ᠢᠯᠡᠷᠬᠡᠶᠢᠯᠡᠯᠭᠡ ᠠᠷᠪᠠᠨ ᠲᠠᠪᠤ
ᠢᠯᠠᠯᠲᠠ ᠶᠢᠨ ᠳᠠᠭᠤᠤ
1 ᠲᠩᠷᠢ ᠳᠡᠭᠡᠷᠡᠬᠢ ᠠᠤᠭ᠎ᠠ ᠪᠥᠭᠡᠳ ᠭᠠᠢᠬᠠᠮᠰᠢᠭ ᠲᠠᠢ ᠥᠭᠡᠷ᠎ᠡ ᠨᠢᠭᠡᠨ ᠲᠡᠮᠳᠡᠭ ᠢ ᠪᠢ ᠬᠠᠷᠠᠪᠠ᠃ ᠡᠴᠦᠰ ᠦᠨ ᠳᠣᠯᠣᠭᠠᠨ ᠭᠠᠮᠰᠢᠭ ᠲᠠᠢ ᠳᠣᠯᠣᠭᠠᠨ ᠲᠩᠷᠢ ᠡᠯᠴᠢ ᠪᠠᠢᠵᠠᠢ᠃ ᠡᠳᠡᠭᠡᠷ ᠭᠠᠮᠰᠢᠭ ᠢᠶᠠᠷ ᠪᠤᠷᠬᠠᠨ ᠤ ᠠᠭᠤᠷ ᠬᠢᠯᠢᠩ ᠲᠡᠭᠦᠰᠬᠦ ᠪᠣᠯᠣᠨ᠎ᠠ᠃
2 ᠪᠠᠰᠠ ᠭᠠᠯ ᠲᠠᠢ ᠬᠣᠯᠢᠯᠳᠤᠭᠰᠠᠨ ᠰᠢᠯ ᠤᠨ ᠳᠠᠯᠠᠢ ᠮᠡᠲᠦ ᠶᠠᠭᠤᠮ᠎ᠠ ᠶᠢ ᠪᠢ ᠬᠠᠷᠠᠯ᠎ᠠ᠃ ᠥᠨᠥᠬᠢ ᠠᠷᠢᠶᠠᠲᠠᠨ᠂ ᠠᠷᠢᠶᠠᠲᠠᠨ ᠤ ᠬᠥᠷᠥᠭ ᠱᠤᠭᠤᠮᠠᠯ ᠪᠠ ᠨᠡᠷ᠎ᠡ ᠶᠢᠨ ᠲᠣᠭ᠎ᠠ ᠠᠴᠠ ᠢᠯᠠᠯᠲᠠ ᠲᠠᠢ ᠭᠠᠷᠤᠭᠰᠠᠳ ᠪᠤᠷᠬᠠᠨ ᠤ ᠶᠠᠲᠤᠭ᠎ᠠ ᠶᠢ ᠪᠠᠷᠢᠨ ᠰᠢᠯ ᠤᠨ ᠳᠠᠯᠠᠢ ᠳᠡᠭᠡᠷ᠎ᠡ ᠵᠣᠭᠰᠣᠵᠤ ᠪᠠᠢᠪᠠ᠃ 3 ᠲᠡᠳᠡ ᠪᠤᠷᠬᠠᠨ ᠤ ᠵᠠᠷᠤᠴᠠ ᠮᠣᠰᠧ ᠶᠢᠨ ᠳᠠᠭᠤᠤ ᠬᠢᠭᠡᠳ ᠬᠤᠷᠠᠭᠠᠨ ᠤ ᠳᠠᠭᠤᠤ ᠶᠢ ᠳᠠᠭᠤᠯᠠᠨ᠄ 《ᠲᠠᠨ ᠤ ᠦᠢᠯᠡᠰ ᠠᠭᠤᠤ ᠪᠥᠭᠡᠳ ᠭᠠᠢᠬᠠᠮᠰᠢᠭ ᠲᠠᠢ ᠲᠡᠭᠦᠰ ᠬᠦᠴᠦᠲᠦ ᠡᠵᠡᠨ ᠪᠤᠷᠬᠠᠨ ᠡ︕ ᠲᠠᠨ ᠤ ᠵᠠᠮ ᠵᠥᠪ ᠪᠥᠭᠡᠳ ᠦᠨᠡᠨ ᠦᠨᠳᠦᠰᠦᠲᠡᠨ ᠨᠦᠭᠦᠳ ᠦᠨ ᠬᠠᠭᠠᠨ ᠡ︕
4 ᠡᠵᠡᠨ ᠡ᠂ ᠲᠠᠨ ᠠᠴᠠ ᠬᠡᠨ ᠡᠮᠢᠶᠡᠬᠦ ᠦᠭᠡᠢ ᠪᠤᠢ︖ ᠲᠠᠨ ᠤ ᠨᠡᠷ᠎ᠡ ᠶᠢ ᠬᠡᠨ ᠠᠯᠳᠠᠷᠰᠢᠭᠤᠯᠬᠤ ᠦᠭᠡᠢ ᠪᠤᠢ︖ ᠭᠠᠭᠴᠠ ᠬᠦ ᠲᠠ ᠯᠠ ᠠᠷᠢᠭᠤᠨ ᠲᠠᠨ ᠤ ᠵᠥᠪ ᠦᠢᠯᠡᠰ ᠢᠯᠡᠷᠬᠡᠶᠢᠯᠡᠭᠳᠡᠭᠰᠡᠨ ᠲᠤᠯᠠ ᠬᠠᠮᠤᠭ ᠦᠨᠳᠦᠰᠦᠲᠡᠨ ᠢᠷᠡᠵᠦ ᠲᠠᠨ ᠤ ᠡᠮᠦᠨ᠎ᠡ ᠮᠥᠷᠭᠥᠨ᠎ᠡ》 ᠭᠡᠵᠡᠭᠡᠪᠡ᠃
ᠳᠣᠯᠣᠭᠠᠨ ᠲᠠᠪᠠᠭ ᠲᠠᠢ ᠪᠤᠷᠬᠠᠨ ᠤ ᠬᠢᠯᠢᠩ
5 ᠡᠳᠡᠭᠡᠷ ᠦᠨ ᠳᠠᠷᠠᠭ᠎ᠠ᠂ ᠲᠩᠷᠢ ᠳᠡᠭᠡᠷ᠎ᠡ ᠥᠷᠭᠥᠭᠡ᠂ ᠲᠤᠬᠠᠢᠯᠠᠪᠠᠯ ᠭᠡᠷᠡᠴᠢᠯᠡᠯ ᠦᠨ ᠴᠠᠴᠠᠷ ᠨᠡᠭᠡᠭᠡᠭᠳᠡᠬᠦ ᠶᠢ ᠪᠢ ᠬᠠᠷᠠᠪᠠ᠃ 6 ᠳᠣᠯᠣᠭᠠᠨ ᠭᠠᠮᠰᠢᠭ ᠲᠠᠢ ᠳᠣᠯᠣᠭᠠᠨ ᠲᠩᠷᠢ ᠡᠯᠴᠢ ᠥᠷᠭᠥᠭᠡᠨ ᠡᠴᠡ ᠭᠠᠷᠤᠯ᠎ᠠ᠃ ᠲᠡᠳᠡ ᠭᠢᠯᠠᠯᠵᠠᠭᠰᠠᠨ ᠴᠡᠪᠡᠷ ᠥᠷᠮᠥᠭ ᠬᠤᠪᠴᠠᠰᠤ ᠲᠠᠢ᠂ ᠴᠡᠭᠡᠵᠢᠨ ᠳᠡᠭᠡᠨ ᠠᠯᠲᠠᠨ ᠪᠦᠰᠡ ᠲᠠᠢ ᠪᠠᠢᠭᠰᠠᠨ᠃ 7 ᠲᠡᠭᠡᠬᠦ ᠳᠦ᠂ ᠳᠥᠷᠪᠡᠨ ᠠᠮᠢᠳᠤ ᠪᠡᠶᠡᠲᠡᠨ ᠦ ᠳᠤᠮᠳᠠ ᠠᠴᠠ ᠨᠢᠭᠡ ᠨᠢ ᠳᠣᠯᠣᠭᠠᠨ ᠲᠩᠷᠢ ᠡᠯᠴᠢ ᠳᠤ ᠥᠨᠢ ᠮᠥᠩᠬᠡ ᠠᠮᠢᠳᠤᠷᠠᠭᠴᠢ ᠪᠤᠷᠬᠠᠨ ᠤ ᠠᠭᠤᠷ ᠬᠢᠯᠢᠩ ᠢᠶᠠᠷ ᠳᠦᠭᠦᠷᠦᠭᠰᠡᠨ ᠳᠣᠯᠣᠭᠠᠨ ᠠᠯᠲᠠᠨ ᠲᠠᠪᠠᠭ ᠢ ᠥᠭᠪᠡ᠃ 8 ᠪᠤᠷᠬᠠᠨ ᠤ ᠠᠯᠳᠠᠷ ᠪᠠ ᠬᠦᠴᠦ ᠴᠢᠳᠠᠯ ᠤᠨ ᠤᠲᠤᠭ᠎ᠠ ᠥᠷᠭᠥᠭᠡ ᠶᠢ ᠳᠦᠭᠦᠷᠭᠡᠪᠡ᠃ ᠳᠣᠯᠣᠭᠠᠨ ᠲᠩᠷᠢ ᠡᠯᠴᠢ ᠶᠢᠨ ᠳᠣᠯᠣᠭᠠᠨ ᠭᠠᠮᠰᠢᠭ ᠳᠠᠭᠤᠰᠲᠠᠯ᠎ᠠ ᠬᠡᠨ ᠴᠤ ᠥᠷᠭᠥᠭᠡᠨ ᠳᠦ ᠣᠷᠣᠵᠤ ᠴᠢᠳᠠᠭᠰᠠᠨ ᠦᠭᠡᠢ᠃