ᠢᠯᠡᠷᠬᠡᠶᠢᠯᠡᠯᠭᠡ ᠨᠢᠭᠡ
ᠡᠮᠦᠨᠡᠬᠢ ᠦᠭᠡ
1 ᠢᠰᠦ᠋ᠰ ᠾᠷᠢᠰᠲ᠋ᠣᠰ ᠤᠨ ᠢᠯᠡᠷᠬᠡᠶᠢᠯᠡᠯᠭᠡ᠃ ᠤᠳᠠᠬᠤ ᠦᠭᠡᠢ ᠶᠠᠭᠤ ᠶᠠᠭᠤ ᠲᠣᠬᠢᠶᠠᠯᠳᠤᠬᠤ ᠶᠣᠰᠣᠲᠠᠢ ᠶᠢ ᠪᠤᠷᠬᠠᠨ ᠵᠠᠷᠤᠴᠠ ᠨᠠᠷ ᠲᠠᠭᠠᠨ ᠦᠵᠡᠭᠦᠯᠬᠦ ᠶᠢᠨ ᠲᠤᠯᠠᠳᠠ᠂ ᠡᠨᠡ ᠢᠯᠡᠷᠬᠡᠶᠢᠯᠡᠯᠭᠡ ᠶᠢ ᠾᠷᠢᠰᠲ᠋ᠣᠰ ᠲᠤ ᠰᠣᠶᠣᠷᠬᠠᠭᠰᠠᠨ ᠪᠥᠭᠡᠳ ᠲᠡᠷᠡ ᠪᠡᠷ ᠵᠠᠷᠤᠴᠠ ᠶᠣᠬᠠᠨ ᠳᠠᠭᠠᠨ ᠲᠩᠷᠢ ᠡᠯᠴᠢ ᠪᠠᠨ ᠢᠯᠡᠭᠡᠵᠦ ᠡᠭᠦᠨ ᠢ ᠮᠡᠳᠡᠭᠦᠯᠵᠡᠢ᠃ 2 ᠶᠣᠬᠠᠨ ᠪᠤᠷᠬᠠᠨ ᠤ ᠦᠭᠡ ᠪᠣᠯᠣᠨ ᠢᠰᠦ᠋ᠰ ᠾᠷᠢᠰᠲ᠋ᠣᠰ ᠤᠨ ᠭᠡᠷᠡᠴᠢᠯᠡᠯ ᠵᠢᠴᠢ ᠦᠵᠡᠭᠰᠡᠨ ᠪᠦᠬᠦᠨ ᠢᠶᠡᠨ ᠭᠡᠷᠡᠴᠢᠯᠡᠯᠡ᠃
3 ᠡᠨᠡ ᠡᠰᠢ ᠦᠵᠡᠭᠦᠯᠦᠯᠭᠡ ᠶᠢᠨ ᠦᠭᠡᠰ ᠢ ᠤᠩ᠋ᠰᠢᠭᠴᠢ᠂ ᠰᠣᠨᠣᠰᠣᠭᠴᠢ᠂ ᠡ᠊ᠨᠳᠡ ᠪᠢᠴᠢᠭᠳᠡᠭᠰᠡᠨ ᠵᠦᠢᠯᠡᠰ ᠢ ᠰᠠᠬᠢᠭᠴᠢᠳ ᠪᠤᠶᠠᠨ ᠲᠠᠢ᠃ ᠤᠴᠢᠷ ᠨᠢ ᠴᠠᠭ ᠣᠢᠷᠠᠲᠤᠭᠰᠠᠨ ᠪᠠᠢᠨ᠎ᠠ᠃
ᠮᠡᠨᠳᠦᠴᠢᠯᠡᠭᠡ ᠪᠠ ᠮᠠᠭᠲᠠᠭᠠᠯ
4 ᠶᠣᠬᠠᠨ ᠠᠽᠢᠶ᠎ᠠ ᠳᠠᠬᠢ ᠳᠣᠯᠣᠭᠠᠨ ᠴᠢᠭᠤᠯᠭᠠᠨ ᠳᠤ ᠢᠯᠡᠭᠡᠪᠡ᠃ ᠪᠠᠢᠭ᠎ᠠ᠂ ᠪᠠᠢᠭᠰᠠᠨ᠂ ᠢᠷᠡᠬᠦ ᠨᠢᠭᠡᠨ ᠡᠴᠡ᠄ ᠲᠡᠭᠦᠨ ᠦ ᠰᠡᠨᠲᠢ ᠶᠢᠨ ᠡᠮᠦᠨᠡᠬᠢ ᠳᠣᠯᠣᠭᠠᠨ ᠰᠦᠨᠡᠰᠦᠨ 1 ᠡᠴᠡ᠄ 5 ᠢᠲᠡᠭᠡᠮᠵᠢᠲᠦ ᠭᠡᠷᠡᠴᠢᠯᠡᠭᠴᠢ᠂ ᠦᠬᠦᠭᠰᠡᠳ ᠦᠨ ᠳᠤᠮᠳᠠ ᠠᠴᠠ ᠠᠩᠬ᠎ᠠ ᠠᠮᠢᠯᠠᠭᠴᠢ᠂ ᠭᠠᠵᠠᠷ ᠳᠡᠭᠡᠷᠡᠬᠢ ᠬᠠᠭᠠᠳ ᠢ ᠵᠠᠬᠢᠷᠤᠭᠴᠢ ᠢᠰᠦ᠋ᠰ ᠾᠷᠢᠰᠲ᠋ᠣᠰ ᠠᠴᠠ ᠢᠪᠡᠭᠡᠯ ᠪᠠ ᠠᠮᠤᠷ ᠠᠮᠤᠭᠤᠯᠠᠩ ᠲᠠ ᠨᠠᠷ ᠲᠤ ᠬᠦᠷᠲᠦᠭᠡᠢ᠃
6 ᠪᠢᠳᠡᠨ ᠢ ᠬᠠᠭᠠᠨᠴᠢᠯᠠᠯ ᠤᠨ ᠬᠢᠨ᠂ ᠡᠴᠢᠭᠡ ᠪᠤᠷᠬᠠᠨ ᠳᠤ ᠦᠢᠯᠡᠴᠢᠯᠡᠳᠡᠭ᠌ ᠲᠠᠬᠢᠯᠴᠢᠳ ᠪᠣᠯᠭᠠᠭᠰᠠᠨ᠃ ᠠᠯᠳᠠᠷ ᠪᠠ ᠬᠦᠴᠦ ᠨᠢ ᠥᠨᠢ ᠮᠥᠩᠬᠡᠳᠡ ᠲᠡᠭᠦᠨ ᠳᠦ ᠪᠠᠢᠬᠤ ᠪᠣᠯᠲᠤᠭᠠᠢ᠃ ᠠᠮᠧᠨ᠃
7 ᠠᠩ᠋ᠬᠠᠷᠤᠭᠲᠤᠨ᠂ ᠲᠡᠷᠡ ᠡᠭᠦᠯᠡᠰ ᠲᠡᠢ ᠢᠷᠡᠨ᠎ᠡ ᠨᠢᠳᠦ ᠪᠣᠯᠭᠠᠨ ᠲᠡᠭᠦᠨ ᠢ ᠬᠠᠷᠠᠨ᠎ᠠ ᠲᠡᠭᠦᠨ ᠢ ᠴᠣᠭᠣᠴᠢᠭᠰᠠᠨ ᠬᠥᠮᠦᠰ ᠴᠤ ᠬᠠᠷᠠᠨ᠎ᠠ ᠭᠠᠵᠠᠷ ᠳᠡᠭᠡᠷᠡᠬᠢ ᠬᠠᠮᠤᠭ ᠣᠪᠣᠭ ᠲᠡᠭᠦᠨ ᠡᠴᠡ ᠪᠣᠯᠵᠤ ᠴᠡᠭᠡᠵᠢ ᠪᠠᠨ ᠳᠡᠯᠡᠳᠦᠨ᠎ᠡ ᠲᠡᠢᠮᠦ ᠡ᠂ ᠠᠮᠧᠨ᠃
8 《ᠪᠢ ᠪᠣᠯ ᠠᠯᠹᠠ ᠪᠠ ᠣᠮᠧᠭᠠ 2 ᠮᠥᠨ᠃ ᠪᠢ ᠪᠣᠯ ᠪᠠᠢᠭ᠎ᠠ᠂ ᠪᠠᠢᠭᠰᠠᠨ᠂ ᠢᠷᠡᠬᠦ ᠲᠡᠭᠦᠰ ᠬᠦᠴᠦᠲᠦ ᠡᠵᠡᠨ ᠪᠤᠷᠬᠠᠨ ᠮᠥᠨ》 ᠬᠡᠮᠡᠨ ᠪᠤᠷᠬᠠᠨ ᠠᠢᠯᠠᠳᠪᠠ᠃
ᠦᠵᠡᠭᠳᠡᠯ ᠳᠤᠮᠳᠠᠬᠢ ᠾᠷᠢᠰᠲ᠋ᠣᠰ
9 ᠶᠣᠬᠠᠨ ᠪᠢ ᠪᠣᠯ ᠲᠠ ᠨᠠᠷ ᠤᠨ ᠠᠬ᠎ᠠ ᠳᠡᠭᠦᠦ ᠪᠥᠭᠡᠳ ᠢᠰᠦ᠋ᠰ ᠤᠨ ᠳᠣᠲᠣᠷ᠎ᠠ ᠵᠣᠪᠠᠯᠠᠩ᠂ ᠬᠠᠭᠠᠨᠴᠢᠯᠠᠯ ᠪᠠ ᠲᠡᠪᠴᠢᠶᠡᠷᠢ ᠶᠢ ᠲᠠ ᠨᠠᠷ ᠲᠠᠢ ᠬᠠᠮᠲᠤ ᠬᠤᠪᠢᠶᠠᠯᠴᠠᠭᠰᠠᠨ ᠬᠥᠮᠦᠨ ᠶᠤᠮ᠃ ᠪᠤᠷᠬᠠᠨ ᠤ ᠦᠭᠡ ᠪᠠ ᠢᠰᠦ᠋ᠰ ᠤᠨ ᠲᠤᠬᠠᠢ ᠭᠡᠷᠡᠴᠢᠯᠡᠯ ᠡᠴᠡ ᠪᠣᠯᠵᠤ ᠪᠢ ᠫᠠᠲ᠋ᠮ ᠬᠡᠮᠡᠬᠦ ᠠᠷᠠᠯ ᠳᠤ ᠪᠠᠢᠪᠠ᠃ 10 ᠡᠵᠡᠨ ᠦ ᠡᠳᠦᠷ 3 ᠪᠢ ᠠᠷᠢᠭᠤᠨ ᠰᠦᠨᠡᠰᠦᠨ ᠦ ᠳᠣᠲᠣᠷ᠎ᠠ ᠣᠷᠣᠭᠰᠠᠨ᠃ ᠠᠷᠤ ᠠᠴᠠ ᠮᠢᠨᠢ ᠪᠦᠷᠢᠶ᠎ᠡ ᠮᠡᠲᠦ ᠴᠢᠩᠭ᠍᠎ᠠ ᠳᠠᠭᠤ ᠰᠣᠨᠣᠰᠳᠠᠵᠤ᠂ 11 《ᠴᠢ ᠬᠠᠷᠠᠭᠰᠠᠨ ᠢᠶᠠᠨ ᠬᠤᠢᠯᠠᠮᠠᠯ ᠳᠤ ᠪᠢᠴᠢᠭᠡᠳ ᠧᠹᠧᠰ᠂ ᠰᠮᠦ᠋ᠷᠨᠠ᠂ ᠫᠧᠷᠭᠠᠮ᠂ ᠲᠦᠶᠠᠲ᠋ᠢᠷᠠ᠂ ᠰᠠᠷᠳᠢ᠂ ᠹᠢᠯᠠᠳᠧᠯᠹᠢᠶ᠎ᠠ᠂ ᠯᠠᠣᠳᠢᠺᠧᠶ᠎ᠠ ᠵᠡᠷᠭᠡ ᠳᠣᠯᠣᠭᠠᠨ ᠴᠢᠭᠤᠯᠭᠠᠨ ᠳᠤ ᠢᠯᠡᠭᠡᠭᠲᠦᠨ》 ᠭᠡᠪᠡ᠃
12 ᠨᠠᠳᠠ ᠳᠤ ᠶᠠᠷᠢᠭᠴᠢ ᠶᠢ ᠬᠠᠷᠠᠬᠤ ᠪᠠᠷ ᠪᠢ ᠡᠷᠭᠢᠯ᠎ᠡ᠃ ᠡᠷᠭᠢᠨ ᠬᠠᠷᠠᠬᠤ ᠳᠤ᠂ ᠳᠣᠯᠣᠭᠠᠨ ᠠᠯᠲᠠᠨ ᠳ᠋ᠧᠩ ᠤᠨ ᠲᠠᠯᠪᠢᠭᠤᠷ ᠬᠢᠭᠡᠳ 13 ᠲᠠᠯᠪᠢᠭᠤᠷ ᠤᠳ ᠤᠨ ᠳᠤᠮᠳᠠ ᠬᠥᠮᠦᠨ ᠦ ᠬᠦᠦ ᠰᠢᠭ ᠨᠢᠭᠡᠨ ᠪᠠᠢᠪᠠ᠃ ᠲᠡᠷᠡ ᠬᠥᠯ ᠳᠡᠭᠡᠨ ᠲᠤᠯᠤᠭᠰᠠᠨ ᠬᠤᠪᠴᠠᠰᠤ ᠲᠠᠢ᠂ ᠴᠡᠭᠡᠵᠢᠨ ᠳᠡᠭᠡᠨ ᠠᠯᠲᠠᠨ ᠪᠦᠰᠡ ᠲᠠᠢ ᠪᠠᠢᠪᠠ᠃ 14 ᠲᠣᠯᠣᠭᠠᠢ ᠪᠠ ᠭᠡᠵᠢᠭᠡ ᠨᠢ ᠨᠣᠣᠰᠣ ᠮᠡᠲᠦ ᠴᠠᠭᠠᠨ᠂ ᠴᠠᠰᠤ ᠮᠡᠲᠦ ᠴᠠᠭᠠᠨ᠂ ᠨᠢᠳᠦ ᠨᠢ ᠭᠠᠯ ᠤᠨ ᠳᠥᠯᠥ ᠮᠡᠲᠦ᠂ 15 ᠬᠥᠯ ᠨᠢ ᠵᠤᠤᠬᠠᠨ ᠳᠤ ᠤᠯᠠᠢᠰᠬᠠᠭᠰᠠᠨ ᠬᠦᠳᠡᠷ ᠮᠡᠲᠦ᠂ ᠳᠠᠭᠤ ᠨᠢ ᠶᠡᠬᠡ ᠤᠰᠤᠨ ᠤ ᠳᠠᠭᠤ ᠮᠡᠲᠦ᠂ 16 ᠪᠠᠷᠠᠭᠤᠨ ᠭᠠᠷ ᠲᠠᠭᠠᠨ ᠳᠣᠯᠣᠭᠠᠨ ᠣᠳᠣ ᠪᠠᠷᠢᠭᠰᠠᠨ ᠪᠥᠭᠡᠳ ᠠᠮᠠᠨ ᠠᠴᠠ ᠨᠢ ᠬᠣᠶᠠᠷ ᠢᠷᠳᠦ ᠬᠤᠷᠴᠠ ᠰᠡᠯᠡᠮ᠎ᠡ ᠭᠠᠷᠴᠤ᠂ ᠨᠢᠭᠤᠷ ᠨᠢ ᠨᠠᠷᠠ ᠮᠡᠲᠦ ᠬᠦᠴᠦᠲᠡᠢ ᠭᠡᠷᠡᠯᠲᠦᠵᠦ ᠪᠠᠢᠯ᠎ᠠ᠃
17 ᠪᠢ ᠲᠡᠭᠦᠨ ᠢ ᠬᠠᠷᠠᠭᠰᠠᠨ ᠢᠶᠠᠨ᠂ ᠦᠬᠦᠭᠰᠡᠨ ᠮᠡᠲᠦ ᠬᠥᠯ ᠦᠨ ᠬᠢᠨᠢ ᠡᠮᠦᠨ᠎ᠡ ᠤᠨᠠᠭᠰᠠᠨ ᠳᠤ᠂ ᠲᠡᠷᠡ ᠪᠠᠷᠠᠭᠤᠨ ᠮᠤᠲᠤᠷ ᠢᠶᠠᠨ ᠮᠢᠨᠦ ᠳᠡᠭᠡᠷ᠎ᠡ ᠲᠠᠯᠪᠢᠵᠤ᠄ 《ᠪᠦᠦ ᠠᠶᠤ᠂ ᠪᠢ ᠪᠣᠯ ᠡᠬᠢᠨ ᠪᠠ ᠡᠴᠦᠰ᠂ 18 ᠠᠮᠢᠳᠤ ᠨᠢᠭᠡᠨ ᠮᠥᠨ᠃ ᠪᠢ ᠦᠬᠦᠭᠰᠡᠨ ᠪᠣᠯᠪᠠᠴᠤ ᠬᠠᠷᠠᠭᠲᠤᠨ᠂ ᠥᠨᠢ ᠮᠥᠩᠬᠡᠳᠡ ᠠᠮᠢᠳᠤ ᠪᠠᠢᠨ᠎ᠠ᠃ ᠨᠠᠳᠠ ᠳᠤ ᠦᠬᠦᠯ ᠪᠠ ᠦᠬᠦᠭᠰᠡᠳ ᠦᠨ ᠣᠷᠣᠨ ᠤ ᠲᠦᠯᠬᠢᠭᠦᠷ ᠪᠤᠢ᠃ 19 ᠲᠡᠢᠮᠦ ᠡᠴᠡ ᠴᠢᠨᠦ ᠬᠠᠷᠠᠭᠰᠠᠨ ᠵᠦᠢᠯᠡᠰ᠂ ᠣᠳᠣ ᠪᠠᠢᠭ᠎ᠠ ᠵᠦᠢᠯᠡᠰ ᠪᠠ ᠡᠳᠡᠭᠡᠷ ᠦᠨ ᠳᠠᠷᠠᠭ᠎ᠠ ᠪᠣᠯᠬᠤ ᠵᠦᠢᠯᠡᠰ ᠢ ᠪᠢᠴᠢ᠃ 20 ᠮᠢᠨᠦ ᠪᠠᠷᠠᠭᠤᠨ ᠭᠠᠷ ᠳᠠᠬᠢ ᠳᠣᠯᠣᠭᠠᠨ ᠣᠳᠣ ᠪᠠ ᠳᠣᠯᠣᠭᠠᠨ ᠠᠯᠲᠠᠨ ᠳ᠋ᠧᠩ ᠤᠨ ᠲᠠᠯᠪᠢᠭᠤᠷ ᠢ ᠴᠢ ᠬᠠᠷᠠᠭᠰᠠᠨ᠂ ᠨᠢᠭᠤᠴᠠ ᠨᠢ ᠭᠡᠪᠡᠯ᠂ ᠳᠣᠯᠣᠭᠠᠨ ᠣᠳᠣ ᠨᠢ ᠳᠣᠯᠣᠭᠠᠨ ᠴᠢᠭᠤᠯᠭᠠᠨ ᠤ ᠡᠯᠴᠢ 4 ᠂ ᠳᠣᠯᠣᠭᠠᠨ ᠳ᠋ᠧᠩ ᠤᠨ ᠲᠠᠯᠪᠢᠭᠤᠷ ᠨᠢ ᠳᠣᠯᠣᠭᠠᠨ ᠴᠢᠭᠤᠯᠭᠠᠨ ᠪᠣᠯᠠᠢ᠃