1 2 3 4 5 6 7 8 9 10 11 12 13 14 15 16


ᠮᠠᠷᠺ ᠬᠣᠶᠠᠷ
 ᠰᠠ ᠡᠪᠡᠳᠴᠢᠲᠡᠨ ᠢ ᠡᠳᠡᠭᠡᠭᠡᠭᠰᠡᠨ ᠨᠢ

1 ᠬᠡᠳᠦ ᠬᠣᠨᠣᠭ ᠤᠨ ᠳᠠᠷᠠᠭ᠎ᠠ᠂ ᠢᠰᠦ᠋ᠰ ᠺᠠᠹᠠᠷᠨᠠᠦ᠋ᠮ ᠳᠤ ᠪᠤᠴᠠᠨ ᠢᠷᠡᠵᠦ ᠨᠢᠭᠡᠨ ᠭᠡᠷ ᠲᠦ ᠪᠠᠢᠭ᠎ᠠ ᠶᠢ ᠨᠢ ᠬᠥᠮᠦᠰ ᠲᠤᠭᠤᠯᠪᠠ᠃ 2 ᠣᠯᠠᠨ ᠬᠥᠮᠦᠨ ᠴᠤᠭᠯᠠᠷᠠᠭᠠᠳ ᠡᠭᠦᠳᠡᠨ ᠳᠦᠨᠢ ᠴᠤ ᠵᠠᠢ ᠦᠭᠡᠢ ᠪᠣᠯᠣᠭᠰᠠᠨ ᠪᠠᠢᠪᠠ᠃ ᠢᠰᠦ᠋ᠰ ᠲᠡᠳᠡᠨ ᠳᠦ ᠦᠭᠡ ᠶᠠᠷᠢᠵᠤ ᠪᠠᠢᠬᠤ ᠳᠤ᠂ 3 ᠬᠥᠮᠦᠰ ᠳᠥᠷᠪᠡᠨ ᠬᠥᠮᠦᠨ ᠢᠶᠡᠷ ᠨᠢᠭᠡᠨ ᠰᠠ ᠡᠪᠡᠳᠴᠢᠲᠡᠨ ᠢ ᠳᠠᠮᠨᠠᠭᠤᠯᠤᠨ ᠠᠪᠴᠢᠷᠠᠵᠠᠢ᠃ 4 ᠬᠠᠷᠢᠨ ᠬᠥᠮᠦᠨ ᠣᠯᠠᠨ᠂ ᠢᠰᠦ᠋ᠰ ᠲᠤ ᠬᠦᠷᠬᠦ ᠪᠣᠯᠣᠮᠵᠢ ᠦᠭᠡᠢ ᠲᠤᠯᠠ ᠲᠡᠳᠡ ᠢᠰᠦ᠋ᠰ ᠤᠨ ᠳᠡᠭᠡᠷ᠎ᠡ ᠡᠴᠡ ᠳᠡᠭᠡᠪᠦᠷ ᠢ ᠬᠠᠭᠤᠯᠵᠤ ᠴᠤᠭᠤᠯᠤᠭᠠᠳ ᠰᠠ ᠡᠪᠡᠳᠴᠢᠲᠡᠨ ᠢ ᠳᠡᠪᠢᠰᠬᠡᠷ ᠲᠡᠢ ᠨᠢ ᠳᠣᠷᠣᠭᠰᠢ ᠪᠠᠭᠤᠯᠭᠠᠵᠠᠢ᠃ 5 ᠢᠰᠦ᠋ᠰ ᠲᠡᠳᠡᠨ ᠦ ᠢᠲᠡᠭᠡᠯ ᠢ ᠬᠠᠷᠠᠭᠠᠳ ᠰᠠ ᠡᠪᠡᠳᠴᠢᠲᠡᠨ ᠳᠦ᠄ 《ᠬᠦᠦ ᠮᠢᠨᠢ᠂ ᠭᠡᠮ ᠨᠢᠭᠦᠯ ᠴᠢᠨᠢ ᠠᠭᠤᠴᠢᠯᠠᠭᠲᠠᠯ᠎ᠠ》 ᠭᠡᠪᠡ᠃ 6 ᠬᠠᠷᠢᠨ ᠲᠡᠨᠳᠡ ᠪᠢᠴᠢᠭᠲᠡᠳ ᠦᠨ ᠵᠠᠷᠢᠮ ᠨᠢ ᠰᠠᠭᠤᠵᠤ ᠪᠠᠢᠪᠠ᠃ ᠲᠡᠳᠡ ᠰᠡᠳᠬᠢᠯ ᠳᠣᠲᠣᠷ᠎ᠠ ᠪᠠᠨ 7 《ᠡᠨᠡ ᠬᠥᠮᠦᠨ ᠶᠠᠭᠠᠬᠢᠭᠠᠳ ᠢᠩᠭᠢᠵᠦ ᠶᠠᠷᠢᠨ᠎ᠠ ᠪᠤᠢ︖ ᠪᠤᠷᠬᠠᠨ ᠢ ᠳᠣᠷᠣᠮᠵᠢᠯᠠᠵᠤ ᠪᠠᠢᠨ᠎ᠠ᠃ ᠭᠠᠭᠴᠠ ᠬᠦ ᠪᠤᠷᠬᠠᠨ ᠠᠴᠠ ᠥᠭᠡᠷ᠎ᠡ ᠬᠡᠨ ᠭᠡᠮ ᠨᠢᠭᠦᠯ ᠢ ᠠᠭᠤᠴᠢᠯᠠᠵᠤ ᠴᠢᠳᠠᠬᠤ ᠪᠢᠯᠡ︖》 ᠭᠡᠵᠦ ᠪᠣᠳᠣᠲᠠᠯ᠎ᠠ᠂ 8 ᠲᠡᠷᠡ ᠳᠠᠷᠤᠢ ᠢᠰᠦ᠋ᠰ ᠰᠦᠨᠡᠰᠦ ᠪᠡᠷ ᠢᠶᠠᠨ ᠲᠡᠳᠡᠨ ᠦ ᠪᠣᠳᠣᠯ ᠢ ᠮᠡᠳᠡᠭᠡᠳ᠄ 《ᠲᠠ ᠨᠠᠷ ᠶᠠᠭᠠᠬᠢᠭᠠᠳ ᠳᠣᠲᠣᠷ᠎ᠠ ᠪᠠᠨ ᠲᠡᠭᠡᠵᠦ ᠪᠣᠳᠣᠵᠤ ᠪᠠᠢᠨ᠎ᠠ ᠪᠤᠢ︖ 9 ᠰᠠ ᠡᠪᠡᠳᠴᠢᠲᠡᠨ ᠳᠦ 〈ᠭᠡᠮ ᠨᠢᠭᠦᠯ ᠴᠢᠨᠢ ᠠᠭᠤᠴᠢᠯᠠᠭᠲᠠᠯ᠎ᠠ〉 ᠭᠡᠬᠦ᠂ ᠡᠰᠡᠪᠡᠯ 〈ᠪᠣᠰ︕ ᠳᠡᠪᠢᠰᠬᠡᠷ ᠢᠶᠡᠨ ᠠᠪᠤᠭᠠᠳ ᠠᠯᠬᠤ〉 ᠭᠡᠬᠦ ᠶᠢᠨ ᠠᠯᠢ ᠨᠢ ᠠᠮᠠᠷᠬᠠᠨ ᠪᠤᠢ︖ 10 ᠬᠠᠷᠢᠨ ᠬᠥᠮᠦᠨ ᠦ ᠬᠦᠦ ᠭᠠᠵᠠᠷ ᠳᠡᠭᠡᠷ᠎ᠡ ᠭᠡᠮ ᠨᠢᠭᠦᠯ ᠢ ᠠᠭᠤᠴᠢᠯᠠᠬᠤ ᠡᠷᠬᠡ ᠮᠡᠳᠡᠯ ᠲᠡᠢ ᠶᠢ ᠲᠠ ᠨᠠᠷ ᠲᠤ ᠮᠡᠳᠡᠭᠦᠯᠬᠦ ᠶᠢᠨ ᠲᠤᠯᠠᠳᠠ᠁》 ᠭᠡᠳ ᠰᠠ ᠡᠪᠡᠳᠴᠢᠲᠡᠨ ᠳᠦ᠄ 11 《ᠴᠢᠮ᠎ᠠ ᠳᠤ ᠬᠡᠯᠡᠶ᠎ᠡ᠂ ᠪᠣᠰ︕ ᠳᠡᠪᠢᠰᠬᠡᠷ ᠢᠶᠡᠨ ᠠᠪᠤᠭᠠᠳ ᠭᠡᠷ ᠲᠡᠭᠡᠨ ᠬᠠᠷᠢ》 ᠭᠡᠵᠦ ᠬᠡᠯᠡᠭᠰᠡᠨ ᠳᠦ᠂ 12 ᠲᠡᠷᠡ ᠬᠥᠮᠦᠨ ᠪᠣᠰᠴᠤ᠂ ᠳᠠᠷᠤᠢᠬᠠᠨ ᠳᠡᠪᠢᠰᠬᠡᠷ ᠢᠶᠡᠨ ᠠᠪᠤᠭᠠᠳ ᠪᠦᠬᠦ ᠬᠥᠮᠦᠨ ᠦ ᠡᠮᠦᠨᠡᠭᠦᠷ ᠭᠠᠷᠴᠤ ᠶᠠᠪᠤᠯ᠎ᠠ᠃ ᠪᠦᠬᠦ ᠬᠥᠮᠦᠨ ᠮᠡᠯ ᠭᠠᠢᠬᠠᠨ ᠪᠤᠷᠬᠠᠨ ᠢ ᠠᠯᠳᠠᠷᠰᠢᠭᠤᠯᠵᠤ᠄ 《ᠪᠢᠳᠡ ᠡᠢᠮᠦ ᠶᠠᠪᠤᠳᠠᠯ ᠢ ᠶᠡᠷᠦ ᠦᠵᠡᠭᠰᠡᠨ ᠦᠭᠡᠢ》 ᠭᠡᠯᠴᠡᠪᠡ᠃
 ᠯᠧᠸᠢ ᠶᠢ ᠳᠠᠭᠤᠳᠠᠭᠰᠠᠨ ᠨᠢ

13 ᠢᠰᠦ᠋ᠰ ᠨᠠᠭᠤᠷ ᠤᠨ ᠬᠥᠪᠡᠭᠡᠨ ᠳᠦ ᠳᠠᠬᠢᠭᠠᠳ ᠣᠴᠢᠪᠠ᠃ ᠣᠯᠠᠨ ᠬᠥᠮᠦᠨ ᠲᠡᠭᠦᠨ ᠦ ᠳᠡᠷᠭᠡᠳᠡ ᠴᠤᠭᠯᠠᠷᠠᠵᠤ ᠪᠠᠢᠬᠤ ᠳᠤ᠂ ᠲᠡᠷᠡ ᠰᠤᠷᠭᠠᠵᠤ ᠡᠬᠢᠯᠡᠪᠡ᠃ 14 ᠢᠰᠦ᠋ᠰ ᠴᠠᠰᠢ ᠪᠠᠨ ᠶᠠᠪᠤᠬᠤ ᠳᠠᠭᠠᠨ ᠠᠯᠹᠠᠢ ᠶᠢᠨ ᠬᠦᠦ ᠯᠧᠸᠢ ᠶᠢᠨ ᠭᠠᠢᠯᠢ ᠶᠢᠨ ᠭᠠᠵᠠᠷ ᠲᠤ ᠰᠠᠭᠤᠭ᠎ᠠ ᠶᠢ ᠬᠠᠷᠠᠭᠠᠳ ᠲᠡᠭᠦᠨ ᠳᠦ᠄ 《ᠨᠠᠮᠠᠶᠢ ᠳᠠᠭ᠎ᠠ》 ᠭᠡᠬᠦ ᠳᠦ᠂ ᠲᠡᠷᠡ ᠪᠣᠰᠴᠤ ᠳᠠᠭᠠᠯ᠎ᠠ᠃

15 ᠢᠰᠦ᠋ᠰ ᠯᠧᠸᠢ ᠶᠢᠨ ᠭᠡᠷ ᠲᠦ ᠬᠣᠭᠣᠯᠠᠯᠠᠵᠤ ᠪᠠᠢᠪᠠ᠃ ᠲᠡᠭᠡᠬᠦ ᠳᠦ ᠣᠯᠠᠨ ᠭᠠᠢᠯᠢᠴᠢᠨ ᠪᠠ 《ᠨᠢᠭᠦᠯᠲᠡᠨ》 ᠴᠤ ᠢᠰᠦ᠋ᠰ ᠪᠣᠯᠣᠨ ᠱᠠᠪᠢ ᠨᠠᠷ ᠤᠨ ᠬᠢᠨᠢ ᠬᠠᠮᠲᠤ ᠰᠠᠭᠤᠨ ᠢᠳᠡᠵᠦ ᠪᠠᠢᠯ᠎ᠠ᠃ ᠲᠡᠳᠡ ᠣᠯᠠᠭᠤᠯᠠ ᠪᠠᠨ ᠢᠰᠦ᠋ᠰ ᠢ ᠳᠠᠭᠠᠵᠤ ᠪᠠᠢᠭᠰᠠᠨ ᠠᠵᠢ᠃ 16 ᠹᠠᠷᠢᠰᠠᠢᠴᠤᠳ ᠤᠨ ᠪᠢᠴᠢᠭᠲᠡᠳ ᠢᠰᠦ᠋ᠰ ᠤᠨ 《ᠨᠢᠭᠦᠯᠲᠡᠳ》 ᠪᠣᠯᠣᠨ ᠭᠠᠢᠯᠢᠴᠢᠳ ᠲᠠᠢ ᠬᠠᠮᠲᠤ ᠬᠣᠭᠣᠯᠠᠯᠠᠵᠤ ᠪᠠᠢᠬᠤ ᠶᠢ ᠬᠠᠷᠠᠭᠠᠳ ᠱᠠᠪᠢ ᠨᠠᠷ ᠲᠤᠨᠢ᠄ 《ᠲᠡᠷᠡ ᠶᠠᠭᠠᠬᠢᠭᠠᠳ ᠭᠠᠢᠯᠢᠴᠢᠳ ᠪᠣᠯᠣᠨ 〈ᠨᠢᠭᠦᠯᠲᠡᠳ〉 ᠲᠠᠢ ᠬᠠᠮᠲᠤ ᠢᠳᠡᠵᠦ ᠪᠠᠢᠳᠠᠭ ᠪᠤᠢ︖》 ᠭᠡᠬᠦ ᠳᠦ᠂ 17 ᠢᠰᠦ᠋ᠰ ᠡᠭᠦᠨ ᠢ ᠰᠣᠨᠣᠰᠣᠭᠠᠳ ᠲᠡᠳᠡᠨ ᠳᠦ᠄ 《ᠡᠷᠡᠭᠦᠯ ᠬᠥᠮᠦᠨ ᠳᠦ ᠡᠮᠴᠢ ᠬᠡᠷᠡᠭ ᠦᠭᠡᠢ᠂ ᠡᠪᠡᠳᠴᠢᠨ ᠲᠡᠢ ᠬᠥᠮᠦᠨ ᠳᠦ ᠬᠡᠷᠡᠭ ᠲᠡᠢ᠃ ᠪᠢ ᠵᠥᠪᠲᠡᠨ ᠢ ᠪᠤᠰᠤ᠂ ᠬᠠᠷᠢᠨ ᠨᠢᠭᠦᠯᠲᠡᠨ ᠢ ᠳᠠᠭᠤᠳᠠᠬᠤ ᠪᠠᠷ ᠢᠷᠡᠭᠰᠡᠨ ᠶᠤᠮ》 ᠭᠡᠯ᠎ᠡ᠃

18 ᠶᠣᠬᠠᠨ ᠤ ᠱᠠᠪᠢ ᠨᠠᠷ ᠪᠣᠯᠣᠨ ᠹᠠᠷᠢᠰᠠᠢᠴᠤᠳ ᠪᠠᠴᠠᠭ ᠪᠠᠷᠢᠵᠤ ᠪᠠᠢᠬᠤ ᠳᠤ᠂ ᠬᠥᠮᠦᠰ ᠢᠰᠦ᠋ᠰ ᠲᠤ ᠢᠷᠡᠵᠦ᠄ 《ᠶᠣᠬᠠᠨ ᠤ ᠱᠠᠪᠢ ᠨᠠᠷ ᠪᠣᠯᠣᠨ ᠹᠠᠷᠢᠰᠠᠢᠴᠤᠳ ᠤᠨ ᠱᠠᠪᠢ ᠨᠠᠷ ᠪᠠᠴᠠᠭ ᠪᠠᠷᠢᠳᠠᠭ ᠪᠠᠢᠬᠤ ᠳᠤ᠂ ᠶᠠᠭᠠᠬᠢᠭᠠᠳ ᠲᠠᠨ ᠤ ᠱᠠᠪᠢ ᠨᠠᠷ ᠪᠠᠴᠠᠭ ᠪᠠᠷᠢᠳᠠᠭ ᠦᠭᠡᠢ ᠪᠤᠢ︖》 ᠭᠡᠪᠡ᠃ 19 ᠢᠰᠦ᠋ᠰ᠄ 《ᠬᠤᠷᠢᠮ ᠤᠨ ᠵᠣᠴᠢᠳ ᠰᠢᠨ᠎ᠡ ᠬᠦᠷᠭᠡᠨ ᠲᠡᠢ ᠬᠠᠮᠲᠤ ᠪᠠᠢᠬᠤ ᠳᠠᠭᠠᠨ ᠪᠠᠴᠠᠭ ᠪᠠᠷᠢᠵᠤ ᠪᠣᠯᠣᠨ᠎ᠠ ᠤᠤ︖ ᠲᠡᠳᠡ ᠰᠢᠨ᠎ᠡ ᠬᠦᠷᠭᠡᠨ ᠲᠡᠢ ᠬᠠᠮᠲᠤ ᠪᠠᠢᠬᠤ ᠵᠠᠭᠤᠷ᠎ᠠ ᠪᠠᠨ ᠪᠠᠴᠠᠭ ᠪᠠᠷᠢᠵᠤ ᠪᠣᠯᠬᠤ ᠦᠭᠡᠢ᠃ 20 ᠬᠠᠷᠢᠨ ᠰᠢᠨ᠎ᠡ ᠬᠦᠷᠭᠡᠨ ᠲᠡᠳᠡᠨ ᠡᠴᠡ ᠠᠪᠠᠴᠢᠭᠳᠠᠬᠤ ᠡᠳᠦᠷ ᠤᠳ ᠢᠷᠡᠨ᠎ᠡ᠂ ᠲᠡᠷᠡ ᠡᠳᠦᠷ ᠪᠠᠴᠠᠭ ᠪᠠᠷᠢᠨ᠎ᠠ᠃

21 ᠬᠡᠨ ᠴᠤ ᠬᠠᠭᠤᠴᠢᠨ ᠬᠤᠪᠴᠠᠰᠤ ᠶᠢ ᠰᠢᠨ᠎ᠡ ᠥᠭᠡᠳᠡᠰᠦ ᠪᠡᠷ ᠨᠥᠬᠥᠳᠡᠭ ᠦᠭᠡᠢ᠃ ᠲᠡᠭᠡᠪᠡᠯ ᠰᠢᠨ᠎ᠡ ᠨᠥᠬᠥᠭᠡᠰᠦ ᠨᠢ ᠠᠪᠴᠢᠵᠤ ᠬᠠᠭᠤᠴᠢᠨ ᠬᠤᠪᠴᠠᠰᠤ ᠶᠢ ᠪᠦᠷ ᠶᠡᠬᠡ ᠪᠡᠷ ᠤᠷᠠᠨ᠎ᠠ᠃ 22 ᠮᠥᠨ ᠬᠡᠨ ᠴᠤ ᠰᠢᠨ᠎ᠡ ᠦᠵᠦᠮ ᠦᠨ ᠳᠠᠷᠠᠰᠤ ᠶᠢ ᠬᠠᠭᠤᠴᠢᠨ ᠲᠤᠯᠤᠮ ᠳᠤ ᠬᠢᠳᠡᠭ ᠦᠭᠡᠢ᠃ ᠲᠡᠭᠡᠪᠡᠯ ᠳᠠᠷᠠᠰᠤ ᠲᠤᠯᠤᠮ ᠢ ᠬᠠᠭ᠎ᠠ ᠲᠠᠯᠪᠢᠵᠤ ᠳᠠᠷᠠᠰᠤ ᠴᠤ ᠦᠭᠡᠢ᠂ ᠲᠤᠯᠤᠮ ᠴᠤ ᠦᠭᠡᠢ ᠬᠣᠴᠣᠷᠣᠨ᠎ᠠ᠃ ᠬᠠᠷᠢᠨ ᠰᠢᠨ᠎ᠡ ᠳᠠᠷᠠᠰᠤ ᠶᠢ ᠰᠢᠨ᠎ᠡ ᠲᠤᠯᠤᠮ ᠳᠤ ᠯᠠ ᠬᠢᠳᠡᠭ》 ᠭᠡᠯ᠎ᠡ᠃
 ᠠᠮᠠᠷᠠᠯ ᠤᠨ ᠡᠳᠦᠷ ᠦᠨ ᠠᠰᠠᠭᠤᠳᠠᠯ

23 ᠨᠢᠭᠡᠨ ᠠᠮᠠᠷᠠᠯ ᠤᠨ ᠡᠳᠦᠷ ᠢᠰᠦ᠋ᠰ ᠲᠠᠷᠢᠶ᠎ᠠ ᠪᠠᠷ ᠳᠠᠭᠠᠷᠢᠨ ᠥᠩᠭᠡᠷᠡᠬᠦ ᠳᠦ᠂ ᠱᠠᠪᠢ ᠨᠠᠷ ᠨᠢ ᠲᠠᠷᠢᠶᠠᠨ ᠲᠦᠷᠦᠭᠦᠦ ᠰᠢᠪᠲᠤᠷᠴᠤ ᠡᠬᠢᠯᠡᠯ᠎ᠡ᠃ 24 ᠹᠠᠷᠢᠰᠠᠢᠴᠤᠳ ᠢᠰᠦ᠋ᠰ ᠲᠤ᠄ 《ᠬᠠᠷᠠᠭᠠᠴᠢ᠂ ᠲᠡᠳᠡ ᠶᠠᠭᠤᠨ ᠳᠤ ᠠᠮᠠᠷᠠᠯ ᠤᠨ ᠡᠳᠦᠷ ᠬᠢᠵᠦ ᠪᠣᠯᠬᠤ ᠦᠭᠡᠢ ᠵᠦᠢᠯ ᠢ ᠬᠢᠵᠦ ᠪᠠᠢᠨ᠎ᠠ ᠪᠤᠢ︖》 ᠭᠡᠰᠡᠨ ᠳᠦ᠂ 25 ᠢᠰᠦ᠋ᠰ᠄ 《ᠳ᠋ᠠᠸᠢᠳ᠋ ᠪᠣᠯᠣᠨ ᠬᠠᠮᠲᠤ ᠪᠠᠢᠭᠰᠠᠳ ᠨᠢ ᠥᠯᠥᠰᠴᠦ ᠭᠠᠴᠢᠭᠳᠠᠬᠤ ᠳᠠᠭᠠᠨ ᠶᠠᠭᠠᠬᠢᠭᠰᠠᠨ ᠢ ᠲᠠ ᠨᠠᠷ ᠬᠠᠷᠠᠬᠠᠨ ᠤᠩ᠋ᠰᠢᠭ᠎ᠠ ᠦᠭᠡᠢ ᠭᠡᠵᠢ ᠤᠤ︖ 26 ᠠᠪᠢᠶᠠᠲ᠋ᠠᠷ ᠲᠡᠷᠢᠭᠦᠨ ᠲᠠᠬᠢᠯᠴᠢ ᠪᠠᠢᠬᠤ ᠦᠶ᠎ᠡ ᠳᠦ᠂ ᠲᠡᠷᠡ ᠪᠤᠷᠬᠠᠨ ᠤ ᠭᠡᠷ ᠲᠦ ᠣᠷᠣᠭᠠᠳ ᠲᠠᠬᠢᠯᠴᠢ ᠡᠴᠡ ᠥᠭᠡᠷ᠎ᠡ ᠬᠡᠨ ᠴᠤ ᠢᠳᠡᠵᠦ ᠪᠣᠯᠳᠠᠭ ᠦᠭᠡᠢ ᠲᠠᠪᠢᠭ ᠪᠣᠣᠪᠣ ᠶᠢ ᠢᠳᠡᠵᠦ᠂ ᠬᠠᠮᠲᠤ ᠪᠠᠢᠭᠰᠠᠳ ᠲᠠᠭᠠᠨ ᠴᠤ ᠥᠭᠭᠥᠭᠰᠡᠨ ᠰᠢᠦ ᠳᠠ》 ᠭᠡᠵᠦ ᠬᠡᠯᠡᠪᠡ᠃ 27 ᠪᠠᠰᠠ ᠲᠡᠳᠡᠨ ᠳᠦ᠄ 《ᠬᠥᠮᠦᠨ ᠠᠮᠠᠷᠠᠯ ᠤᠨ ᠡᠳᠦᠷ ᠦᠨ ᠲᠥᠯᠥᠭᠡ ᠪᠢᠰᠢ᠂ ᠬᠠᠷᠢᠨ ᠠᠮᠠᠷᠠᠯ ᠤᠨ ᠡᠳᠦᠷ ᠨᠢ ᠬᠥᠮᠦᠨ ᠦ ᠲᠥᠯᠥᠭᠡ ᠪᠤᠢ ᠪᠣᠯᠣᠭᠰᠠᠨ ᠶᠤᠮ᠃ 28 ᠲᠡᠢᠮᠦ ᠡᠴᠡ ᠬᠥᠮᠦᠨ ᠦ ᠬᠦᠦ ᠮᠥᠨ ᠴᠤ ᠠᠮᠠᠷᠠᠯ ᠤᠨ ᠡᠳᠦᠷ ᠦᠨ ᠡᠵᠡᠨ ᠶᠤᠮ》 ᠭᠡᠵᠦ ᠬᠡᠯᠡᠪᠡ᠃