ᠢᠯᠡᠷᠬᠡᠶᠢᠯᠡᠯᠭᠡ ᠬᠣᠷᠢᠨ ᠬᠣᠶᠠᠷ
1 ᠲᠩᠷᠢ ᠡᠯᠴᠢ ᠨᠠᠳᠠ ᠳᠤ ᠪᠣᠯᠣᠷ ᠮᠡᠲᠦ ᠲᠤᠩ᠋ᠭᠠᠯᠠᠭ ᠠᠮᠢ ᠶᠢᠨ ᠤᠰᠤᠨ ᠤ ᠭᠣᠣᠯ ᠢ ᠦᠵᠡᠭᠦᠯᠪᠡ᠃ ᠭᠣᠣᠯ ᠨᠢ ᠪᠤᠷᠬᠠᠨ ᠪᠠ ᠬᠤᠷᠠᠭᠠᠨ ᠤ ᠰᠡᠨᠲᠢ ᠡᠴᠡ ᠭᠠᠷᠴᠤ᠂ 2 ᠬᠣᠲᠠ ᠶᠢᠨ ᠵᠡᠭᠡᠯᠢ ᠳᠤᠮᠳᠠᠭᠤᠷ ᠤᠷᠤᠰᠴᠤ ᠪᠠᠢᠯ᠎ᠠ᠃ ᠭᠣᠣᠯ ᠤᠨ ᠨᠠᠭᠠᠨ᠎ᠠ ᠪᠠ ᠴᠠᠭᠠᠨ᠎ᠠ ᠠᠮᠢ ᠶᠢᠨ ᠮᠣᠳᠣ ᠪᠤᠢ᠂ ᠡᠨᠡ ᠮᠣᠳᠣ ᠠᠷᠪᠠᠨ ᠬᠣᠶᠠᠷ ᠲᠥᠷᠥᠯ ᠦᠨ ᠵᠢᠮᠢᠰ ᠲᠠᠢ ᠪᠥᠭᠡᠳ ᠰᠠᠷ᠎ᠠ ᠪᠦᠷᠢ ᠵᠢᠮᠢᠰ ᠰᠠᠭᠤᠳᠠᠭ᠃ ᠮᠣᠳᠣᠨ ᠤ ᠨᠠᠪᠴᠢᠰ ᠨᠢ ᠦᠨᠳᠦᠰᠦᠲᠡᠨ ᠨᠦᠭᠦᠳ ᠢ ᠡᠳᠡᠭᠡᠭᠡᠬᠦ ᠪᠣᠯᠣᠨ᠎ᠠ᠃ 3 ᠴᠢᠨᠠᠭᠰᠢᠳᠠ ᠬᠠᠷᠢᠶᠠᠯ ᠭᠡᠵᠦ ᠪᠠᠢᠬᠤ ᠦᠭᠡᠢ᠃ ᠪᠤᠷᠬᠠᠨ ᠪᠠ ᠬᠤᠷᠠᠭᠠᠨ ᠤ ᠰᠡᠨᠲᠢ ᠲᠡᠨᠳᠡ ᠪᠠᠢᠬᠤ ᠪᠣᠯᠣᠨ᠎ᠠ᠂ ᠵᠠᠷᠤᠴᠠ ᠨᠠᠷ ᠨᠢ ᠲᠡᠭᠦᠨ ᠳᠦ ᠦᠢᠯᠡᠴᠢᠯᠡᠵᠦ᠂ 4 ᠪᠤᠷᠬᠠᠨ ᠤ ᠨᠢᠭᠤᠷ ᠢ ᠬᠠᠷᠠᠬᠤ ᠪᠣᠯᠣᠨ᠎ᠠ᠂ ᠲᠡᠳᠡᠨ ᠦ ᠮᠠᠩᠨᠠᠢ ᠳᠡᠭᠡᠷ᠎ᠡ ᠪᠤᠷᠬᠠᠨ ᠤ ᠨᠡᠷ᠎ᠡ ᠪᠤᠢ᠃ 5 ᠴᠢᠨᠠᠭᠰᠢᠳᠠ ᠰᠥᠨᠢ ᠭᠡᠵᠦ ᠪᠠᠢᠬᠤ ᠦᠭᠡᠢ᠃ ᠳ᠋ᠧᠩ ᠤᠨ ᠭᠡᠷᠡᠯ ᠪᠤᠶᠤ ᠨᠠᠷᠠᠨ ᠤ ᠭᠡᠷᠡᠯ ᠴᠤ ᠬᠡᠷᠡᠭ ᠦᠭᠡᠢ᠃ ᠤᠴᠢᠷ ᠨᠢ᠂ ᠡᠵᠡᠨ ᠪᠤᠷᠬᠠᠨ ᠲᠡᠳᠡᠨ ᠦ ᠳᠡᠭᠡᠷ᠎ᠡ ᠭᠡᠷᠡᠯᠲᠦᠭᠦᠯᠬᠦ ᠶᠤᠮ᠃ ᠲᠡᠳᠡ ᠥᠨᠢ ᠮᠥᠩᠬᠡᠳᠡ ᠬᠠᠭᠠᠨᠴᠢᠯᠠᠨ᠎ᠠ᠃
ᠡᠵᠡᠨ ᠢᠷᠡᠬᠦ
6 ᠥᠨᠥᠬᠢ ᠲᠩᠷᠢ ᠡᠯᠴᠢ ᠨᠠᠳᠠ ᠳᠤ᠄ 《ᠡᠳᠡᠭᠡᠷ ᠦᠭᠡᠰ ᠢᠲᠡᠭᠡᠮᠵᠢᠲᠦ ᠪᠥᠭᠡᠳ ᠦᠨᠡᠨ ᠶᠤᠮ᠂ ᠡᠰᠢ ᠦᠵᠡᠭᠦᠯᠦᠭᠴᠢᠳ ᠲᠤ ᠰᠦᠨᠡᠰᠦ ᠪᠡᠨ ᠰᠣᠶᠣᠷᠬᠠᠭᠴᠢ ᠡᠵᠡᠨ ᠪᠤᠷᠬᠠᠨ ᠤᠳᠠᠯ ᠦᠭᠡᠢ ᠶᠠᠭᠤ ᠶᠠᠭᠤ ᠲᠣᠬᠢᠶᠠᠯᠳᠤᠬᠤ ᠶᠣᠰᠣᠲᠠᠢ ᠶᠢ ᠵᠠᠷᠤᠴᠠ ᠨᠠᠷ ᠲᠠᠭᠠᠨ ᠦᠵᠡᠭᠦᠯᠬᠦ ᠶᠢᠨ ᠲᠤᠯᠠᠳᠠ ᠲᠩᠷᠢ ᠡᠯᠴᠢ ᠪᠠᠨ ᠢᠯᠡᠭᠡᠭᠰᠡᠨ ᠶᠤᠮ》 ᠭᠡᠪᠡ᠃
7 《ᠠᠩ᠋ᠬᠠᠷᠤᠭᠲᠤᠨ᠂ ᠪᠢ ᠤᠳᠠᠬᠤ ᠦᠭᠡᠢ ᠢᠷᠡᠨ᠎ᠡ᠂ ᠡᠨᠡ ᠨᠣᠮ ᠤᠨ ᠡᠰᠢ ᠦᠵᠡᠭᠦᠯᠦᠯᠭᠡ ᠶᠢᠨ ᠦᠭᠡᠰ ᠢ ᠰᠠᠬᠢᠭᠴᠢ ᠨᠢ ᠪᠤᠶᠠᠨ ᠲᠠᠢ︕》
8 ᠡᠳᠡᠭᠡᠷ ᠢ ᠦᠵᠡᠵᠦ ᠰᠣᠨᠣᠰᠣᠭᠴᠢ ᠨᠢ ᠶᠣᠬᠠᠨ ᠪᠢ ᠪᠠᠢᠨ᠎ᠠ᠃ ᠪᠢ ᠦᠵᠡᠵᠦ ᠰᠣᠨᠣᠰᠬᠤ ᠳᠠᠭᠠᠨ᠂ ᠡᠳᠡᠭᠡᠷ ᠢ ᠨᠠᠳᠠ ᠳᠤ ᠦᠵᠡᠭᠦᠯᠦᠭᠰᠡᠨ ᠲᠩᠷᠢ ᠡᠯᠴᠢ ᠶᠢᠨ ᠬᠥᠯ ᠦᠨ ᠡᠮᠦᠨ᠎ᠡ ᠡᠯᠢᠭᠡᠳᠡᠨ ᠤᠨᠠᠵᠤ ᠮᠥᠷᠭᠥᠬᠦ ᠭᠡᠵᠦ ᠪᠠᠢᠪᠠ᠃ 9 ᠬᠠᠷᠢᠨ ᠲᠡᠷᠡ ᠨᠠᠳᠠ ᠳᠤ᠄ 《ᠪᠣᠯᠢ᠂ ᠪᠢ ᠴᠤ ᠴᠢᠮ᠎ᠠ ᠲᠠᠢ ᠠᠳᠠᠯᠢᠬᠠᠨ ᠵᠠᠷᠤᠴᠠ ᠶᠤᠮ᠂ ᠴᠢ ᠪᠣᠯᠣᠨ ᠴᠢᠨᠦ ᠠᠬ᠎ᠠ ᠳᠡᠭᠦᠦ ᠡᠰᠢ ᠦᠵᠡᠭᠦᠯᠦᠭᠴᠢᠳ ᠬᠢᠭᠡᠳ ᠡᠨᠡ ᠨᠣᠮ ᠤᠨ ᠦᠭᠡᠰ ᠢ ᠰᠠᠬᠢᠭᠴᠢᠳ ᠲᠠᠢ ᠠᠳᠠᠯᠢᠬᠠᠨ᠃ ᠪᠤᠷᠬᠠᠨ ᠳᠤ ᠯᠠ ᠮᠥᠷᠭᠥᠭᠲᠦᠨ》 ᠭᠡᠪᠡ᠃
10 ᠪᠠᠰᠠ ᠨᠠᠳᠠ ᠳᠤ᠄ 《ᠡᠨᠡ ᠨᠣᠮ ᠤᠨ ᠡᠰᠢ ᠦᠵᠡᠭᠦᠯᠦᠯᠭᠡ ᠶᠢᠨ ᠦᠭᠡᠰ ᠢ ᠪᠢᠲᠡᠭᠡᠢ ᠪᠢᠲᠡᠭᠦᠮᠵᠢᠯᠡ᠃ ᠴᠠᠭ ᠣᠢᠷᠠᠲᠤᠭᠰᠠᠨ ᠪᠠᠢᠨ᠎ᠠ᠃ 11 ᠵᠥᠪᠲᠦ ᠪᠤᠰᠤ ᠬᠥᠮᠦᠨ ᠵᠥᠪᠲᠦ ᠪᠤᠰᠤ ᠪᠠᠨ ᠦᠢᠯᠡᠳᠦᠭ᠂ ᠪᠣᠬᠢᠷ ᠬᠥᠮᠦᠨ ᠪᠣᠬᠢᠷ ᠢᠶᠠᠨ ᠦᠢᠯᠡᠳᠦᠭ᠂ ᠵᠥᠪᠲᠦ ᠬᠥᠮᠦᠨ ᠵᠥᠪ ᠢᠶᠡᠨ ᠦᠢᠯᠡᠳᠦᠭ᠂ ᠠᠷᠢᠭᠤᠨ ᠬᠥᠮᠦᠨ ᠠᠷᠢᠭᠤᠨ ᠢᠶᠠᠨ ᠦᠢᠯᠡᠳᠦᠭ》 ᠭᠡᠪᠡ᠃
12 《ᠠᠩ᠋ᠬᠠᠷᠤᠭᠲᠤᠨ︕ ᠪᠢ ᠤᠳᠠᠬᠤ ᠦᠭᠡᠢ ᠢᠷᠡᠨ᠎ᠡ︕ ᠨᠠᠳᠠ ᠳᠤ ᠱᠠᠩᠨᠠᠯ ᠪᠤᠢ᠂ ᠬᠥᠮᠦᠨ ᠪᠦᠷᠢ ᠳᠤ ᠦᠢᠯᠡᠰ ᠦᠨ ᠬᠢᠨᠢ ᠶᠣᠰᠣᠭᠠᠷ ᠥᠭᠭᠥᠨ᠎ᠡ᠃ 13 ᠪᠢ ᠪᠣᠯ ᠠᠯᠹᠠ ᠪᠠ ᠣᠮᠧᠭᠠ 34 ᠂ ᠡᠬᠢᠨ ᠪᠠ ᠡᠴᠦᠰ᠂ ᠡᠬᠢᠯᠡᠯ ᠪᠠ ᠲᠡᠭᠦᠰᠬᠡᠯ ᠮᠥᠨ᠃》
14 ᠠᠮᠢ ᠶᠢᠨ ᠮᠣᠳᠣ ᠤᠷᠤᠭᠤ ᠣᠴᠢᠬᠤ ᠡᠷᠬᠡ ᠶᠢ ᠣᠯᠣᠭᠠᠳ ᠬᠠᠭᠠᠯᠭ᠎ᠠ ᠪᠠᠷ ᠬᠣᠲᠠ ᠤᠷᠤᠭᠤ ᠣᠷᠣᠬᠤ ᠶᠢᠨ ᠲᠤᠯᠠᠳᠠ ᠨᠥᠮᠥᠷᠭᠡ ᠪᠡᠨ ᠤᠬᠢᠶᠠᠭᠴᠢᠳ ᠪᠤᠶᠠᠨ ᠲᠠᠢ︕ 15 ᠬᠠᠷᠢᠨ ᠨᠣᠬᠠᠳ᠂ ᠶᠢᠯᠸᠢᠴᠢᠳ᠂ ᠰᠠᠳᠤᠷᠯᠠᠭᠴᠢᠳ᠂ ᠬᠥᠮᠦᠨ ᠠᠯᠠᠭᠴᠢ᠂ ᠰᠢᠲᠦᠭᠡᠨ ᠳᠦ ᠮᠥᠷᠭᠥᠭᠴᠢᠳ ᠪᠠ ᠳᠤᠷᠠᠲᠠᠶ᠎ᠠ ᠬᠤᠳᠠᠯ ᠬᠡᠯᠡᠭᠴᠢᠳ ᠭᠠᠳᠠᠨ᠎ᠠ ᠪᠠᠢᠬᠤ ᠪᠣᠯᠣᠨ᠎ᠠ᠃
16 《ᠢᠰᠦ᠋ᠰ ᠪᠢ ᠴᠢᠭᠤᠯᠭᠠᠨ ᠨᠤᠭᠤᠳ ᠲᠤ ᠵᠣᠷᠢᠭᠤᠯᠵᠤ᠂ ᠡᠳᠡᠭᠡᠷ ᠢ ᠲᠠ ᠨᠠᠷ ᠲᠤ ᠭᠡᠷᠡᠴᠢᠯᠡᠬᠦ ᠶᠢᠨ ᠲᠤᠯᠠᠳᠠ ᠡᠯᠴᠢ ᠪᠠᠨ ᠢᠯᠡᠭᠡᠪᠡ᠃ ᠪᠢ ᠪᠣᠯ ᠳ᠋ᠠᠸᠢᠳ᠋ ᠤᠨ ᠦᠨᠳᠦᠰᠦ ᠪᠠ ᠤᠳᠤᠮ ᠮᠥᠨ᠃ ᠪᠢ ᠪᠣᠯ ᠭᠡᠷᠡᠯᠲᠦ ᠴᠣᠯᠮᠣᠨ ᠮᠥᠨ᠃》 17 ᠠᠷᠢᠭᠤᠨ ᠰᠦᠨᠡᠰᠦ ᠪᠠ ᠰᠢᠨ᠎ᠡ ᠪᠡᠷᠢ᠄ 《ᠢᠷᠡᠭᠡᠷᠡᠢ᠂ ᠲᠠ︕》 ᠭᠡᠵᠡᠭᠡᠵᠦ ᠪᠠᠢᠨ᠎ᠠ᠂ ᠰᠣᠨᠣᠰᠣᠭᠴᠢ ᠨᠢ ᠴᠤ᠄ 《ᠢᠷᠡᠭᠡᠷᠡᠢ᠂ ᠲᠠ︕》 ᠭᠡᠵᠦ ᠬᠡᠯᠡᠭᠲᠦᠨ᠃ ᠴᠠᠩ᠋ᠭᠠᠭᠴᠢᠳ ᠢᠷᠡᠭᠲᠦᠨ︕ ᠠᠮᠢ ᠶᠢᠨ ᠤᠰᠤ ᠶᠢ ᠬᠦᠰᠡᠭᠴᠢᠳ ᠦᠨ᠎ᠡ ᠦᠭᠡᠢ ᠪᠠᠷ ᠬᠦᠷᠲᠡᠭᠡᠷᠡᠢ︕
18 ᠡᠨᠡ ᠨᠣᠮ ᠤᠨ ᠡᠰᠢ ᠦᠵᠡᠭᠦᠯᠦᠯᠭᠡ ᠶᠢᠨ ᠦᠭᠡᠰ ᠢ ᠰᠣᠨᠣᠰᠣᠭᠴᠢ ᠪᠦᠬᠦᠨ ᠳᠦ ᠪᠢ ᠠᠩ᠋ᠬᠠᠷᠤᠭᠤᠯᠤᠶᠠ᠃ ᠬᠡᠨ ᠴᠤ ᠭᠡᠰᠡᠨ᠂ ᠡᠳᠡᠭᠡᠷ ᠦᠨ ᠳᠡᠭᠡᠷ᠎ᠡ ᠨᠡᠮᠡᠪᠡᠯ ᠡᠨᠡ ᠨᠣᠮ ᠳᠤ ᠪᠢᠴᠢᠭᠳᠡᠭᠰᠡᠨ ᠭᠠᠮᠰᠢᠭ ᠤᠳ ᠢ ᠪᠤᠷᠬᠠᠨ ᠲᠡᠷᠡ ᠬᠥᠮᠦᠨ ᠦ ᠳᠡᠭᠡᠷ᠎ᠡ ᠨᠡᠮᠡᠨ᠎ᠡ᠃ 19 ᠬᠡᠨ ᠴᠤ ᠭᠡᠰᠡᠨ᠂ ᠡᠰᠢ ᠦᠵᠡᠭᠦᠯᠦᠯᠭᠡ ᠶᠢᠨ ᠨᠣᠮ ᠤᠨ ᠦᠭᠡᠰ ᠡᠴᠡ ᠬᠠᠰᠤᠪᠠᠯ ᠡᠨᠡ ᠨᠣᠮ ᠳᠤ ᠪᠢᠴᠢᠭᠳᠡᠭᠰᠡᠨ ᠠᠮᠢ ᠶᠢᠨ ᠮᠣᠳᠣ ᠪᠠ ᠠᠷᠢᠭᠤᠨ ᠬᠣᠲᠠ ᠠᠴᠠ ᠣᠯᠬᠤ ᠲᠡᠭᠦᠨ ᠦ ᠬᠤᠪᠢ ᠶᠢ ᠪᠤᠷᠬᠠᠨ ᠬᠠᠰᠤᠨ᠎ᠠ᠃
20 ᠡᠳᠡᠭᠡᠷ ᠢ ᠭᠡᠷᠡᠴᠢᠯᠡᠭᠴᠢ ᠨᠢ᠄ 《ᠲᠡᠢᠮᠦ ᠡ᠂ ᠪᠢ ᠤᠳᠠᠬᠤ ᠦᠭᠡᠢ ᠢᠷᠡᠨ᠎ᠡ》 ᠬᠡᠮᠡᠵᠦ ᠪᠠᠢᠨ᠎ᠠ᠃ ᠠᠮᠧᠨ︕ ᠡᠵᠡᠨ ᠢᠰᠦ᠋ᠰ ᠡ᠂ ᠢᠷᠡᠭᠡᠴᠢ︕
21 ᠡᠵᠡᠨ ᠢᠰᠦ᠋ᠰ ᠤᠨ ᠢᠪᠡᠭᠡᠯ ᠲᠠ ᠪᠦᠬᠦᠨ ᠲᠡᠢ ᠬᠠᠮᠲᠤ ᠪᠠᠢᠬᠤ ᠪᠣᠯᠲᠤᠭᠠᠢ︕