ᠳᠤᠮᠳᠠ ᠵᠣᠭᠰᠣᠭᠠᠪᠠ᠃ ᠢᠰᠦ᠋ᠰ ᠲᠡᠭᠦᠨ ᠢ ᠲᠡᠪᠡᠷᠢᠵᠦ ᠱᠠᠪᠢ ᠨᠠᠷ ᠲᠠᠭᠠᠨ᠄ 37 《ᠬᠡᠨ ᠮᠢᠨᠦ ᠨᠡᠷ᠎ᠡ ᠪᠡᠷ ᠡᠢᠮᠦ ᠬᠡᠦᠬᠡᠳ ᠤᠳ ᠤᠨ ᠨᠢᠭᠡ ᠶᠢ ᠬᠦᠯᠢᠶᠡᠨ ᠠᠪᠤᠪᠠᠯ ᠨᠠᠮᠠᠶᠢ ᠬᠦᠯᠢᠶᠡᠨ ᠠᠪᠤᠨ᠎ᠠ᠂ ᠬᠡᠨ ᠨᠠᠮᠠᠶᠢ ᠬᠦᠯᠢᠶᠡᠨ ᠠᠪᠤᠪᠠᠯ ᠲᠡᠷᠡ ᠨᠠᠮᠠᠶᠢ ᠬᠦᠯᠢᠶᠡᠨ ᠠᠪᠬᠤ ᠪᠤᠰᠤ᠂ ᠬᠠᠷᠢᠨ ᠨᠠᠮᠠᠶᠢ ᠢᠯᠡᠭᠡᠭᠴᠢ ᠶᠢ ᠬᠦᠯᠢᠶᠡᠨ ᠠᠪᠤᠨ᠎ᠠ》 ᠭᠡᠪᠡ᠃
 ᠴᠢᠩᠭ᠍᠎ᠠ ᠰᠠᠨᠠᠭᠤᠯᠭ᠎ᠠ

38 ᠶᠣᠬᠠᠨ᠄ 《ᠪᠠᠭᠰᠢ ᠡ᠂ ᠲᠠᠨ ᠤ ᠨᠡᠷ᠎ᠡ ᠪᠡᠷ ᠴᠢᠳᠬᠥᠷ ᠬᠥᠭᠡᠭᠡᠵᠦ ᠪᠠᠢᠭᠰᠠᠨ ᠬᠥᠮᠦᠨ ᠢ ᠪᠢᠳᠡ ᠬᠠᠷᠠᠯ᠎ᠠ᠂ ᠬᠠᠷᠢᠨ ᠲᠡᠷᠡ ᠪᠢᠳᠡᠨ ᠢ ᠳᠠᠭᠠᠳᠠᠭ ᠦᠭᠡᠢ ᠲᠤᠯᠠ ᠪᠢᠳᠡ ᠬᠣᠷᠢᠭᠯᠠᠭᠰᠠᠨ》 ᠭᠡᠰᠡᠨ ᠳᠦ᠂ 39 ᠢᠰᠦ᠋ᠰ᠄ 《ᠲᠡᠭᠦᠨ ᠢ ᠪᠦᠦ ᠬᠣᠷᠢᠭᠯᠠ᠃ ᠮᠢᠨᠦ ᠨᠡᠷ᠎ᠡ ᠪᠡᠷ ᠬᠦᠴᠦᠲᠦ ᠦᠢᠯᠡᠰ ᠦᠢᠯᠡᠳᠦᠭᠡᠳ ᠲᠡᠷᠡ ᠳᠣᠣᠷ᠎ᠠ ᠪᠠᠨ ᠨᠠᠮᠠᠶᠢ ᠮᠠᠭᠤᠯᠠᠬᠤ ᠬᠥᠮᠦᠨ ᠭᠡᠵᠦ ᠪᠠᠢᠬᠤ ᠦᠭᠡᠢ ᠶᠤᠮ᠃ 40 ᠪᠢᠳᠡᠨ ᠢ ᠦᠯᠦ ᠡᠰᠡᠷᠭᠦᠴᠡᠭᠴᠢ ᠨᠢ ᠪᠢᠳᠡᠨ ᠦ ᠲᠠᠯ᠎ᠠ ᠳᠤ ᠪᠠᠢᠨ᠎ᠠ᠃ 41 ᠲᠠ ᠨᠠᠷ ᠲᠤ ᠪᠠᠲᠤᠲᠠᠢ ᠬᠡᠯᠡᠶ᠎ᠡ᠃ ᠲᠠ ᠨᠠᠷ ᠢ ᠾᠷᠢᠰᠲ᠋ᠣᠰᠲᠠᠨ ᠭᠡᠵᠦ ᠮᠢᠨᠦ ᠨᠡᠷ᠎ᠡ ᠪᠡᠷ ᠠᠶᠠᠭ᠎ᠠ ᠤᠰᠤ ᠥᠭᠴᠦ ᠤᠤᠭᠤᠯᠭᠠᠭᠴᠢ ᠨᠢ ᠱᠠᠩᠨᠠᠯ ᠢᠶᠠᠨ ᠯᠠᠪ ᠠᠯᠳᠠᠬᠤ ᠦᠭᠡᠢ᠃

42 ᠨᠠᠳᠠ ᠳᠤ ᠢᠲᠡᠭᠡᠳᠡᠭ ᠡᠳᠡᠭᠡᠷ ᠵᠢᠭᠠᠯ ᠤᠳ ᠤᠨ ᠨᠢᠭᠡᠨ ᠢ ᠪᠦᠳᠦᠷᠢᠭᠦᠯᠬᠦ ᠡᠴᠡ ᠲᠡᠭᠡᠷᠮ᠎ᠡ ᠶᠢᠨ ᠴᠢᠯᠠᠭᠤ ᠶᠢ ᠬᠦᠵᠦᠭᠦᠨ ᠳᠡᠭᠡᠨ ᠳᠡᠭᠦᠵᠢᠯᠡᠵᠦ ᠳᠠᠯᠠᠢ ᠳᠤ ᠬᠠᠶᠠᠭᠳᠠᠬᠤ ᠨᠢ ᠳᠡᠭᠡᠷ᠎ᠡ᠃ 43 ᠭᠠᠷ ᠴᠢᠨᠢ ᠴᠢᠮᠠᠶᠢ ᠪᠦᠳᠦᠷᠢᠭᠦᠯᠪᠡᠯ ᠭᠠᠷ ᠢᠶᠠᠨ ᠲᠠᠰᠤᠳᠠᠵᠤ ᠬᠠᠶᠠ᠃ ᠬᠣᠶᠠᠷ ᠭᠠᠷ ᠲᠠᠢ ᠪᠠᠷ ᠲᠠᠮᠤ ᠶᠢᠨ ᠤᠨᠲᠠᠷᠠᠰᠢ ᠦᠭᠡᠢ ᠭᠠᠯ ᠳᠤ ᠤᠨᠠᠬᠤ ᠠᠴᠠ ᠵᠡᠮᠳᠡᠭ ᠢᠶᠡᠷ ᠮᠥᠩᠬᠡ ᠠᠮᠢ ᠳᠤ ᠣᠷᠣᠬᠤ ᠨᠢ ᠳᠡᠭᠡᠷ᠎ᠡ᠃ 44 7 45 ᠬᠥᠯ ᠴᠢᠨᠢ ᠴᠢᠮᠠᠶᠢ ᠪᠦᠳᠦᠷᠢᠭᠦᠯᠪᠡᠯ ᠬᠥᠯ ᠢᠶᠡᠨ ᠲᠠᠰᠤᠳᠠᠵᠤ ᠬᠠᠶᠠ᠃ ᠬᠣᠶᠠᠷ ᠬᠥᠯ ᠲᠡᠢ ᠪᠠᠷ ᠲᠠᠮᠤ ᠳᠤ ᠬᠠᠶᠠᠭᠳᠠᠬᠤ ᠠᠴᠠ ᠳᠣᠭᠣᠯᠠᠩ ᠢᠶᠠᠷ ᠮᠥᠩᠬᠡ ᠠᠮᠢ ᠳᠤ ᠣᠷᠣᠬᠤ ᠨᠢ ᠳᠡᠭᠡᠷ᠎ᠡ᠃

46 8 47 ᠨᠢᠳᠦ ᠴᠢᠨᠢ ᠴᠢᠮᠠᠶᠢ ᠪᠦᠳᠦᠷᠢᠭᠦᠯᠪᠡᠯ ᠨᠢᠳᠦ ᠪᠡᠨ ᠤᠬᠤᠵᠤ ᠬᠠᠶᠠ᠃ ᠬᠣᠶᠠᠷ ᠨᠢᠳᠦ ᠲᠠᠢ ᠪᠠᠷ ᠲᠠᠮᠤ ᠳᠤ ᠬᠠᠶᠠᠭᠳᠠᠬᠤ ᠠᠴᠠ ᠥᠷᠥᠭᠡᠰᠦᠨ ᠨᠢᠳᠦ ᠲᠠᠢ ᠪᠠᠷ ᠪᠤᠷᠬᠠᠨ ᠤ ᠬᠠᠭᠠᠨᠴᠢᠯᠠᠯ ᠳᠤ ᠣᠷᠣᠬᠤ ᠨᠢ ᠳᠡᠭᠡᠷ᠎ᠡ᠃ 48 ᠲᠡᠨᠳᠡ ᠥᠲᠥ ᠬᠣᠷᠣᠬᠠᠢ ᠨᠢ ᠦᠬᠦᠬᠦ ᠦᠭᠡᠢ᠂ ᠭᠠᠯ ᠨᠢ ᠤᠨᠲᠠᠷᠠᠬᠤ ᠦᠭᠡᠢ ᠪᠠᠢᠳᠠᠭ᠃

49 ᠬᠥᠮᠦᠨ ᠪᠣᠯᠭᠠᠨ ᠭᠠᠯ ᠢᠶᠠᠷ ᠳᠠᠪᠤᠰᠤᠯᠠᠭᠳᠠᠨ᠎ᠠ 9 50 ᠳᠠᠪᠤᠰᠤ ᠪᠣᠯ ᠰᠠᠢᠨ᠃ ᠭᠡᠪᠡᠴᠦ ᠳᠠᠪᠤᠰᠤ ᠠᠮᠲᠠ ᠪᠠᠨ ᠠᠯᠳᠠᠪᠠᠯ ᠲᠠ ᠨᠠᠷ ᠲᠡᠭᠦᠨ ᠢ ᠳᠠᠬᠢᠵᠤ ᠶᠠᠭᠤ ᠪᠠᠷ ᠳᠠᠪᠤᠰᠤᠯᠢᠭ ᠪᠣᠯᠭᠠᠬᠤ ᠪᠢᠯᠡ︖ ᠲᠠ ᠨᠠᠷ ᠳᠣᠲᠣᠷ᠎ᠠ ᠪᠠᠨ ᠳᠠᠪᠤᠰᠤ ᠲᠠᠢ᠂ ᠬᠣᠭᠣᠷᠣᠨᠳᠣ ᠪᠠᠨ ᠡᠪ ᠲᠡᠢ ᠪᠠᠢᠭᠲᠤᠨ》 ᠭᠡᠪᠡ᠃