ᠮᠠᠷᠺ ᠨᠠᠢ᠌ᠮᠠ
ᠳᠥᠷᠪᠡᠨ ᠮᠢᠩ᠋ᠭᠠᠨ ᠬᠥᠮᠦᠨ ᠢ ᠬᠣᠭᠣᠯᠠᠯᠠᠭᠤᠯᠤᠭᠰᠠᠨ ᠨᠢ
1 ᠲᠡᠷᠡ ᠦᠶ᠎ᠡ ᠳᠦ ᠪᠠᠰᠠ ᠯᠠ ᠦᠯᠡᠮᠵᠢ ᠣᠯᠠᠨ ᠬᠥᠮᠦᠨ ᠴᠤᠭᠯᠠᠷᠠᠭᠠᠳ ᠢᠳᠡᠬᠦ ᠶᠠᠭᠤᠮ᠎ᠠ ᠦᠭᠡᠢ ᠪᠠᠢᠵᠠᠢ᠃ ᠢᠰᠦ᠋ᠰ ᠱᠠᠪᠢ ᠨᠠᠷ ᠢᠶᠠᠨ ᠬᠠᠵᠠᠭᠤ ᠳᠠᠭᠠᠨ ᠳᠠᠭᠤᠳᠠᠵᠤ᠄ 2 《ᠪᠢ ᠡᠨᠡ ᠣᠯᠠᠨ ᠬᠥᠮᠦᠨ ᠢ ᠥᠷᠥᠪᠳᠥᠵᠦ ᠪᠠᠢᠨ᠎ᠠ᠃ ᠲᠡᠳᠡ ᠨᠠᠳᠠ ᠲᠠᠢ ᠭᠤᠷᠪᠠᠨ ᠡᠳᠦᠷ ᠬᠠᠮᠲᠤ ᠪᠠᠢᠵᠤ ᠢᠳᠡᠬᠦ ᠶᠠᠭᠤᠮ᠎ᠠ ᠦᠭᠡᠢ ᠪᠣᠯᠣᠯ᠎ᠠ᠃ 3 ᠬᠡᠷᠪᠡ ᠪᠢ ᠲᠡᠳᠡᠨ ᠢ ᠭᠡᠷ ᠲᠤᠨᠢ ᠥᠯᠥᠰᠬᠥᠯᠡᠩ ᠪᠤᠴᠠᠭᠠᠪᠠᠯ ᠲᠡᠳᠡ ᠵᠠᠮ ᠳᠠᠭᠠᠨ ᠬᠠᠷᠠᠩ᠋ᠭᠤᠳᠤᠨ ᠤᠨᠠᠬᠤ ᠪᠣᠯᠣᠨ᠎ᠠ᠃ ᠲᠡᠳᠡᠨ ᠦ ᠵᠠᠷᠢᠮ ᠨᠢ ᠬᠣᠯᠠ ᠠᠴᠠ ᠢᠷᠡᠭᠰᠡᠨ》 ᠭᠡᠵᠦ ᠬᠡᠯᠡᠪᠡ᠃ 4 ᠱᠠᠪᠢ ᠨᠠᠷ ᠨᠢ ᠲᠡᠭᠦᠨ ᠳᠦ᠄ 《ᠡᠢᠮᠦ ᠵᠡᠯᠢᠭᠦᠳ ᠭᠠᠵᠠᠷ ᠲᠤ ᠡᠨᠡ ᠬᠥᠮᠦᠰ ᠢ ᠴᠠᠳᠬᠠᠬᠤ ᠪᠣᠣᠪᠣ ᠶᠢ ᠬᠠᠮᠢᠭ᠎ᠠ ᠠᠴᠠ ᠣᠯᠵᠤ ᠴᠢᠳᠠᠬᠤ ᠪᠢᠯᠡ︖》 ᠭᠡᠯᠡ᠃ 5 ᠢᠰᠦ᠋ᠰ᠄ 《ᠲᠠ ᠨᠠᠷ ᠲᠤ ᠬᠡᠳᠦᠨ ᠪᠣᠣᠪᠣ ᠪᠠᠢᠨ᠎ᠠ ᠪᠤᠢ︖》 ᠭᠡᠵᠦ ᠠᠰᠠᠭᠤᠬᠤ ᠳᠤ᠂ ᠲᠡᠳᠡ᠄ 《ᠳᠣᠯᠣᠭ᠎ᠠ》 ᠭᠡᠪᠡ᠃ 6 ᠢᠰᠦ᠋ᠰ ᠬᠤᠷᠠᠭᠰᠠᠨ ᠣᠯᠠᠨ ᠳᠤ ᠭᠠᠵᠠᠷ ᠳᠡᠭᠡᠷ᠎ᠡ ᠰᠠᠭᠤ ᠭᠡᠵᠦ ᠵᠠᠬᠢᠭᠠᠳ ᠳᠣᠯᠣᠭᠠᠨ ᠪᠣᠣᠪᠣ ᠶᠢ ᠠᠪᠴᠤ ᠲᠠᠯᠠᠷᠬᠠᠭᠰᠠᠨ ᠤ ᠳᠠᠷᠠᠭ᠎ᠠ᠂ ᠬᠠᠭᠠᠯᠤᠭᠰᠠᠨ ᠪᠥᠭᠡᠳ ᠱᠠᠪᠢ ᠨᠠᠷ ᠲᠠᠭᠠᠨ ᠥᠭᠭᠥᠭᠰᠡᠭᠡᠷ ᠣᠯᠠᠨ ᠤ ᠡᠮᠦᠨ᠎ᠡ ᠲᠠᠯᠪᠢᠭᠤᠯᠬᠤ ᠳᠤ᠂ ᠱᠠᠪᠢ ᠨᠠᠷ ᠨᠢ ᠲᠡᠳᠡᠨ ᠦ ᠡᠮᠦᠨ᠎ᠡ ᠲᠠᠯᠪᠢᠪᠠ᠃ 7 ᠲᠡᠳᠡᠨ ᠳᠦ ᠪᠠᠰᠠ ᠬᠡᠳᠦᠨ ᠵᠢᠵᠢᠭ ᠵᠢᠭᠠᠰᠤ ᠪᠠᠢᠯ᠎ᠠ᠃ ᠢᠰᠦ᠋ᠰ ᠢᠷᠥᠭᠡᠭᠡᠳ ᠲᠡᠳᠡᠭᠡᠷ ᠢ ᠴᠤ ᠬᠥᠮᠦᠰ ᠦᠨ ᠡᠮᠦᠨ᠎ᠡ ᠲᠠᠯᠪᠢ ᠭᠡᠵᠦ ᠬᠡᠯᠡᠪᠡ᠃ 8 ᠡᠢᠨ ᠬᠦ ᠬᠥᠮᠦᠰ ᠢᠳᠡᠵᠦ ᠴᠠᠳᠤᠭᠰᠠᠨ ᠪᠥᠭᠡᠳ ᠦᠯᠡᠳᠡᠪᠦᠷᠢ ᠶᠢ ᠴᠤᠭᠯᠠᠭᠤᠯᠬᠤ ᠳᠤ᠂ ᠳᠣᠯᠣᠭᠠᠨ ᠲᠣᠮᠣ ᠰᠠᠭᠰᠤ ᠪᠠᠢᠪᠠ᠃ 9 ᠲᠡᠨᠳᠡ ᠳᠥᠷᠪᠡᠨ ᠮᠢᠩ᠋ᠭ᠎ᠠ ᠰᠢᠬᠠᠮ ᠬᠥᠮᠦᠨ ᠪᠠᠢᠯ᠎ᠠ᠃ ᠢᠰᠦ᠋ᠰ ᠲᠡᠳᠡᠨ ᠢ ᠲᠠᠷᠬᠠᠭᠠᠭᠰᠠᠨ ᠢᠶᠠᠨ᠂ 10 ᠳᠠᠷᠤᠢᠬᠠᠨ ᠱᠠᠪᠢ ᠨᠠᠷ ᠤᠨ ᠢᠶᠠᠨ ᠬᠠᠮᠲᠤ ᠵᠠᠪᠢᠨ ᠳᠤ ᠰᠠᠭᠤᠭᠠᠳ ᠳ᠋ᠠᠯᠮᠠᠨᠦ᠋ᠲ᠋ᠠ ᠤᠷᠤᠭᠤ ᠶᠠᠪᠤᠯ᠎ᠠ᠃
11 ᠹᠠᠷᠢᠰᠠᠢᠴᠤᠳ ᠢᠷᠡᠭᠡᠳ ᠢᠰᠦ᠋ᠰ ᠲᠠᠢ ᠮᠠᠷᠭᠤᠵᠤ ᠡᠬᠢᠯᠡᠪᠡ᠃ ᠲᠡᠳᠡ ᠲᠡᠭᠦᠨ ᠢ ᠲᠡᠩᠰᠡᠬᠦ ᠭᠡᠵᠦ ᠲᠩᠷᠢ ᠶᠢᠨ ᠰᠢᠳᠢ ᠲᠡᠮᠳᠡᠭ ᠢ ᠱᠠᠭᠠᠷᠳᠠᠵᠤ ᠪᠠᠢᠯ᠎ᠠ᠃ 12 ᠢᠰᠦ᠋ᠰ ᠰᠡᠳᠬᠢᠯ ᠳᠡᠭᠡᠨ ᠭᠦᠨ ᠰᠡᠭᠦᠷᠡᠰᠦ ᠠᠯᠳᠠᠭᠠᠳ᠄ 《ᠡᠨᠡ ᠦᠶ᠎ᠡ ᠶᠢᠨ ᠬᠢᠨ ᠶᠠᠭᠤᠨ ᠳᠤ ᠰᠢᠳᠢ ᠲᠡᠮᠳᠡᠭ ᠢ ᠱᠠᠭᠠᠷᠳᠠᠨ᠎ᠠ ᠪᠤᠢ︖ ᠲᠠ ᠨᠠᠷ ᠲᠤ ᠪᠠᠲᠤᠲᠠᠢ ᠬᠡᠯᠡᠶ᠎ᠡ᠃ ᠡᠨᠡ ᠦᠶ᠎ᠡ ᠶᠢᠨ ᠬᠢᠨ ᠳᠤ ᠰᠢᠳᠢ ᠲᠡᠮᠳᠡᠭ ᠥᠭᠭᠥᠭᠳᠡᠬᠦ ᠦᠭᠡᠢ》 ᠭᠡᠵᠦ ᠬᠡᠯᠡᠪᠡ᠃ 13 ᠲᠡᠭᠡᠭᠡᠳ ᠲᠡᠳᠡᠨ ᠢ ᠣᠷᠬᠢᠨ ᠵᠠᠪᠢᠨ ᠳᠠᠭᠠᠨ ᠪᠤᠴᠠᠨ ᠰᠠᠭᠤᠵᠤ ᠨᠠᠭᠤᠷ ᠤᠨ ᠨᠥᠭᠥᠭᠡ ᠲᠠᠯ᠎ᠠ ᠤᠷᠤᠭᠤ ᠶᠠᠪᠤᠪᠠ᠃
14 ᠱᠠᠪᠢ ᠨᠠᠷ ᠨᠢ ᠪᠣᠣᠪᠣ ᠠᠪᠴᠢᠷᠠᠬᠤ ᠪᠠᠨ ᠮᠠᠷᠲᠠᠵᠠᠢ᠂ ᠵᠠᠪᠢᠨ ᠳᠤᠨᠢ ᠨᠢᠭᠡᠯᠬᠡᠨ ᠪᠣᠣᠪᠣ ᠪᠠᠢᠯ᠎ᠠ᠃ 15 ᠢᠰᠦ᠋ᠰ ᠱᠠᠪᠢ ᠨᠠᠷ ᠲᠠᠭᠠᠨ᠄ 《ᠠᠩ᠋ᠬᠠᠷᠤᠭᠲᠤᠨ᠂ ᠹᠠᠷᠢᠰᠠᠢᠴᠤᠳ ᠤᠨ ᠢᠰᠭᠡᠭᠦᠷ ᠪᠣᠯᠣᠨ ᠾᠧᠷᠣᠳ᠋ ᠤᠨ ᠢᠰᠭᠡᠭᠦᠷ ᠡᠴᠡ ᠪᠣᠯᠭᠣᠮᠵᠢᠯᠠ》 ᠭᠡᠵᠦ ᠰᠠᠨᠠᠭᠤᠯᠬᠤ ᠳᠤ᠂ 16 ᠲᠡᠳᠡ ᠬᠣᠭᠣᠷᠣᠨᠳᠣ ᠪᠠᠨ᠄ 《ᠪᠢᠳᠡᠨ ᠢ ᠪᠣᠣᠪᠣ ᠪᠠᠢᠬᠤ ᠦᠭᠡᠢ ᠭᠡᠵᠦ ᠪᠠᠢᠨ᠎ᠠ》 ᠭᠡᠯᠴᠡᠵᠦ ᠪᠠᠢᠪᠠ᠃ 17 ᠢᠰᠦ᠋ᠰ ᠡᠭᠦᠨ ᠢ ᠮᠡᠳᠡᠭᠡᠳ᠄ 《ᠲᠠ ᠨᠠᠷ ᠶᠠᠭᠤᠨ ᠳᠤ ᠪᠣᠣᠪᠣ ᠪᠠᠢᠬᠤ ᠦᠭᠡᠢ ᠭᠡᠵᠦ ᠶᠠᠷᠢᠯᠴᠠᠨ᠎ᠠ ᠪᠤᠢ︖ ᠲᠠ ᠨᠠᠷ ᠬᠠᠷᠠᠬᠠᠨ ᠣᠢᠯᠠᠭᠠᠭ᠎ᠠ ᠦᠭᠡᠢ᠂ ᠤᠬᠠᠭᠠᠷᠠᠭ᠎ᠠ ᠦᠭᠡᠢ ᠤᠤ︖ ᠤᠬᠠᠭᠠᠨ ᠴᠢᠨᠢ ᠮᠣᠬᠣᠴᠢᠬᠠᠭᠰᠠᠨ ᠤᠤ︖ 18 ᠨᠢᠳᠦ ᠲᠠᠢ ᠪᠠᠢᠲᠠᠯ᠎ᠠ ᠪᠠᠨ ᠬᠠᠷᠠᠬᠤ ᠦᠭᠡᠢ᠂ ᠴᠢᠬᠢ ᠲᠠᠢ ᠪᠠᠢᠲᠠᠯ᠎ᠠ ᠪᠠᠨ ᠰᠣᠨᠣᠰᠬᠤ ᠦᠭᠡᠢ ᠪᠠᠢᠨ᠎ᠠ ᠤᠤ︖ ᠲᠠ ᠨᠠᠷ ᠪᠣᠣᠪᠣ ᠶᠢᠨ ᠦᠯᠡᠳᠡᠪᠦᠷᠢ ᠶᠢ ᠬᠤᠷᠢᠶᠠᠵᠤ ᠬᠡᠳᠦᠨ ᠰᠠᠭᠰᠤ ᠳᠦᠭᠦᠷᠭᠡᠭᠰᠡᠨ ᠢᠶᠡᠨ ᠰᠠᠨᠠᠬᠤ ᠦᠭᠡᠢ ᠪᠠᠢᠨ᠎ᠠ ᠤᠤ︖ 19 ᠲᠠᠪᠤᠨ ᠮᠢᠩ᠋ᠭᠠᠨ ᠬᠥᠮᠦᠨ ᠳᠦ ᠲᠠᠪᠤᠨ ᠪᠣᠣᠪᠣ ᠬᠠᠭᠠᠯᠤᠨ ᠥᠭᠬᠦ ᠳᠦ ᠮᠢᠨᠢ᠂ ᠪᠣᠣᠪᠣ ᠶᠢᠨ ᠦᠯᠡᠳᠡᠪᠦᠷᠢ ᠶᠢ ᠬᠡᠳᠦᠨ ᠰᠠᠭᠰᠤ ᠳᠦᠭᠦᠷᠡᠩ ᠬᠤᠷᠢᠶᠠᠪᠠ︖》 ᠭᠡᠬᠦ ᠳᠦ᠂ ᠲᠡᠳᠡ᠄ 《ᠠᠷᠪᠠᠨ ᠬᠣᠶᠠᠷ》 ᠭᠡᠪᠡ᠃ 20 《ᠮᠥᠨ ᠳᠥᠷᠪᠡᠨ ᠮᠢᠩ᠋ᠭᠠᠨ ᠬᠥᠮᠦᠨ ᠳᠦ ᠳᠣᠯᠣᠭᠠᠨ ᠪᠣᠣᠪᠣ ᠥᠭᠬᠦ ᠳᠦ᠂ ᠲᠠ ᠨᠠᠷ ᠦᠯᠡᠳᠡᠪᠦᠷᠢ ᠶᠢ ᠨᠢ ᠬᠡᠳᠦᠨ ᠰᠠᠭᠰᠤ ᠳᠦᠭᠦᠷᠡᠩ ᠬᠤᠷᠢᠶᠠᠪᠠ︖》 ᠭᠡᠬᠦ ᠳᠦ᠂ ᠲᠡᠳᠡ᠄ 《ᠳᠣᠯᠣᠭ᠎ᠠ》 ᠭᠡᠯᠡ᠃ 21 ᠢᠰᠦ᠋ᠰ ᠲᠡᠳᠡᠨ ᠳᠦ᠄ 《ᠬᠠᠷᠠᠬᠠᠨ ᠤᠬᠠᠭᠠᠷᠠᠭ᠎ᠠ ᠦᠭᠡᠢ ᠤᠤ︖》 ᠭᠡᠪᠡ᠃
22 ᠲᠡᠳᠡ ᠪᠧᠲ᠋ᠰᠠᠢᠳᠠ ᠳᠤ ᠬᠦᠷᠬᠦ ᠳᠦ᠂ ᠬᠥᠮᠦᠰ ᠨᠢᠭᠡᠨ ᠰᠣᠬᠣᠷ ᠬᠥᠮᠦᠨ ᠢ ᠠᠪᠴᠢᠷᠠᠵᠤ ᠢᠰᠦ᠋ᠰ ᠡᠴᠡ ᠮᠤᠲᠤᠷ ᠢᠶᠠᠨ ᠲᠠᠯᠪᠢᠭᠠᠴᠢ ᠭᠡᠵᠦ ᠭᠤᠶᠤᠪᠠ᠃ 23 ᠢᠰᠦ᠋ᠰ ᠲᠡᠷᠡ ᠬᠥᠮᠦᠨ ᠦ ᠭᠠᠷ ᠠᠴᠠ ᠬᠥᠲᠥᠯᠵᠦ ᠲᠣᠰᠬᠣᠨ ᠠᠴᠠ ᠭᠠᠷᠤᠯ᠎ᠠ᠃ ᠨᠢᠳᠦᠨ ᠳᠦᠨᠢ ᠨᠤᠯᠮᠤᠵᠤ᠂ ᠲᠡᠭᠦᠨ ᠦ ᠳᠡᠭᠡᠷ᠎ᠡ ᠮᠤᠲᠤᠷ ᠢᠶᠠᠨ ᠲᠠᠯᠪᠢᠭᠰᠠᠨ ᠤ ᠳᠠᠷᠠᠭ᠎ᠠ᠄ 《ᠶᠠᠮᠠᠷ ᠨᠢᠭᠡᠨ ᠶᠠᠭᠤᠮ᠎ᠠ ᠬᠠᠷᠠᠭᠳᠠᠵᠤ ᠪᠠᠢᠨ᠎ᠠ ᠤᠤ︖》 ᠭᠡᠵᠦ ᠠᠰᠠᠭᠤᠬᠤ ᠳᠤ᠂ 24 ᠲᠡᠷᠡ ᠬᠥᠮᠦᠨ ᠳᠡᠭᠡᠭᠰᠢ ᠬᠠᠷᠠᠭᠠᠳ᠄ 《ᠪᠢ ᠬᠥᠮᠦᠰ ᠢ ᠬᠠᠷᠠᠵᠤ ᠪᠠᠢᠨ᠎ᠠ᠂ ᠮᠣᠳᠣ ᠶᠠᠪᠤᠬᠤ ᠰᠢᠭ᠋ ᠬᠠᠷᠠᠭᠳᠠᠵᠤ ᠪᠠᠢᠨ᠎ᠠ》 ᠭᠡᠯᠡ᠃ 25 ᠢᠰᠦ᠋ᠰ ᠳᠠᠬᠢᠭᠠᠳ ᠨᠢᠳᠦᠨ ᠳᠡᠭᠡᠷ᠎ᠡ ᠨᠢ ᠮᠤᠲᠤᠷ ᠢᠶᠠᠨ ᠲᠠᠯᠪᠢᠪᠠ᠃ ᠲᠡᠷᠡ ᠬᠥᠮᠦᠨ ᠰᠢᠷᠲᠡᠵᠦ᠂ ᠬᠠᠷᠠᠭ᠎ᠠ ᠣᠷᠣᠭᠠᠳ ᠪᠦᠬᠦᠨ ᠢ ᠲᠣᠳᠣ ᠦᠵᠡᠬᠦ ᠪᠣᠯᠵᠠᠢ᠃ 26 ᠢᠰᠦ᠋ᠰ ᠲᠡᠭᠦᠨ ᠢ ᠭᠡᠷ ᠤᠷᠤᠭᠤ ᠨᠢ ᠶᠠᠪᠤᠭᠤᠯᠬᠤ ᠳᠠᠭᠠᠨ᠄ 《ᠲᠣᠰᠬᠣᠨ ᠳᠤ ᠪᠦᠦ ᠣᠷᠣ》 ᠭᠡᠪᠡ᠃
ᠫᠧᠲ᠋ᠧᠷ ᠢᠰᠦ᠋ᠰ ᠢ ᠠᠪᠤᠷᠠᠭᠴᠢ ᠭᠡᠵᠦ ᠢᠯᠡᠷᠬᠡᠶᠢᠯᠡᠭᠰᠡᠨ ᠨᠢ
27 ᠢᠰᠦ᠋ᠰ ᠱᠠᠪᠢ ᠨᠠᠷ ᠲᠠᠢ ᠪᠠᠨ ᠬᠠᠮᠲᠤ ᠹᠢᠯᠢᠫᠣᠢ ᠶᠢᠨ ᠺᠠᠶᠧᠰᠠᠷᠢᠶ᠎ᠠ ᠶᠢᠨ ᠲᠣᠰᠬᠣᠨ ᠨᠤᠭᠤᠳ ᠤᠷᠤᠭᠤ ᠶᠠᠪᠤᠬᠤ ᠵᠠᠮ ᠳᠠᠭᠠᠨ ᠱᠠᠪᠢ ᠨᠠᠷ ᠠᠴᠠ ᠪᠠᠨ᠄ 《ᠬᠥᠮᠦᠰ ᠨᠠᠮᠠᠶᠢ ᠬᠡᠨ ᠭᠡᠵᠦ ᠶᠠᠷᠢᠳᠠᠭ ᠪᠤᠢ︖》 ᠭᠡᠵᠦ ᠠᠰᠠᠭᠤᠬᠤ ᠳᠤ᠂ 28 ᠲᠡᠳᠡ᠄ 《ᠤᠬᠢᠶᠠᠯ ᠬᠦᠷᠲᠡᠭᠡᠭᠴᠢ ᠶᠣᠬᠠᠨ ᠭᠡᠳᠡᠭ᠂ ᠵᠠᠷᠢᠮ ᠨᠢ ᠧᠯᠢᠶ᠎ᠠ ᠭᠡᠵᠦ᠂ ᠵᠠᠷᠢᠮ ᠨᠢ ᠡᠰᠢ ᠦᠵᠡᠭᠦᠯᠦᠭᠴᠢᠳ ᠤᠨ ᠨᠢᠭᠡ ᠭᠡᠳᠡᠭ》 ᠭᠡᠪᠡ᠃ 29 ᠢᠰᠦ᠋ᠰ᠄ 《ᠬᠠᠷᠢᠨ ᠲᠠ ᠨᠠᠷ ᠨᠠᠮᠠᠶᠢ ᠬᠡᠨ ᠭᠡᠳᠡᠭ ᠪᠤᠢ︖》 ᠭᠡᠵᠦ ᠠᠰᠠᠭᠤᠬᠤ ᠳᠤ᠂ ᠫᠧᠲ᠋ᠧᠷ ᠬᠠᠷᠢᠭᠤ ᠳᠤᠨᠢ᠄ 《ᠲᠠ ᠪᠣᠯ ᠾᠷᠢᠰᠲ᠋ᠣᠰ ᠮᠥᠨ》 ᠭᠡᠯᠡ᠃ 30 ᠢᠰᠦ᠋ᠰ᠄ 《ᠡᠭᠦᠨ ᠢ ᠬᠡᠨ ᠳᠦ ᠴᠤ ᠪᠦᠦ ᠬᠡᠯᠡ》 ᠭᠡᠵᠦ ᠲᠡᠳᠡᠨ ᠳᠦ ᠬᠠᠲᠠᠭᠤ ᠰᠠᠨᠠᠭᠤᠯᠪᠠ᠃
ᠠᠯᠠᠭᠳᠠᠵᠤ ᠠᠮᠢᠯᠠᠬᠤ ᠲᠤᠬᠠᠢ ᠪᠠᠨ (1)
31 ᠢᠰᠦ᠋ᠰ᠄ 《ᠬᠥᠮᠦᠨ ᠦ ᠬᠦᠦ ᠯᠠᠪᠲᠠᠢ ᠶᠡᠬᠡ ᠵᠣᠪᠠᠯᠠᠩ ᠠᠮᠰᠠᠬᠤ ᠪᠥᠭᠡᠳ ᠠᠬᠠᠯᠠᠭᠴᠢᠳ᠂ ᠠᠬᠠᠯᠠᠬᠤ ᠲᠠᠬᠢᠯᠴᠢᠳ ᠪᠣᠯᠣᠨ ᠪᠢᠴᠢᠭᠲᠡᠳ ᠲᠦ ᠭᠠᠳᠠᠭᠤᠷᠴᠢᠯᠠᠭᠳᠠᠨ ᠠᠯᠠᠭᠳᠠᠭᠠᠳ ᠭᠤᠷᠪᠠᠳᠤᠭᠠᠷ ᠡᠳᠦᠷ ᠳᠡᠭᠡᠷ᠎ᠡ ᠪᠡᠨ ᠠᠮᠢᠯᠠᠬᠤ ᠶᠣᠰᠣᠲᠠᠢ》 ᠭᠡᠵᠦ ᠲᠡᠳᠡᠨ ᠳᠦ ᠵᠢᠭᠠᠵᠤ ᠡᠬᠢᠯᠡᠪᠡ᠃ 32 ᠲᠡᠷᠡ ᠪᠡᠷ ᠡᠨᠡ ᠦᠭᠡ ᠶᠢ ᠢᠯᠡ ᠶᠠᠷᠢᠭᠰᠠᠨ ᠳᠤ᠂ ᠫᠧᠲ᠋ᠧᠷ ᠲᠡᠭᠦᠨ ᠢ ᠬᠠᠵᠠᠭᠤ ᠲᠡᠰᠢ ᠠᠪᠠᠴᠢᠭᠠᠳ ᠵᠢᠮᠡᠯᠡᠵᠦ ᠡᠬᠢᠯᠡᠪᠡ᠃ 33 ᠢᠰᠦ᠋ᠰ ᠡᠷᠭᠢᠵᠦ ᠬᠠᠨᠳᠤᠨ ᠱᠠᠪᠢ ᠨᠠᠷ ᠢᠶᠠᠨ ᠬᠠᠷᠠᠭᠠᠳ᠂ ᠫᠧᠲ᠋ᠧᠷ ᠢ ᠵᠢᠮᠡᠯᠡᠨ᠄ 《ᠮᠢᠨᠦ ᠠᠷᠤ ᠠᠴᠠ ᠵᠠᠢᠯᠠ᠂ ᠰᠠᠲ᠋ᠠᠨ︕ ᠴᠢ ᠪᠤᠷᠬᠠᠨ ᠤ ᠬᠢ ᠶᠢ ᠪᠤᠰᠤ᠂ ᠬᠠᠷᠢᠨ ᠬᠥᠮᠦᠨ ᠦ ᠬᠢ ᠶᠢ ᠪᠣᠳᠣᠵᠤ ᠪᠠᠢᠨ᠎ᠠ》 ᠭᠡᠪᠡ᠃
34 ᠢᠰᠦ᠋ᠰ ᠬᠤᠷᠠᠭᠰᠠᠨ ᠣᠯᠠᠨ ᠢ ᠱᠠᠪᠢ ᠨᠠᠷ ᠲᠠᠢ ᠪᠠᠨ ᠬᠠᠮᠲᠤ ᠬᠠᠵᠠᠭᠤ ᠳᠠᠭᠠᠨ ᠳᠠᠭᠤᠳᠠᠨ᠄ 《ᠬᠡᠨ ᠨᠠᠮᠠᠶᠢ ᠳᠠᠭᠠᠶ᠎ᠠ ᠭᠡᠪᠡᠯ ᠥᠪᠡᠷ ᠢ ᠪᠠᠨ ᠣᠭᠣᠷᠴᠤ᠂ ᠵᠠᠭᠠᠯᠮᠠᠢ ᠪᠠᠨ ᠡᠭᠦᠷᠦᠨ ᠨᠠᠮᠠᠶᠢ ᠳᠠᠭ᠎ᠠ᠃ 35 ᠤᠴᠢᠷ ᠨᠢ᠂ ᠠᠮᠢ ᠪᠠᠨ ᠠᠪᠤᠷᠠᠶ᠎ᠠ ᠭᠡᠭᠴᠢ ᠨᠢ ᠠᠮᠢ ᠪᠠᠨ ᠠᠯᠳᠠᠨ᠎ᠠ᠂ ᠮᠢᠨᠦ ᠲᠥᠯᠥᠭᠡ ᠪᠣᠯᠣᠨ ᠪᠠᠶᠠᠷ ᠤᠨ ᠮᠡᠳᠡᠭᠡᠨ ᠦ ᠲᠥᠯᠥᠭᠡ ᠠᠮᠢ ᠪᠠᠨ ᠠᠯᠳᠠᠭᠴᠢ ᠨᠢ ᠠᠮᠢ ᠪᠠᠨ ᠠᠪᠤᠷᠠᠬᠤ ᠪᠣᠯᠣᠨ᠎ᠠ᠃ 36 ᠬᠥᠮᠦᠨ ᠪᠦᠬᠦ ᠳᠡᠯᠡᠬᠡᠢ ᠶᠢ ᠣᠯᠣᠭᠰᠠᠨ ᠴᠤ ᠠᠮᠢ ᠪᠠᠨ ᠠᠯᠳᠠᠪᠠᠯ ᠶᠠᠮᠠᠷ ᠠᠰᠢᠭ ᠪᠠᠢᠬᠤ ᠪᠢᠯᠡ︖ 37 ᠬᠥᠮᠦᠨ ᠶᠠᠭᠤ ᠪᠠᠨ ᠥᠭᠴᠦ ᠠᠮᠢ ᠪᠠᠨ ᠰᠣᠯᠢᠵᠤ ᠠᠪᠬᠤ ᠪᠢᠯᠡ︖ 38 ᠵᠠᠪᠬᠠᠢ ᠨᠢᠭᠦᠯᠲᠦ ᠡᠨᠡ ᠦᠶ᠎ᠡ ᠳᠦ᠂ ᠬᠡᠨ ᠨᠢ ᠨᠠᠳᠠ ᠠᠴᠠ ᠪᠣᠯᠣᠨ ᠮᠢᠨᠦ ᠦᠭᠡᠨ ᠡᠴᠡ ᠢᠴᠢᠪᠡᠯ᠂ ᠬᠥᠮᠦᠨ ᠦ ᠬᠦᠦ ᠴᠤ ᠡᠴᠢᠭᠡ ᠶᠢᠨ ᠢᠶᠠᠨ ᠵᠢᠪᠬᠤᠯᠠᠩ ᠢᠶᠠᠷ ᠲᠩᠷᠢ ᠶᠢᠨ ᠠᠷᠢᠭᠤᠨ ᠡᠯᠴᠢᠳ ᠲᠠᠢ ᠬᠠᠮᠲᠤ ᠢᠷᠡᠬᠦ ᠳᠡᠭᠡᠨ ᠮᠥᠨ ᠲᠡᠭᠦᠨ ᠡᠴᠡ ᠢᠴᠢᠬᠦ ᠪᠣᠯᠣᠨ᠎ᠠ》 ᠭᠡᠪᠡ᠃