ᠮᠠᠷᠺ ᠠᠷᠪᠠᠨ ᠭᠤᠷᠪᠠ
ᠳᠠᠬᠢᠨ ᠢᠷᠡᠬᠦ ᠶᠢᠨ ᠰᠢᠨᠵᠢ ᠲᠡᠮᠳᠡᠭ
1 ᠢᠰᠦ᠋ᠰ ᠠᠷᠢᠭᠤᠨ ᠣᠷᠳᠣᠨ ᠠᠴᠠ ᠭᠠᠷᠬᠤ ᠳᠤ᠂ ᠨᠢᠭᠡ ᠱᠠᠪᠢ ᠨᠢ᠄ 《ᠪᠠᠭᠰᠢ ᠡ᠂ ᠬᠠᠷᠠᠭᠠᠴᠢ︕ ᠶᠠᠭᠤᠲᠠᠢ ᠰᠠᠢᠬᠠᠨ ᠴᠢᠯᠠᠭᠤ᠂ ᠶᠠᠭᠠᠬᠢᠭᠰᠠᠨ ᠰᠠᠢᠬᠠᠨ ᠪᠠᠷᠢᠯᠭ᠎ᠠ ᠪᠤᠢ︕》 ᠭᠡᠰᠡᠨ ᠳᠦ᠂ 2 ᠢᠰᠦ᠋ᠰ᠄ 《ᠴᠢ ᠡᠳᠡᠭᠡᠷ ᠠᠤᠭ᠎ᠠ ᠪᠠᠷᠢᠯᠭ᠎ᠠ ᠶᠢ ᠬᠠᠷᠠᠵᠤ ᠪᠠᠢᠨ᠎ᠠ ᠤᠤ︖ ᠬᠣᠵᠢᠮ ᠨᠢᠭᠡ ᠴᠢᠯᠠᠭᠤ ᠨᠢ ᠴᠤ ᠨᠥᠭᠥᠭᠡ ᠳᠡᠭᠡᠷ᠎ᠡ ᠪᠡᠨ ᠳᠠᠪᠬᠤᠷᠯᠠᠨ ᠦᠯᠡᠳᠡᠯ ᠦᠭᠡᠢ ᠪᠠᠷ ᠯᠠᠪᠲᠠᠢ ᠨᠤᠷᠠᠬᠤ ᠪᠣᠯᠣᠨ᠎ᠠ》 ᠭᠡᠵᠦ ᠬᠡᠯᠡᠪᠡ᠃
3 ᠢᠰᠦ᠋ᠰ ᠠᠷᠢᠭᠤᠨ ᠣᠷᠳᠣᠨ ᠥᠭᠡᠳᠡ ᠬᠠᠷᠠᠨ ᠴᠢᠳᠦᠨ ᠠᠭᠤᠯᠠᠨ ᠳᠡᠭᠡᠷ᠎ᠡ ᠰᠠᠭᠤᠵᠤ ᠪᠠᠢᠬᠤ ᠳᠤ ᠫᠧᠲ᠋ᠧᠷ᠂ ᠶᠠᠺᠣᠪ᠂ ᠶᠣᠬᠠᠨ᠂ ᠠᠨᠳ᠋ᠷᠧ ᠨᠠᠷ ᠲᠡᠭᠦᠨ ᠡᠴᠡ᠄ 4 《ᠪᠢᠳᠡᠨ ᠳᠦ ᠬᠡᠯᠡᠭᠡᠴᠢ᠂ ᠲᠡᠳᠡᠭᠡᠷ ᠶᠠᠪᠤᠳᠠᠯ ᠬᠡᠵᠢᠶ᠎ᠡ ᠪᠣᠯᠬᠤ ᠪᠤᠢ︖ ᠲᠡᠷᠡ ᠪᠦᠬᠦ ᠶᠠᠪᠤᠳᠠᠯ ᠪᠡᠶᠡᠯᠡᠭᠳᠡᠬᠦ ᠭᠡᠵᠦ ᠪᠠᠢᠬᠤ ᠳᠤ᠂ ᠶᠠᠮᠠᠷ ᠲᠡᠮᠳᠡᠭ ᠭᠠᠷᠬᠤ ᠪᠤᠢ︖》 ᠭᠡᠵᠦ ᠠᠮᠢᠨᠴᠢᠯᠠᠨ ᠠᠰᠠᠭᠤᠪᠠ᠃ 5 ᠢᠰᠦ᠋ᠰ ᠠᠢᠯᠠᠳᠴᠤ ᠡᠬᠢᠯᠡᠨ᠄ 《ᠬᠡᠨ ᠨᠢᠭᠡ ᠨᠢ ᠲᠠ ᠨᠠᠷ ᠢ ᠪᠠᠴᠢᠯᠠᠬᠤ ᠠᠴᠠ ᠪᠣᠯᠭᠣᠮᠵᠢᠯᠠ᠃ 6 ᠮᠢᠨᠦ ᠨᠡᠷ᠎ᠡ ᠪᠡᠷ ᠣᠯᠠᠨ ᠬᠥᠮᠦᠨ ᠢᠷᠡᠵᠦ᠄ 〈ᠪᠢ ᠪᠣᠯ ᠾᠷᠢᠰᠲ᠋ᠣᠰ〉 ᠭᠡᠵᠦ ᠬᠡᠯᠡᠭᠡᠳ ᠣᠯᠠᠨ ᠢ ᠪᠠᠴᠢᠯᠠᠬᠤ ᠪᠣᠯᠣᠨ᠎ᠠ᠃ 7 ᠲᠠ ᠨᠠᠷ ᠳᠠᠢᠨ ᠪᠣᠯᠣᠨ ᠳᠠᠢᠨ ᠤ ᠰᠤᠷᠠᠭ ᠢ ᠰᠣᠨᠣᠰᠬᠤ ᠳᠠᠭᠠᠨ ᠪᠦᠦ ᠬᠡᠯᠮᠡᠭᠳᠡ᠃ ᠲᠡᠷᠡ ᠨᠢ ᠵᠠᠢᠯᠠᠰᠢ ᠦᠭᠡᠢ ᠲᠣᠬᠢᠶᠠᠯᠳᠤᠬᠤ ᠬᠢᠷᠢ ᠨᠢ ᠬᠠᠷᠠᠬᠠᠨ ᠲᠡᠭᠦᠰᠬᠡᠯ ᠪᠢᠰᠢ᠂ 8 ᠤᠴᠢᠷ ᠨᠢ᠂ ᠦᠨᠳᠦᠰᠦᠲᠡᠨ ᠦᠨᠳᠦᠰᠦᠲᠡᠨ ᠦ ᠪᠠᠨ ᠡᠰᠡᠷᠭᠦ᠂ ᠤᠯᠤᠰ ᠤᠯᠤᠰ ᠤᠨ ᠢᠶᠠᠨ ᠡᠰᠡᠷᠭᠦ ᠪᠣᠰᠴᠤ᠂ ᠡ᠊ᠨᠳᠡ ᠲᠡᠨᠳᠡ ᠦᠭᠡᠢ ᠭᠠᠵᠠᠷ ᠬᠥᠳᠡᠯᠦᠯᠲᠡ ᠪᠠ ᠥᠯᠥᠰᠬᠥᠯᠡᠩ ᠭᠠᠴᠢᠭ ᠪᠣᠯᠣᠨ᠎ᠠ᠃ ᠢᠩᠭᠢᠵᠦ ᠲᠥᠷᠥᠯᠲᠡ ᠶᠢᠨ ᠡᠪᠡᠷᠰᠢᠶᠡᠯ ᠡᠬᠢᠯᠡᠨ᠎ᠡ᠃
9 ᠬᠠᠷᠢᠨ ᠲᠠ ᠨᠠᠷ ᠪᠣᠯᠭᠣᠮᠵᠢᠯᠠᠭᠲᠤᠨ᠂ ᠬᠥᠮᠦᠰ ᠲᠠ ᠨᠠᠷ ᠢ ᠰᠢᠭᠦᠬᠦ ᠵᠥᠪᠯᠡᠯ ᠳᠦ ᠲᠤᠰᠢᠶᠠᠵᠤ᠂ ᠬᠤᠷᠠᠯ ᠤᠨ ᠲᠠᠩᠬᠢᠮ ᠳᠤ ᠲᠠᠰᠢᠭᠤᠷᠳᠠᠭᠤᠯᠤᠨᠠ᠃ ᠲᠠ ᠨᠠᠷ ᠨᠠᠳᠠ ᠠᠴᠠ ᠪᠣᠯᠵᠤ ᠨᠣᠶᠠᠳ ᠪᠠ ᠬᠠᠭᠠᠳ ᠤᠨ ᠡᠮᠦᠨ᠎ᠡ ᠵᠣᠭᠰᠣᠭᠠᠳ ᠲᠡᠳᠡᠨ ᠳᠦ ᠭᠡᠷᠡᠴᠢᠯᠡᠬᠦ ᠪᠣᠯᠣᠨ᠎ᠠ᠃ 10 ᠶᠠᠭᠤᠨ ᠤ ᠡᠮᠦᠨ᠎ᠡ᠂ ᠬᠠᠮᠤᠭ ᠦᠨᠳᠦᠰᠦᠲᠡᠨ ᠳᠦ ᠪᠠᠶᠠᠷ ᠤᠨ ᠮᠡᠳᠡᠭᠡ ᠤᠯᠠᠮᠵᠢᠯᠠᠭᠳᠠᠬᠤ ᠶᠣᠰᠣᠲᠠᠢ᠃ 11 ᠲᠠ ᠨᠠᠷ ᠪᠠᠷᠢᠭᠳᠠᠵᠤ ᠰᠢᠭᠦᠬᠦ ᠳᠦ ᠲᠤᠰᠢᠶᠠᠭᠳᠠᠬᠤ ᠳᠠᠭᠠᠨ ᠶᠠᠭᠤ ᠶᠠᠷᠢᠬᠤ ᠪᠤᠢ ᠭᠡᠵᠦ ᠪᠦᠦ ᠰᠠᠨᠠᠭ᠎ᠠ ᠵᠣᠪᠠ᠃ ᠲᠡᠷᠡ ᠬᠣᠷᠣᠮ ᠳᠤ ᠲᠠ ᠨᠠᠷ ᠲᠤ ᠰᠣᠶᠣᠷᠬᠠᠭᠳᠠᠬᠤ ᠦᠭᠡ ᠶᠢ ᠯᠠ ᠶᠠᠷᠢ᠃ ᠶᠠᠷᠢᠭᠴᠢ ᠨᠢ ᠲᠠ ᠨᠠᠷ ᠪᠢᠰᠢ᠂ ᠬᠠᠷᠢᠨ ᠠᠷᠢᠭᠤᠨ ᠰᠦᠨᠡᠰᠦ ᠶᠤᠮ᠃ 12 ᠠᠬ᠎ᠠ ᠳᠡᠭᠦᠦ ᠨᠢ ᠠᠬ᠎ᠠ ᠳᠡᠭᠦᠦ ᠪᠡᠨ᠂ ᠡᠴᠢᠭᠡ ᠨᠢ ᠬᠡᠦᠬᠡᠳ ᠢᠶᠡᠨ ᠦᠬᠦᠯ ᠳᠦ ᠲᠤᠰᠢᠶᠠᠨ᠎ᠠ᠃ ᠬᠡᠦᠬᠡᠳ ᠤᠳ ᠨᠢ ᠲᠡᠳᠡᠨ ᠦ ᠪᠠᠨ ᠡᠰᠡᠷᠭᠦ ᠪᠣᠰᠴᠤ ᠲᠡᠳᠡᠨ ᠢ ᠴᠠᠭᠠᠵᠠᠯᠠᠭᠤᠯᠤᠨᠠ᠃ 13 ᠲᠠ ᠨᠠᠷ ᠮᠢᠨᠦ ᠨᠡᠷ᠎ᠡ ᠡᠴᠡ ᠪᠣᠯᠵᠤ ᠬᠥᠮᠦᠨ ᠪᠦᠬᠦᠨ ᠳᠦ ᠵᠠᠨᠤᠭᠳᠠᠨᠠ᠃ ᠬᠠᠷᠢᠨ ᠡᠴᠦᠰ ᠲᠤᠨᠢ ᠬᠦᠷᠲᠡᠯ᠎ᠡ ᠲᠡᠰᠪᠦᠷᠢᠯᠡᠭᠴᠢ ᠨᠢ ᠠᠪᠤᠷᠠᠭᠳᠠᠨ᠎ᠠ᠃
ᠭᠠᠮᠰᠢᠭ ᠤᠨ ᠦᠶ᠎ᠡ
14 〈ᠰᠦᠢᠷᠡᠭᠦᠯᠦᠭᠴᠢ ᠵᠢᠭᠰᠢᠭᠦᠷᠢᠲᠡᠨ〉 ᠦ ᠵᠣᠭᠰᠣᠵᠤ ᠪᠣᠯᠬᠤ ᠦᠭᠡᠢ ᠭᠠᠵᠠᠷ ᠵᠣᠭᠰᠣᠭᠰᠠᠨ ᠢ ᠨᠢ ᠬᠠᠷᠠᠪᠠᠯ (ᠤᠩ᠋ᠰᠢᠭᠴᠢ ᠨᠢ ᠣᠢᠯᠠᠭᠠᠭᠲᠤᠨ)᠂ ᠲᠡᠷᠡ ᠦᠶ᠎ᠡ ᠳᠦ ᠶᠦᠳᠠᠢ ᠳᠤ ᠪᠠᠢᠭᠰᠠᠳ ᠨᠢ ᠠᠭᠤᠯᠠᠨ ᠳᠤ ᠳᠤᠲᠠᠭᠠᠭᠲᠤᠨ᠃ 15 ᠳᠡᠭᠡᠪᠦᠷ ᠳᠡᠭᠡᠷ᠎ᠡ ᠪᠠᠢᠭᠰᠠᠳ ᠨᠢ ᠪᠢᠲᠡᠭᠡᠢ ᠪᠠᠭᠤ᠃ ᠭᠡᠷ ᠡᠴᠡ ᠪᠡᠨ ᠶᠠᠭᠤᠮ᠎ᠠ ᠠᠪᠬᠤ ᠪᠠᠷ ᠪᠢᠲᠡᠭᠡᠢ ᠣᠷᠣ᠃ 16 ᠲᠠᠷᠢᠶᠠᠨ ᠳᠡᠭᠡᠷ᠎ᠡ ᠪᠠᠢᠭᠰᠠᠳ ᠨᠢ ᠬᠤᠪᠴᠠᠰᠤ ᠬᠤᠨᠠᠷ ᠢᠶᠠᠨ ᠠᠪᠬᠤ ᠪᠠᠷ ᠪᠢᠲᠡᠭᠡᠢ ᠬᠠᠷᠢ᠃ 17 ᠲᠡᠷᠡ ᠡᠳᠦᠷ ᠤᠳ ᠢᠶᠠᠷ ᠵᠢᠷᠮᠦᠰᠦᠨ ᠪᠠ ᠬᠥᠬᠥᠭᠦᠯ ᠡᠮᠡᠭᠲᠡᠢᠴᠦᠳ ᠲᠦ ᠭᠠᠢ ᠪᠣᠯᠣᠨ᠎ᠠ᠃ 18 ᠡᠨᠡ ᠶᠠᠪᠤᠳᠠᠯ ᠡᠪᠦᠯ ᠦᠯᠦ ᠲᠣᠬᠢᠶᠠᠯᠳᠤᠬᠤ ᠶᠢ ᠳᠠᠭᠠᠳᠬ᠎ᠠ᠃ 19 ᠤᠴᠢᠷ ᠨᠢ᠂ ᠲᠡᠷᠡ ᠡᠳᠦᠷ ᠤᠳ ᠲᠤ ᠭᠠᠮᠰᠢᠭ ᠪᠣᠯᠣᠨ᠎ᠠ᠃ ᠪᠤᠷᠬᠠᠨ ᠶᠢᠷᠲᠢᠨᠴᠦ ᠶᠢ ᠪᠦᠲᠦᠭᠡᠭᠰᠡᠨ ᠡᠬᠢᠨ ᠡᠴᠡ ᠣᠳᠣ ᠪᠣᠯᠲᠠᠯ᠎ᠠ ᠲᠡᠢᠮᠦ ᠭᠠᠮᠰᠢᠭ ᠲᠣᠬᠢᠶᠠᠯᠳᠤᠭ᠎ᠠ ᠦᠭᠡᠢ ᠪᠥᠭᠡᠳ ᠬᠣᠵᠢᠮ ᠴᠤ ᠯᠠᠪ ᠲᠣᠬᠢᠶᠠᠯᠳᠤᠬᠤ ᠦᠭᠡᠢ ᠶᠤᠮ᠃ 20 ᠬᠡᠷᠪᠡ ᠡᠵᠡᠨ ᠲᠡᠷᠡ ᠬᠤᠭᠤᠴᠠᠭ᠎ᠠ ᠶᠢ ᠪᠣᠭᠣᠨᠢᠰᠬᠠᠭᠰᠠᠨ ᠦᠭᠡᠢ ᠪᠣᠯ ᠮᠢᠬᠠᠨ ᠪᠡᠶ᠎ᠡ ᠲᠠᠢ ᠪᠦᠬᠦᠨ ᠡᠴᠡ ᠨᠢᠭᠡ ᠴᠤ ᠠᠪᠤᠷᠠᠭᠳᠠᠬᠤ ᠦᠭᠡᠢ᠂ ᠬᠠᠷᠢᠨ ᠲᠡᠷᠡ ᠰᠣᠩ᠋ᠭᠣᠭᠳᠠᠭᠰᠠᠳ ᠤᠨ ᠢᠶᠠᠨ ᠲᠥᠯᠥᠭᠡ ᠲᠡᠷᠡ ᠬᠦ ᠬᠤᠭᠤᠴᠠᠭ᠎ᠠ ᠶᠢ ᠪᠣᠭᠣᠨᠢᠰᠬᠠᠵᠠᠢ᠃ 21 ᠬᠡᠷᠪᠡ ᠲᠡᠷᠡ ᠦᠶ᠎ᠡ ᠳᠦ ᠬᠡᠨ ᠨᠢᠭᠡ ᠨᠢ ᠲᠠ ᠨᠠᠷ ᠲᠤ᠄ 〈ᠬᠠᠷᠠᠭᠠᠴᠢ︕ ᠾᠷᠢᠰᠲ᠋ᠣᠰ ᠡ᠊ᠨᠳᠡ ᠪᠠᠢᠨ᠎ᠠ〉 ᠭᠡᠰᠡᠨ ᠴᠤ᠂ 〈ᠬᠠᠷᠠᠭᠠᠴᠢ︕ ᠲᠡᠨᠳᠡ ᠪᠠᠢᠨ᠎ᠠ〉 ᠭᠡᠰᠡᠨ ᠴᠤ ᠪᠦᠦ ᠢᠲᠡᠭᠡ᠃ 22 ᠬᠠᠭᠤᠷᠮᠠᠭ ᠾᠷᠢᠰᠲ᠋ᠣᠰ ᠤᠳ ᠪᠣᠯᠣᠨ ᠬᠠᠭᠤᠷᠮᠠᠭ ᠡᠰᠢ ᠦᠵᠡᠭᠦᠯᠦᠭᠴᠢᠳ ᠭᠠᠷᠴᠤ ᠰᠢᠳᠢ ᠲᠡᠮᠳᠡᠭ᠂ ᠭᠠᠢᠬᠠᠮᠰᠢᠭ ᠤᠳ ᠢ ᠦᠵᠡᠭᠦᠯᠦᠨ ᠠᠯᠢ ᠴᠢᠳᠠᠬᠤ ᠪᠠᠷ ᠰᠣᠩ᠋ᠭᠣᠭᠳᠠᠭᠰᠠᠳ ᠢ ᠪᠠᠴᠢᠯᠠᠬᠤ ᠭᠡᠬᠦ ᠪᠣᠯᠣᠨ᠎ᠠ᠃ 23 ᠲᠡᠢᠮᠦ ᠡᠴᠡ ᠲᠠ ᠨᠠᠷ ᠪᠣᠯᠭᠣᠮᠵᠢᠯᠠᠭᠲᠤᠨ᠃ ᠪᠢ ᠲᠠ ᠨᠠᠷ ᠲᠤ ᠪᠦᠬᠦᠨ ᠢ ᠤᠷᠢᠳᠴᠢᠯᠠᠨ ᠬᠡᠯᠡᠴᠢᠬᠡᠯ᠎ᠡ᠃
ᠾᠷᠢᠰᠲ᠋ᠣᠰ ᠤᠨ ᠳᠠᠬᠢᠨ ᠢᠷᠡᠬᠦ
24 ᠬᠠᠷᠢᠨ ᠡᠨᠡ ᠬᠦ ᠭᠠᠮᠰᠢᠭ ᠤᠨ ᠳᠠᠷᠠᠭᠠᠬᠢ ᠲᠡᠷᠡ ᠡᠳᠦᠷ ᠤᠳ ᠢᠶᠠᠷ ᠨᠠᠷᠠ ᠬᠠᠷᠠᠩ᠋ᠭᠤᠢᠯᠠᠵᠤ᠂ ᠰᠠᠷ᠎ᠠ ᠭᠡᠷᠡᠯ ᠦᠭᠡᠢ ᠪᠣᠯᠣᠨ᠎ᠠ᠂ 25 ᠣᠳᠣᠳ ᠲᠩᠷᠢ ᠡᠴᠡ ᠤᠨᠠᠵᠤ᠂ ᠲᠩᠷᠢ ᠶᠢᠨ ᠡᠷᠬᠡᠰ ᠳᠣᠷᠭᠢᠨ᠎ᠠ᠃ 26 ᠲᠡᠷᠡ ᠦᠶ᠎ᠡ ᠳᠦ ᠬᠥᠮᠦᠨ ᠦ ᠬᠦᠦ ᠶᠢᠨ ᠠᠤᠭ᠎ᠠ ᠬᠦᠴᠦ ᠪᠣᠯᠣᠨ ᠵᠢᠪᠬᠤᠯᠠᠩ ᠲᠠᠢ ᠪᠠᠷ ᠡᠭᠦᠯᠡᠨ ᠳᠤᠮᠳᠠᠭᠤᠷ ᠢᠷᠡᠬᠦ ᠶᠢ ᠬᠥᠮᠦᠰ ᠬᠠᠷᠠᠨ᠎ᠠ᠃ 27 ᠲᠡᠷᠡ ᠦᠶ᠎ᠡ ᠳᠦ᠂ ᠲᠡᠷᠡ ᠪᠡᠷ ᠲᠩᠷᠢ ᠶᠢᠨ ᠡᠯᠴᠢᠳ ᠢᠶᠠᠨ ᠢᠯᠡᠭᠡᠵᠦ᠂ ᠳᠡᠯᠡᠬᠡᠢ ᠶᠢᠨ ᠬᠢᠵᠠᠭᠠᠷ ᠠᠴᠠ ᠲᠩᠷᠢ ᠶᠢᠨ ᠬᠢᠵᠠᠭᠠᠷ ᠬᠦᠷᠲᠡᠯ᠎ᠡ ᠳᠥᠷᠪᠡᠨ ᠵᠦᠭ ᠡᠴᠡ ᠰᠣᠩ᠋ᠭᠣᠭᠳᠠᠭᠰᠠᠳ ᠢᠶᠠᠨ ᠪᠥᠭᠡᠮᠨᠡᠷᠡᠭᠦᠯᠦᠨᠡ᠃
ᠢᠨᠵᠢᠷ ᠤᠨ ᠮᠣᠳᠣᠨ ᠤ ᠦᠯᠢᠭᠡᠷᠯᠡᠯ
28 ᠢᠨᠵᠢᠷ ᠤᠨ ᠮᠣᠳᠣᠨ ᠠᠴᠠ ᠦᠯᠢᠭᠡᠷᠯᠡᠨ ᠰᠤᠷᠤᠭᠲᠤᠨ᠃ ᠮᠥᠴᠢᠷ ᠨᠢ ᠵᠥᠭᠡᠯᠡᠷᠡᠵᠦ ᠨᠠᠪᠴᠢᠯᠠᠩ᠋ᠭᠤᠲᠠ ᠵᠤᠨ ᠣᠢᠷᠠᠲᠤᠭᠰᠠᠨ ᠢ ᠲᠠ ᠨᠠᠷ ᠮᠡᠳᠡᠳᠡᠭ᠃ 29 ᠡᠭᠦᠨᠴᠢᠯᠡᠨ ᠲᠠ ᠨᠠᠷ ᠡᠳᠡᠭᠡᠷ ᠲᠣᠬᠢᠶᠠᠯᠳᠤᠯ ᠢ ᠬᠠᠷᠠᠬᠤ ᠳᠠᠭᠠᠨ ᠬᠥᠮᠦᠨ ᠦ ᠬᠦᠦ ᠶᠢᠨ ᠣᠢᠷᠠᠲᠤᠵᠤ ᠢᠷᠡᠭᠡᠳ ᠡᠭᠦᠳᠡᠨ ᠳᠡᠭᠡᠷ᠎ᠡ ᠪᠠᠢᠭ᠎ᠠ ᠶᠢ ᠮᠡᠳᠡᠭᠲᠦᠨ᠃ 30 ᠲᠠ ᠨᠠᠷ ᠲᠤ ᠪᠠᠲᠤᠲᠠᠢ ᠬᠡᠯᠡᠶ᠎ᠡ᠃ ᠡᠨᠡ ᠪᠦᠬᠦᠨ ᠲᠣᠬᠢᠶᠠᠯᠳᠤᠬᠤ ᠪᠣᠯᠲᠠᠯ᠎ᠠ ᠡᠨᠡ ᠦᠶ᠎ᠡ ᠯᠠᠪ ᠰᠥᠨᠥᠬᠦ ᠦᠭᠡᠢ ᠶᠤᠮ᠃ 31 ᠲᠩᠷᠢ ᠭᠠᠵᠠᠷ ᠠᠯᠠᠭ᠎ᠠ ᠪᠣᠯᠣᠨ᠎ᠠ᠂ ᠭᠡᠪᠡᠴᠦ ᠮᠢᠨᠦ ᠦᠭᠡ ᠯᠠᠪ ᠠᠯᠠᠭ᠎ᠠ ᠪᠣᠯᠬᠤ ᠦᠭᠡᠢ᠃
32 ᠭᠡᠲᠡᠯ᠎ᠡ ᠲᠡᠷᠡ ᠡᠳᠦᠷ᠂ ᠲᠡᠷᠡ ᠴᠠᠭ ᠢ ᠬᠡᠨ ᠴᠤ ᠮᠡᠳᠡᠳᠡᠭ ᠦᠭᠡᠢ᠃ ᠲᠩᠷᠢ ᠶᠢᠨ ᠡᠯᠴᠢᠳ ᠴᠤ᠂ ᠬᠦᠦ ᠴᠤ ᠮᠡᠳᠡᠬᠦ ᠦᠭᠡᠢ᠂ ᠵᠥᠪᠬᠡᠨ ᠡᠴᠢᠭᠡ ᠮᠡᠳᠡᠨ᠎ᠡ᠃ 33 ᠠᠩ᠋ᠬᠠᠷ᠂ ᠰᠡᠷᠭᠡᠭ ᠪᠠᠢᠭᠠᠷᠠᠢ᠃ ᠲᠡᠷᠡ ᠴᠠᠭ ᠬᠡᠵᠢᠶ᠎ᠡ ᠪᠣᠯᠬᠤ ᠶᠢ ᠲᠠ ᠨᠠᠷ ᠮᠡᠳᠡᠬᠦ ᠦᠭᠡᠢ᠃ 34 ᠡᠨᠡ ᠨᠢ ᠨᠢᠭᠡ ᠬᠥᠮᠦᠨ ᠭᠡᠷ ᠢᠶᠡᠨ ᠣᠷᠬᠢᠵᠤ ᠭᠠᠳᠠᠭᠠᠳᠤ ᠳᠤ ᠶᠠᠪᠤᠬᠤ ᠳᠠᠭᠠᠨ ᠵᠠᠷᠤᠴᠠ ᠨᠠᠷ ᠲᠠᠭᠠᠨ ᠡᠷᠬᠡ ᠪᠡᠨ ᠲᠤᠰᠢᠶᠠᠨ᠂ ᠬᠥᠮᠦᠨ ᠪᠦᠷᠢ ᠳᠤ ᠲᠤᠰ ᠲᠤᠰ ᠤᠨ ᠠᠵᠢᠯ ᠢ ᠥᠭᠴᠦ᠂ ᠮᠠᠨᠠᠭᠠᠴᠢ ᠳᠠᠭᠠᠨ ᠰᠡᠷᠡᠮᠵᠢᠲᠡᠢ ᠪᠠᠢᠭᠠᠷᠠᠢ ᠭᠡᠵᠦ ᠵᠠᠬᠢᠭᠰᠠᠨ ᠲᠠᠢ ᠠᠳᠠᠯᠢ᠃ 35 ᠲᠠ ᠨᠠᠷ ᠰᠡᠷᠡᠮᠵᠢᠯᠡᠭᠲᠦᠨ᠃ ᠭᠡᠷ ᠦᠨ ᠡᠵᠡᠨ ᠦ ᠬᠡᠵᠢᠶ᠎ᠡ ᠢᠷᠡᠬᠦ ᠶᠢ ᠲᠠ ᠨᠠᠷ ᠮᠡᠳᠡᠬᠦ ᠦᠭᠡᠢ᠃ ᠣᠷᠣᠢ᠂ ᠰᠥᠨᠢ ᠳᠤᠮᠳᠠ᠂ ᠲᠠᠬᠢᠶ᠎ᠠ ᠳᠤᠤᠭᠠᠷᠬᠤ ᠳᠤ᠂ ᠡᠰᠡᠪᠡᠯ ᠦᠷ ᠢᠶᠡᠷ ᠴᠤ ᠪᠠᠢᠵᠤ ᠮᠡᠳᠡᠨ᠎ᠡ᠃ 36 ᠲᠡᠷᠡ ᠭᠡᠨᠡᠳᠲᠡ ᠢᠷᠡᠭᠡᠳ ᠲᠠ ᠨᠠᠷ ᠤᠨ ᠤᠨᠲᠠᠵᠤ ᠪᠠᠢᠬᠤ ᠶᠢ ᠦᠵᠡᠬᠦ ᠪᠣᠯᠣᠭᠤᠵᠠᠢ᠃ 37 ᠪᠢ ᠲᠠ ᠨᠠᠷ ᠲᠤ ᠶᠠᠷᠢᠵᠤ ᠪᠠᠢᠭ᠎ᠠ ᠪᠠᠨ ᠬᠥᠮᠦᠨ ᠪᠦᠬᠦᠨ ᠳᠦ ᠶᠠᠷᠢᠵᠤ ᠪᠠᠢᠨ᠎ᠠ᠂ ᠰᠡᠷᠡᠮᠵᠢᠯᠡᠭᠲᠦᠨ》 ᠭᠡᠪᠡ᠃