ᠢᠯᠡᠷᠬᠡᠶᠢᠯᠡᠯᠭᠡ ᠬᠣᠷᠢᠨ ᠨᠢᠭᠡ
ᠰᠢᠨ᠎ᠡ ᠲᠩᠷᠢ᠂ ᠰᠢᠨ᠎ᠡ ᠭᠠᠵᠠᠷ
1 ᠲᠡᠭᠡᠬᠦ ᠳᠦ᠂ ᠪᠢ ᠰᠢᠨ᠎ᠡ ᠲᠩᠷᠢ᠂ ᠰᠢᠨ᠎ᠡ ᠭᠠᠵᠠᠷ ᠢ ᠬᠠᠷᠠᠯ᠎ᠠ᠃ ᠠᠩ᠋ᠬᠠᠨ ᠤ ᠲᠩᠷᠢ᠂ ᠠᠩ᠋ᠬᠠᠨ ᠤ ᠭᠠᠵᠠᠷ ᠥᠩᠭᠡᠷᠡᠵᠦ ᠳᠠᠯᠠᠢ ᠴᠤ ᠦᠭᠡᠢ ᠪᠣᠯᠵᠠᠢ᠃ 2 ᠪᠠᠰᠠ ᠠᠷᠢᠭᠤᠨ ᠬᠣᠲᠠ ᠪᠤᠶᠤ ᠰᠢᠨ᠎ᠡ ᠶᠧᠷᠦ᠋ᠰᠠᠯᠧᠮ ᠬᠠᠷᠢ ᠳᠤ ᠮᠣᠷᠳᠠᠬᠤ ᠪᠠᠷ ᠴᠢᠮᠡᠭᠯᠡᠭᠰᠡᠨ ᠰᠢᠨ᠎ᠡ ᠪᠡᠷᠢ ᠮᠡᠲᠦ ᠪᠡᠷ ᠪᠡᠯᠡᠳᠬᠡᠭᠳᠡᠭᠡᠳ ᠪᠤᠷᠬᠠᠨ ᠤ ᠪᠠᠢᠭ᠎ᠠ ᠲᠩᠷᠢ ᠡᠴᠡ ᠪᠠᠭᠤᠵᠤ ᠢᠷᠡᠬᠦ ᠶᠢ ᠪᠢ ᠬᠠᠷᠠᠯ᠎ᠠ᠃ 3 ᠲᠡᠭᠡᠭᠡᠳ ᠰᠡᠨᠲᠢ ᠡᠴᠡ ᠶᠡᠬᠡ ᠳᠠᠭᠤ ᠭᠠᠷᠬᠤ ᠶᠢ ᠪᠢ ᠰᠣᠨᠣᠰᠣᠯ᠎ᠠ᠃ ᠲᠡᠷᠡ᠄ 《ᠬᠠᠷ᠎ᠠ᠂ ᠪᠤᠷᠬᠠᠨ ᠤ ᠣᠷᠣᠰᠢᠬᠤᠢ ᠬᠥᠮᠦᠰ ᠲᠡᠢ ᠬᠠᠮᠲᠤ ᠪᠠᠢᠭᠰᠠᠭᠠᠷ ᠪᠤᠷᠬᠠᠨ ᠲᠡᠳᠡᠨ ᠲᠡᠢ ᠬᠠᠮᠲᠤ ᠣᠷᠣᠰᠢᠵᠤ᠂ ᠲᠡᠳᠡ ᠲᠡᠭᠦᠨ ᠦ ᠠᠷᠠᠳ ᠲᠦᠮᠡᠨ ᠪᠣᠯᠣᠨ᠎ᠠ᠃ ᠪᠤᠷᠬᠠᠨ ᠥᠪᠡᠷ ᠢᠶᠡᠨ ᠲᠡᠳᠡᠨ ᠲᠡᠢ ᠬᠠᠮᠲᠤ ᠪᠠᠢᠭᠰᠠᠭᠠᠷ᠂ 〔ᠲᠡᠳᠡᠨ ᠦ ᠪᠤᠷᠬᠠᠨ ᠪᠣᠯᠵᠤ᠂〕 4 ᠲᠡᠳᠡᠨ ᠦ ᠨᠢᠳᠦᠨ ᠡᠴᠡ ᠬᠠᠮᠤᠭ ᠨᠢᠯᠪᠤᠰᠤ ᠶᠢ ᠠᠷᠴᠢᠨ᠎ᠠ᠂ ᠠᠬᠢᠭᠠᠳ ᠦᠬᠦᠯ ᠭᠡᠵᠦ ᠦᠭᠡᠢ᠂ ᠤᠢ ᠭᠠᠰᠢᠭᠤᠨ ᠴᠤ᠂ ᠤᠬᠢᠯᠠᠭᠠᠨ ᠴᠤ᠂ ᠡᠪᠡᠳᠴᠢᠨ ᠴᠤ ᠦᠭᠡᠢ ᠪᠣᠯᠣᠨ᠎ᠠ᠂ ᠤᠷᠢᠳᠤ ᠶᠢᠨ ᠵᠦᠢᠯᠡᠰ ᠥᠩᠭᠡᠷᠡᠭᠰᠡᠨ》 ᠭᠡᠪᠡ᠃
5 ᠲᠡᠭᠡᠬᠦ ᠳᠦ᠂ ᠰᠡᠨᠲᠢ ᠳᠤ ᠵᠠᠯᠠᠷᠠᠭᠴᠢ᠄ 《ᠠᠩ᠋ᠬᠠᠷᠤᠭᠲᠤᠨ᠂ ᠪᠢ ᠪᠦᠬᠦᠨ ᠢ ᠰᠢᠨᠡᠳᠬᠡᠵᠦ ᠪᠠᠢᠨ᠎ᠠ︕》 ᠬᠡᠮᠡᠨ ᠪᠠᠰᠠ᠄ 《ᠪᠢᠴᠢᠭᠲᠦᠨ᠂ ᠡᠳᠡᠭᠡᠷ ᠦᠭᠡ ᠪᠣᠯ ᠢᠲᠡᠭᠡᠮᠵᠢᠲᠦ ᠪᠥᠭᠡᠳ ᠦᠨᠡᠨ》 ᠭᠡᠯᠡ᠃ 6 ᠲᠡᠷᠡ ᠪᠠᠰᠠ ᠨᠠᠳᠠ ᠳᠤ᠄ 《ᠪᠦᠲᠦᠯ᠎ᠡ︕ ᠪᠢ ᠪᠣᠯ ᠠᠯᠹᠠ ᠪᠠ ᠣᠮᠧᠭᠠ 27 ᠂ ᠡᠬᠢᠯᠡᠯ ᠪᠠ ᠲᠡᠭᠦᠰᠬᠡᠯ᠃ ᠴᠠᠩ᠋ᠭᠠᠭᠴᠢ ᠳᠤ ᠪᠢ ᠠᠮᠢ ᠶᠢᠨ ᠤᠰᠤᠨ ᠤ ᠪᠤᠯᠠᠭ ᠠᠴᠠ ᠦᠨ᠎ᠡ ᠦᠭᠡᠢ ᠪᠠᠷ ᠤᠤᠭᠤᠯᠭᠠᠨ᠎ᠠ᠃ 7 ᠢᠯᠠᠭᠴᠢ ᠨᠢ ᠡᠳᠡᠭᠡᠷ ᠢ ᠥᠪᠯᠡᠨᠡ᠃ ᠪᠢ ᠲᠡᠭᠦᠨ ᠦ ᠪᠤᠷᠬᠠᠨ ᠪᠣᠯᠵᠤ᠂ ᠲᠡᠷᠡ ᠮᠢᠨᠦ ᠬᠦᠦ ᠪᠣᠯᠣᠨ᠎ᠠ᠃ 8 ᠬᠠᠷᠢᠨ ᠲᠡᠳᠡᠭᠡᠷ ᠠᠶᠤᠮᠠᠲᠠᠭᠠᠢ᠂ ᠢᠲᠡᠭᠡᠯ ᠦᠭᠡᠢ᠂ ᠵᠢᠭᠰᠢᠭᠦᠷᠢᠲᠡᠢ᠂ ᠬᠥᠮᠦᠨ ᠠᠯᠠᠭᠴᠢ᠂ ᠰᠠᠳᠤᠷᠯᠠᠭᠴᠢ᠂ ᠶᠢᠯᠸᠢᠴᠢᠨ᠂ ᠰᠢᠲᠦᠭᠡᠨ ᠳᠦ ᠮᠥᠷᠭᠥᠭᠴᠢ ᠪᠠ ᠠᠯᠢᠪᠠ ᠬᠤᠳᠠᠯᠴᠢ ᠳᠤ ᠣᠨᠣᠭᠳᠠᠬᠤ ᠬᠤᠪᠢ ᠨᠢ ᠬᠦᠬᠦᠷ ᠰᠢᠲᠠᠵᠤ ᠪᠤᠢ ᠭᠠᠯᠲᠤ ᠨᠠᠭᠤᠷ ᠪᠣᠯᠠᠢ᠃ ᠡᠨᠡ ᠪᠣᠯ ᠬᠣᠶᠠᠳᠠᠬᠢ ᠦᠬᠦᠯ ᠮᠥᠨ》 ᠭᠡᠪᠡ᠃
ᠰᠢᠨ᠎ᠡ ᠶᠧᠷᠦ᠋ᠰᠠᠯᠧᠮ
9 ᠰᠡᠭᠦᠯᠴᠢ ᠶᠢᠨ ᠳᠣᠯᠣᠭᠠᠨ ᠭᠠᠮᠰᠢᠭ ᠢᠶᠠᠷ ᠳᠦᠭᠦᠷᠡᠩ ᠳᠣᠯᠣᠭᠠᠨ ᠲᠠᠪᠠᠭ ᠲᠠᠢ ᠳᠣᠯᠣᠭᠠᠨ ᠲᠩᠷᠢ ᠡᠯᠴᠢ ᠶᠢᠨ ᠨᠢᠭᠡ ᠨᠢ ᠢᠷᠡᠵᠦ ᠨᠠᠳᠠ ᠳᠤ᠄ 《ᠨᠠᠰᠢ ᠢᠷ᠎ᠡ︕ ᠬᠤᠷᠠᠭᠠᠨ ᠤ ᠭᠡᠷᠭᠡᠢ ᠪᠣᠯᠬᠤ ᠰᠢᠨ᠎ᠡ ᠪᠡᠷᠢ ᠶᠢ ᠪᠢ ᠴᠢᠮ᠎ᠠ ᠳᠤ ᠦᠵᠡᠭᠦᠯᠦᠶ᠎ᠡ》 ᠭᠡᠪᠡ᠃ 10 ᠲᠡᠷᠡ ᠪᠡᠷ ᠠᠷᠢᠭᠤᠨ ᠰᠦᠨᠡᠰᠦ ᠪᠡᠷ ᠨᠠᠮᠠᠶᠢ ᠥᠨᠳᠥᠷ ᠲᠣᠮᠣ ᠠᠭᠤᠯᠠᠨ ᠤ ᠳᠡᠭᠡᠷ᠎ᠡ ᠬᠦᠷᠭᠡᠵᠦ᠂ ᠪᠤᠷᠬᠠᠨ ᠤ ᠪᠠᠢᠭ᠎ᠠ ᠲᠩᠷᠢ ᠡᠴᠡ ᠪᠠᠭᠤᠵᠤ ᠪᠤᠢ ᠠᠷᠢᠭᠤᠨ ᠬᠣᠲᠠ ᠶᠧᠷᠦ᠋ᠰᠠᠯᠧᠮ ᠢ ᠦᠵᠡᠭᠦᠯᠪᠡ᠃ 11 ᠡᠨᠡ ᠬᠣᠲᠠ ᠪᠤᠷᠬᠠᠨ ᠤ ᠠᠯᠳᠠᠷ ᠲᠠᠢ᠂ ᠪᠠᠰᠠ ᠬᠠᠮᠤᠭ ᠤᠨ ᠡᠷᠬᠢᠮ ᠡᠷᠳᠡᠨᠢ ᠶᠢᠨ ᠴᠢᠯᠠᠭᠤᠨ ᠤ ᠲᠤᠶᠠᠭ᠎ᠠ ᠲᠠᠢ ᠪᠥᠭᠡᠳ ᠬᠠᠰ ᠮᠡᠲᠦ᠂ ᠮᠥᠨ ᠲᠤᠩ᠋ᠭᠠᠯᠠᠭ ᠪᠣᠯᠣᠷ ᠮᠡᠲᠦ ᠭᠡᠷᠡᠯ ᠲᠡᠢ᠃ 12 ᠲᠡᠨᠳᠡ ᠥᠨᠳᠥᠷ ᠲᠣᠮᠣ ᠬᠡᠷᠡᠮ ᠬᠢᠭᠡᠳ ᠠᠷᠪᠠᠨ ᠬᠣᠶᠠᠷ ᠬᠠᠭᠠᠯᠭ᠎ᠠ ᠪᠤᠢ᠃ ᠬᠠᠭᠠᠯᠭᠠᠨ ᠤ ᠳᠡᠭᠡᠷ᠎ᠡ ᠠᠷᠪᠠᠨ ᠬᠣᠶᠠᠷ ᠲᠩᠷᠢ ᠡᠯᠴᠢ ᠪᠠ ᠢᠰᠷᠧᠯᠴᠦᠳ ᠦᠨ ᠠᠷᠪᠠᠨ ᠬᠣᠶᠠᠷ ᠠᠢᠮᠠᠭ ᠤᠨ ᠨᠡᠷ᠎ᠡ ᠲᠠᠢ ᠪᠢᠴᠢᠭᠡᠰᠦ ᠪᠠᠢᠳᠠᠭ᠃ 13 ᠵᠡᠭᠦᠨ ᠲᠠᠯ᠎ᠠ ᠳᠤᠨᠢ ᠭᠤᠷᠪᠠᠨ ᠬᠠᠭᠠᠯᠭ᠎ᠠ᠂ ᠬᠣᠢᠲᠤ ᠲᠠᠯ᠎ᠠ ᠳᠤᠨᠢ ᠭᠤᠷᠪᠠᠨ ᠬᠠᠭᠠᠯᠭ᠎ᠠ᠂ ᠡᠮᠦᠨ᠎ᠡ ᠲᠠᠯ᠎ᠠ ᠳᠤᠨᠢ ᠭᠤᠷᠪᠠᠨ ᠬᠠᠭᠠᠯᠭ᠎ᠠ᠂ ᠪᠠᠷᠠᠭᠤᠨ ᠲᠠᠯ᠎ᠠ ᠳᠤᠨᠢ ᠭᠤᠷᠪᠠᠨ ᠬᠠᠭᠠᠯᠭ᠎ᠠ ᠪᠤᠢ᠃ 14 ᠬᠣᠲᠠ ᠶᠢᠨ ᠬᠡᠷᠡᠮ ᠨᠢ ᠠᠷᠪᠠᠨ ᠬᠣᠶᠠᠷ ᠰᠠᠭᠤᠷᠢ ᠲᠠᠢ᠃ ᠰᠠᠭᠤᠷᠢ ᠳᠡᠭᠡᠷ᠎ᠡ ᠨᠢ ᠬᠤᠷᠠᠭᠠᠨ ᠤ ᠠᠷᠪᠠᠨ ᠬᠣᠶᠠᠷ ᠰᠢᠳᠠᠷ ᠱᠠᠪᠢ ᠶᠢᠨ ᠠᠷᠪᠠᠨ ᠬᠣᠶᠠᠷ ᠨᠡᠷ᠎ᠡ ᠪᠤᠢ᠃
15 ᠨᠠᠳᠠ ᠲᠠᠢ ᠶᠠᠷᠢᠭᠰᠠᠨ ᠲᠩᠷᠢ ᠡᠯᠴᠢ ᠳᠤ ᠬᠠᠭᠠᠯᠭ᠎ᠠ ᠨᠤᠭᠤᠳ ᠪᠠ ᠬᠡᠷᠡᠮ ᠢ ᠬᠡᠮᠵᠢᠬᠦ ᠠᠯᠲᠠᠨ ᠱᠤᠭᠤᠮ ᠪᠠᠢᠪᠠ᠃ 16 ᠬᠣᠲᠠ ᠨᠢ ᠲᠡᠭᠰᠢ ᠳᠥᠷᠪᠡᠯᠵᠢᠨ ᠪᠥᠭᠡᠳ ᠤᠷᠲᠤ ᠥᠷᠭᠡᠨ ᠨᠢ ᠠᠳᠠᠯᠢᠬᠠᠨ᠃ ᠲᠩᠷᠢ ᠡᠯᠴᠢ ᠱᠤᠭᠤᠮ ᠢᠶᠠᠷ ᠢᠶᠠᠨ ᠲᠡᠷᠡ ᠬᠣᠲᠠ ᠶᠢ ᠬᠡᠮᠵᠢᠭᠰᠡᠨ ᠳᠦ ᠤᠷᠲᠤ᠂ ᠥᠷᠭᠡᠨ᠂ ᠥᠨᠳᠥᠷ ᠨᠢ ᠪᠦᠷ ᠠᠳᠠᠯᠢᠬᠠᠨ᠂ ᠲᠦᠮᠡ ᠬᠣᠶᠠᠷ ᠮᠢᠩ᠋ᠭᠠᠨ ᠰᠧᠲ᠋ᠠᠳᠢᠶᠣᠨ 28 ᠪᠣᠯᠠᠢ᠃ 17 ᠬᠣᠲᠠ ᠶᠢᠨ ᠬᠡᠷᠡᠮ ᠢ ᠬᠡᠮᠵᠢᠭᠰᠡᠨ ᠳᠦ᠂ ᠵᠠᠭᠤ ᠳᠥᠴᠢᠨ ᠳᠥᠷᠪᠡᠨ ᠲᠣᠬᠣᠢ ᠪᠠᠢᠯ᠎ᠠ᠃ ᠲᠩᠷᠢ ᠡᠯᠴᠢ ᠬᠥᠮᠦᠨ ᠦ ᠬᠡᠮᠵᠢᠭᠦᠷ ᠢᠶᠡᠷ ᠬᠡᠮᠵᠢᠪᠡ᠃ 18 ᠬᠣᠲᠠ ᠶᠢᠨ ᠬᠡᠷᠡᠮ ᠨᠢ ᠬᠠᠰ ᠢᠶᠠᠷ ᠪᠠᠢᠭᠤᠯᠤᠭᠳᠠᠪᠠ᠃ ᠬᠣᠲᠠ ᠨᠢ ᠲᠤᠩ᠋ᠭᠠᠯᠠᠭ ᠰᠢᠯ ᠮᠡᠲᠦ ᠰᠢᠵᠢᠷ ᠠᠯᠲᠠ ᠪᠠᠢᠯ᠎ᠠ᠃ 19 ᠬᠣᠲᠠ ᠶᠢᠨ ᠬᠡᠷᠡᠮ ᠦᠨ ᠰᠠᠭᠤᠷᠢ ᠨᠢ ᠵᠦᠢᠯ ᠪᠦᠷᠢ ᠶᠢᠨ ᠡᠷᠳᠡᠨᠢ ᠶᠢᠨ ᠴᠢᠯᠠᠭᠤᠨ ᠤ ᠴᠢᠮᠡᠭ ᠲᠡᠢ᠃ ᠨᠢᠭᠡᠳᠡᠬᠢ ᠰᠠᠭᠤᠷᠢ ᠨᠢ ᠬᠠᠰ᠂ ᠬᠣᠶᠠᠳᠠᠬᠢ ᠨᠢ ᠢᠨᠳᠠᠷᠨᠢᠯᠠ 29 ᠂ ᠭᠤᠷᠪᠠᠳᠠᠬᠢ ᠨᠢ ᠮᠠᠨᠤᠬᠤ 30 ᠂ ᠳᠥᠷᠪᠡᠳᠡᠬᠢ ᠨᠢ ᠨᠣᠮᠢᠨ᠂ 20 ᠲᠠᠪᠤᠳᠠᠬᠢ ᠨᠢ ᠤᠯᠠᠭᠠᠨ ᠮᠠᠨᠤᠬᠤ᠂ ᠵᠢᠷᠭᠤᠳᠠᠬᠢ ᠨᠢ ᠶᠠᠭᠠᠨ ᠢᠨᠳᠠᠷᠨᠢᠯᠠ᠂ ᠳᠣᠯᠣᠳᠠᠬᠢ ᠨᠢ ᠰᠢᠷ᠎ᠠ ᠬᠠᠰ᠂ ᠨᠠᠢ᠌ᠮᠠᠳᠠᠬᠢ ᠨᠢ ᠪᠢᠳᠦᠷᠶ᠎ᠡ 31 ᠂ ᠶᠢᠰᠦᠳᠡᠬᠢ ᠨᠢ ᠮᠣᠯᠣᠷ 32 ᠂ ᠠᠷᠪᠠᠳᠠᠬᠢ ᠨᠢ ᠨᠣᠭᠣᠭᠠᠨ ᠬᠠᠰ᠂ ᠠᠷᠪᠠᠨ ᠨᠢᠭᠡᠳᠡᠬᠢ ᠨᠢ ᠣᠭ᠍ᠶᠤ 33 ᠂ ᠠᠷᠪᠠᠨ ᠬᠣᠶᠠᠳᠠᠬᠢ ᠨᠢ ᠶᠠᠭᠠᠨ ᠪᠣᠯᠣᠷ ᠪᠠᠢᠪᠠ᠃ 21 ᠠᠷᠪᠠᠨ ᠬᠣᠶᠠᠷ ᠬᠠᠭᠠᠯᠭ᠎ᠠ ᠨᠢ ᠠᠷᠪᠠᠨ ᠬᠣᠶᠠᠷ ᠰᠤᠪᠤᠳ ᠪᠥᠭᠡᠳ ᠬᠠᠭᠠᠯᠭ᠎ᠠ ᠪᠦᠷᠢ ᠶᠢ ᠭᠠᠭᠴᠠ ᠰᠤᠪᠤᠳ ᠢᠶᠠᠷ ᠬᠢᠵᠡᠢ᠃ ᠬᠣᠲᠠ ᠶᠢᠨ ᠵᠡᠭᠡᠯᠢ ᠨᠢ ᠰᠢᠵᠢᠷ ᠠᠯᠲᠠ᠂ ᠲᠤᠩ᠋ᠭᠠᠯᠠᠭ ᠰᠢᠯ ᠮᠡᠲᠦ ᠪᠠᠢᠯ᠎ᠠ᠃
22 ᠲᠡᠨᠳᠡ ᠪᠢ ᠥᠷᠭᠥᠭᠡ ᠣᠯᠵᠤ ᠬᠠᠷᠠᠭᠰᠠᠨ ᠦᠭᠡᠢ᠃ ᠲᠡᠨᠳᠡᠬᠢ ᠶᠢᠨ ᠥᠷᠭᠥᠭᠡ ᠨᠢ ᠲᠡᠭᠦᠰ ᠬᠦᠴᠦᠲᠦ ᠡᠵᠡᠨ ᠪᠤᠷᠬᠠᠨ ᠪᠠ ᠬᠤᠷᠠᠭ᠎ᠠ ᠪᠢᠯᠡ᠃ 23 ᠲᠡᠷᠡ ᠬᠣᠲᠠ ᠳᠤ ᠨᠠᠷᠠ ᠪᠤᠶᠤ ᠰᠠᠷᠠᠨ ᠤ ᠭᠡᠷᠡᠯᠲᠦᠭᠦᠯᠭᠡ ᠬᠡᠷᠡᠭ ᠦᠭᠡᠢ᠃ ᠤᠴᠢᠷ ᠨᠢ᠂ ᠪᠤᠷᠬᠠᠨ ᠤ ᠠᠯᠳᠠᠷ ᠰᠤᠤ ᠭᠡᠷᠡᠯᠲᠦᠭᠦᠯᠦᠭᠰᠡᠨ ᠶᠤᠮ᠃ ᠬᠤᠷᠠᠭ᠎ᠠ ᠪᠣᠯ ᠲᠡᠨᠳᠡᠬᠢ ᠶᠢᠨ ᠳ᠋ᠧᠩ ᠮᠥᠨ᠃ 24 ᠦᠨᠳᠦᠰᠦᠲᠡᠨ ᠨᠦᠭᠦᠳ ᠲᠡᠨᠳᠡᠬᠢ ᠶᠢᠨ ᠭᠡᠷᠡᠯ ᠳᠤᠮᠳᠠᠭᠤᠷ ᠠᠯᠬᠤᠨ᠎ᠠ᠃ ᠭᠠᠵᠠᠷ ᠤᠨ ᠬᠠᠭᠠᠳ ᠠᠯᠳᠠᠷ ᠰᠤᠤ ᠪᠠᠨ ᠡ᠊ᠨᠳᠡ ᠠᠪᠴᠢᠷᠠᠳᠠᠭ ᠪᠣᠯᠣᠨ᠎ᠠ᠃ 25 ᠲᠡᠨᠳᠡ ᠰᠥᠨᠢ ᠭᠡᠵᠦ ᠦᠭᠡᠢ᠂ ᠬᠠᠭᠠᠯᠭ᠎ᠠ ᠨᠤᠭᠤᠳ ᠡᠳᠦᠷᠵᠢᠨ ᠶᠡᠷᠦ ᠬᠠᠭᠠᠭᠳᠠᠬᠤ ᠦᠭᠡᠢ᠃ 26 ᠲᠡᠳᠡ ᠦᠨᠳᠦᠰᠦᠲᠡᠨ ᠨᠦᠭᠦᠳ ᠦᠨ ᠠᠯᠳᠠᠷ ᠬᠦᠨᠳᠦᠯᠡᠯ ᠢ ᠡ᠊ᠨᠳᠡ ᠠᠪᠴᠢᠷᠠᠨ᠎ᠠ᠃ 27 ᠠᠷᠢᠭᠤᠨ ᠪᠤᠰᠤ ᠨᠢ ᠲᠡᠨᠳᠡ ᠣᠷᠣᠬᠤ ᠪᠣᠯᠣᠮᠵᠢ ᠥᠴᠦᠬᠡᠨ ᠴᠤ ᠦᠭᠡᠢ᠂ ᠵᠢᠭᠰᠢᠭᠦᠷᠢᠲᠦ ᠵᠦᠢᠯ ᠦᠢᠯᠡᠳᠦᠭᠴᠢ ᠪᠣᠯᠣᠨ ᠬᠤᠳᠠᠯᠴᠢ ᠪᠠᠰᠠ ᠪᠣᠯᠣᠮᠵᠢ ᠦᠭᠡᠢ᠂ ᠬᠤᠷᠠᠭᠠᠨ ᠤ ᠠᠮᠢ ᠶᠢᠨ ᠨᠣᠮ ᠳᠤ ᠨᠡᠷ᠎ᠡ ᠪᠡᠨ ᠪᠢᠴᠢᠭᠦᠯᠦᠭᠰᠡᠨ ᠬᠥᠮᠦᠰ ᠯᠠ ᠪᠣᠯᠣᠮᠵᠢ ᠲᠠᠢ᠃