1 2 3 4 5 6 7 8 9 10 11 12 13 14 15 16 17 18 19 20 21 22


ᠢᠯᠡᠷᠬᠡᠶᠢᠯᠡᠯᠭᠡ ᠬᠣᠶᠠᠷ
 ᠳᠣᠯᠣᠭᠠᠨ ᠴᠢᠭᠤᠯᠭᠠᠨ ᠳᠤ ᠶᠠᠪᠤᠭᠤᠯᠬᠤ ᠦᠭᠡ ᠧᠹᠧᠰ ᠴᠢᠭᠤᠯᠭᠠᠨ ᠳᠤ

1 ᠧᠹᠧᠰ ᠳᠠᠬᠢ ᠴᠢᠭᠤᠯᠭᠠᠨ ᠤ ᠡᠯᠴᠢ 5  ᠳᠤ ᠪᠢᠴᠢᠭᠲᠦᠨ᠄ ᠪᠠᠷᠠᠭᠤᠨ ᠭᠠᠷ ᠲᠠᠭᠠᠨ ᠳᠣᠯᠣᠭᠠᠨ ᠣᠳᠣ ᠪᠠᠷᠢᠭᠴᠢ᠂ ᠳᠣᠯᠣᠭᠠᠨ ᠠᠯᠲᠠᠨ ᠳ᠋ᠧᠩ ᠤᠨ ᠲᠠᠯᠪᠢᠭᠤᠷ ᠤᠨ ᠳᠤᠮᠳᠠᠭᠤᠷ ᠠᠯᠬᠤᠭᠴᠢ ᠡᠢᠨ ᠬᠦ ᠠᠢᠯᠠᠳᠴᠤ ᠪᠠᠢᠨ᠎ᠠ᠄

2 ᠦᠢᠯᠡᠰ ᠪᠠ ᠬᠥᠳᠡᠯᠮᠦᠷᠢ᠂ ᠲᠡᠪᠴᠢᠶᠡᠷᠢ ᠶᠢ ᠴᠢᠨᠢ ᠪᠢ ᠮᠡᠳᠡᠨ᠎ᠡ᠃ ᠴᠢ ᠮᠠᠭᠤ ᠬᠥᠮᠦᠰ 6  ᠢ ᠵᠥᠪᠰᠢᠶᠡᠷᠡᠵᠦ ᠴᠢᠳᠠᠳᠠᠭ ᠦᠭᠡᠢ᠃ ᠥᠪᠡᠷᠰᠡᠳ ᠢ ᠪᠠᠨ ᠰᠢᠳᠠᠷ ᠱᠠᠪᠢ ᠬᠡᠮᠡᠳᠡᠭ ᠪᠣᠯᠪᠠᠴᠤ ᠪᠢᠰᠢ ᠬᠥᠮᠦᠰ ᠢ ᠰᠢᠯᠭᠠᠵᠤ ᠬᠠᠭᠤᠷᠮᠠᠴᠢ ᠪᠠᠢᠭᠰᠠᠨ ᠢ ᠨᠢ ᠢᠯᠡᠷᠡᠭᠦᠯᠦᠭᠰᠡᠨ᠃ 3 ᠴᠢ ᠲᠡᠪᠴᠢᠶᠡᠷᠢ ᠲᠠᠢ ᠪᠠᠢᠵᠤ᠂ ᠮᠢᠨᠦ ᠨᠡᠷ᠎ᠡ ᠶᠢᠨ ᠲᠥᠯᠥᠭᠡ ᠲᠡᠰᠪᠦᠷᠢᠯᠡᠭᠰᠡᠨ ᠪᠥᠭᠡᠳ ᠴᠤᠴᠠᠭ᠎ᠠ ᠦᠭᠡᠢ᠂ ᠡᠳᠡᠭᠡᠷ ᠢ ᠪᠢ ᠮᠡᠳᠡᠨ᠎ᠡ᠃ 4 ᠬᠠᠷᠢᠨ ᠴᠢᠨᠦ ᠡᠰᠡᠷᠭᠦ ᠬᠡᠯᠡᠬᠦ ᠦᠭᠡ ᠪᠤᠢ᠂ ᠴᠢ ᠠᠩ᠋ᠬᠠᠨ ᠤ ᠬᠠᠢᠷ᠎ᠠ ᠪᠠᠨ ᠣᠷᠬᠢᠵᠠᠢ᠃ 5 ᠣᠳᠣ ᠴᠢ ᠬᠠᠮᠢᠭ᠎ᠠ ᠠᠴᠠ ᠤᠨᠠᠭᠰᠠᠨ ᠢᠶᠠᠨ ᠰᠠᠨᠠᠭᠲᠤᠨ᠂ ᠭᠡᠮᠰᠢ︕ ᠠᠩᠬ᠎ᠠ ᠬᠢᠭᠰᠡᠨ ᠢᠶᠡᠨ ᠬᠢ᠃ ᠬᠡᠷᠪᠡ ᠴᠢ ᠲᠡᠭᠡᠬᠦ ᠦᠭᠡᠢ᠂ ᠭᠡᠮᠰᠢᠬᠦ ᠴᠤ ᠦᠭᠡᠢ ᠪᠣᠯ ᠪᠢ ᠴᠢᠮ᠎ᠠ ᠳᠡᠭᠡᠷ᠎ᠡ ᠢᠷᠡᠵᠦ᠂ ᠳ᠋ᠧᠩ ᠤᠨ ᠲᠠᠯᠪᠢᠭᠤᠷ ᠢ ᠴᠢᠨᠢ ᠣᠷᠣᠨ ᠠᠴᠠ ᠨᠢ ᠵᠠᠢᠯᠠᠭᠤᠯᠤᠶ᠎ᠠ᠃ 6 ᠬᠠᠷᠢᠨ ᠴᠢ ᠨᠢᠺᠣᠯᠠᠴᠤᠳ ᠤᠨ ᠦᠢᠯᠡᠰ ᠢ ᠦᠵᠡᠨ ᠶᠠᠳᠠᠳᠠᠭ ᠶᠤᠮ ᠪᠠᠢᠨ᠎ᠠ᠂ ᠪᠢ ᠴᠤ ᠡᠳᠡᠭᠡᠷ ᠢ ᠦᠵᠡᠨ ᠶᠠᠳᠠᠳᠠᠭ᠃ 7 ᠠᠷᠢᠭᠤᠨ ᠰᠦᠨᠡᠰᠦ ᠴᠢᠭᠤᠯᠭᠠᠨ ᠨᠤᠭᠤᠳ ᠲᠤ ᠶᠠᠭᠤ ᠠᠢᠯᠠᠳᠴᠤ ᠪᠠᠢᠭ᠎ᠠ ᠶᠢ ᠴᠢᠬᠢ ᠲᠠᠢ ᠨᠢ ᠰᠣᠨᠣᠰᠣᠭᠲᠤᠨ᠃ ᠢᠯᠠᠭᠴᠢ ᠳᠤ ᠪᠢ ᠪᠤᠷᠬᠠᠨ ᠤ ᠳ᠋ᠧᠪᠠᠵᠠᠨ ᠳᠤ ᠪᠠᠢᠭ᠎ᠠ ᠠᠮᠢ ᠶᠢᠨ ᠮᠣᠳᠣᠨ ᠠᠴᠠ ᠢᠳᠡᠭᠦᠯᠦᠨ᠎ᠡ᠃
 ᠰᠮᠦ᠋ᠷᠨᠠ ᠴᠢᠭᠤᠯᠭᠠᠨ ᠳᠤ

8 ᠰᠮᠦ᠋ᠷᠨᠠ ᠳᠠᠬᠢ ᠴᠢᠭᠤᠯᠭᠠᠨ ᠤ ᠡᠯᠴᠢ 7  ᠳᠤ ᠪᠢᠴᠢᠭᠲᠦᠨ᠄ ᠡᠬᠢᠨ ᠪᠠ ᠡᠴᠦᠰ᠂ ᠦᠬᠦᠭᠡᠳ ᠠᠮᠢᠳᠤᠷᠠᠭᠰᠠᠨ ᠨᠢᠭᠡᠨ ᠡᠢᠨ ᠬᠦ ᠠᠢᠯᠠᠳᠴᠤ ᠪᠠᠢᠨ᠎ᠠ᠄

9 ᠴᠢᠨᠦ ᠵᠦᠳᠡᠭᠦᠷᠢ ᠪᠠ ᠶᠠᠳᠠᠭᠤᠷᠠᠯ ᠢ ᠪᠢ ᠮᠡᠳᠡᠨ᠎ᠡ᠃ ᠭᠡᠪᠡᠴᠦ ᠴᠢ ᠪᠣᠯ ᠪᠠᠶᠠᠨ᠂ ᠥᠪᠡᠷᠰᠡᠳ ᠢ ᠪᠠᠨ ᠶᠦᠳᠠᠢᠴᠤᠳ ᠬᠡᠮᠡᠳᠡᠭ ᠬᠥᠮᠦᠰ ᠲᠦ ᠭᠦᠳᠬᠡᠭᠳᠡᠳᠡᠭ ᠢ ᠴᠢᠨᠢ ᠴᠤ ᠪᠢ ᠮᠡᠳᠡᠨ᠎ᠡ᠃ ᠬᠠᠷᠢᠨ ᠲᠡᠳᠡ ᠪᠣᠯ ᠶᠦᠳᠠᠢᠴᠤᠳ ᠪᠢᠰᠢ᠂ ᠰᠠᠲ᠋ᠠᠨ ᠤ ᠪᠦᠯᠦᠭ ᠮᠥᠨ᠃ 10 ᠤᠳᠠᠬᠤ ᠦᠭᠡᠢ ᠡᠳ᠋ᠯᠡᠬᠦ ᠵᠣᠪᠠᠯᠠᠩ ᠠᠴᠠ ᠪᠠᠨ ᠪᠦᠦ ᠠᠶᠤ᠃ ᠠᠩ᠋ᠬᠠᠷᠤᠭᠲᠤᠨ᠂ ᠰᠠᠲ᠋ᠠᠨ ᠲᠠ ᠨᠠᠷ ᠢ ᠰᠣᠷᠢᠬᠤ ᠶᠢᠨ ᠲᠤᠯᠠᠳᠠ ᠵᠠᠷᠢᠮ ᠢ ᠴᠢᠨᠢ ᠭᠢᠨᠳᠠᠨ ᠳᠤ ᠬᠣᠷᠢᠬᠤ ᠭᠡᠵᠦ ᠪᠠᠢᠭ᠎ᠠ᠃ ᠲᠠ ᠨᠠᠷ ᠲᠤ ᠠᠷᠪᠠᠨ ᠡᠳᠦᠷ ᠦᠨ ᠬᠠᠪᠴᠢᠯᠭ᠎ᠠ ᠤᠴᠠᠷᠠᠬᠤ ᠪᠣᠯᠣᠨ᠎ᠠ᠂ ᠴᠢ ᠦᠬᠦᠲᠡᠯ᠎ᠡ ᠪᠡᠨ ᠦᠨᠡᠨᠴᠢ ᠪᠠᠢ᠃ ᠲᠡᠭᠡᠪᠡᠯ ᠴᠢᠮ᠎ᠠ ᠳᠤ ᠠᠮᠢ ᠶᠢᠨ ᠲᠢᠲᠢᠮ ᠢ ᠥᠭᠭᠥᠶ᠎ᠡ᠃ 11 ᠠᠷᠢᠭᠤᠨ ᠰᠦᠨᠡᠰᠦ ᠴᠢᠭᠤᠯᠭᠠᠨ ᠨᠤᠭᠤᠳ ᠲᠤ ᠶᠠᠭᠤ ᠠᠢᠯᠠᠳᠴᠤ ᠪᠠᠢᠭ᠎ᠠ ᠶᠢ ᠴᠢᠬᠢ ᠲᠠᠢ ᠨᠢ ᠰᠣᠨᠣᠰᠣᠭᠲᠤᠨ︕ ᠢᠯᠠᠭᠴᠢ ᠨᠢ ᠬᠣᠶᠠᠳᠠᠬᠢ ᠦᠬᠦᠯ 8  ᠳᠤ ᠶᠡᠷᠦ ᠬᠣᠣᠷᠯᠠᠭᠳᠠᠬᠤ ᠦᠭᠡᠢ᠃
 ᠫᠧᠷᠭᠠᠮ ᠴᠢᠭᠤᠯᠭᠠᠨ ᠳᠤ

12 ᠫᠧᠷᠭᠠᠮ ᠳᠠᠬᠢ ᠴᠢᠭᠤᠯᠭᠠᠨ ᠤ ᠡᠯᠴᠢ 9  ᠳᠤ ᠪᠢᠴᠢᠭᠲᠦᠨ᠄ ᠬᠣᠶᠠᠷ ᠢᠷᠳᠦ ᠬᠤᠷᠴᠠ ᠰᠡᠯᠡᠮ᠎ᠡ ᠲᠠᠢ ᠨᠢᠭᠡᠨ ᠡᠢᠨ ᠬᠦ ᠠᠢᠯᠠᠳᠴᠤ ᠪᠠᠢᠨ᠎ᠠ᠄

13 ᠬᠠᠮᠢᠭ᠎ᠠ ᠰᠠᠭᠤᠵᠤ ᠪᠠᠢᠭ᠎ᠠ ᠶᠢ ᠴᠢᠨᠢ ᠪᠢ ᠮᠡᠳᠡᠨ᠎ᠡ᠃ ᠲᠡᠨᠳᠡ ᠰᠠᠲ᠋ᠠᠨ ᠤ ᠰᠠᠭᠤᠳᠠᠯ ᠪᠠᠢᠳᠠᠭ᠃ ᠬᠠᠷᠢᠨ ᠨᠡᠷ᠎ᠡ ᠶᠢ ᠮᠢᠨᠢ ᠪᠠᠲᠤ ᠪᠠᠷᠢᠮᠲᠠᠯᠠᠳᠠᠭ᠂ ᠮᠢᠨᠦ ᠦᠨᠡᠨᠴᠢ ᠭᠡᠷᠡᠴᠢᠯᠡᠭᠴᠢ ᠠᠨᠲ᠋ᠢᠫᠠ ᠴᠢᠨᠦ ᠳᠡᠷᠭᠡᠳᠡ᠂ ᠲᠤᠬᠠᠢᠯᠠᠪᠠᠯ ᠰᠠᠲ᠋ᠠᠨ ᠤ ᠰᠠᠭᠤᠵᠤ ᠪᠠᠢᠭ᠎ᠠ ᠭᠠᠵᠠᠷ ᠲᠤ ᠠᠯᠠᠭᠳᠠᠭᠰᠠᠨ ᠡᠳᠦᠷ ᠤᠳ ᠲᠤ ᠴᠤ ᠨᠠᠳᠠ ᠳᠤ ᠢᠲᠡᠭᠡᠭᠰᠡᠨ ᠢᠲᠡᠭᠡᠯ ᠢᠶᠡᠨ ᠴᠢ ᠦᠭᠡᠶᠢᠰᠬᠡᠭᠰᠡᠨ ᠦᠭᠡᠢ᠃ 14 ᠬᠠᠷᠢᠨ ᠴᠢᠨᠦ ᠡᠰᠡᠷᠭᠦ ᠬᠡᠯᠡᠬᠦ ᠬᠡᠳᠦᠨ ᠦᠭᠡ ᠪᠤᠢ᠃ ᠴᠢᠨᠦ ᠲᠡᠨᠳᠡ ᠪᠠᠯᠠᠮ ᠤᠨ ᠰᠤᠷᠭᠠᠯ ᠢ ᠪᠠᠷᠢᠮᠲᠠᠯᠠᠭᠴᠢᠳ ᠪᠠᠢᠭ᠎ᠠ᠂ ᠪᠠᠯᠠᠮ ᠪᠠᠯᠠᠺ ᠢ ᠰᠤᠷᠭᠠᠵᠤ ᠢᠰᠷᠧᠯᠴᠦᠳ ᠦᠨ ᠡᠮᠦᠨ᠎ᠡ ᠤᠷᠠᠬ᠎ᠠ ᠲᠠᠯᠪᠢᠭᠤᠯᠵᠤ᠂ ᠰᠢᠲᠦᠭᠡᠨ ᠳᠦ ᠡᠷᠭᠦᠭᠰᠡᠨ ᠮᠢᠬ᠎ᠠ ᠶᠢ ᠢᠳᠡᠭᠦᠯᠦᠨ ᠰᠠᠳᠤᠷᠯᠠᠭᠤᠯᠤᠭᠰᠠᠨ ᠲᠠᠢ ᠠᠳᠠᠯᠢ᠂ 15 ᠴᠢᠮ᠎ᠠ ᠳᠤ ᠴᠤ ᠨᠢᠺᠣᠯᠠᠴᠤᠳ ᠤᠨ ᠰᠤᠷᠭᠠᠯ ᠢ ᠪᠠᠷᠢᠮᠲᠠᠯᠠᠭᠴᠢᠳ ᠪᠤᠢ᠃ 16 ᠲᠡᠢᠮᠦ ᠡᠴᠡ ᠭᠡᠮᠰᠢᠭᠲᠦᠨ᠂ ᠡᠰᠡ ᠲᠡᠭᠡᠪᠡᠯ᠂ ᠪᠢ ᠴᠢᠮ᠎ᠠ ᠳᠡᠭᠡᠷ᠎ᠡ ᠤᠳᠠᠬᠤ ᠦᠭᠡᠢ ᠣᠴᠢᠵᠤ ᠠᠮᠠᠨ ᠤ ᠪᠠᠨ ᠰᠡᠯᠡᠮ᠎ᠡ ᠪᠡᠷ ᠲᠡᠳᠡᠨ ᠲᠡᠢ ᠲᠤᠯᠤᠯᠳᠤᠬᠤ ᠪᠣᠯᠣᠨ᠎ᠠ᠃ 17 ᠠᠷᠢᠭᠤᠨ ᠰᠦᠨᠡᠰᠦ ᠴᠢᠭᠤᠯᠭᠠᠨ ᠨᠤᠭᠤᠳ ᠲᠤ ᠶᠠᠭᠤ ᠠᠢᠯᠠᠳᠴᠤ ᠪᠠᠢᠭ᠎ᠠ ᠶᠢ ᠴᠢᠬᠢ ᠲᠠᠢ ᠨᠢ ᠰᠣᠨᠣᠰᠣᠭᠲᠤᠨ︕ ᠢᠯᠠᠭᠴᠢ ᠳᠤ ᠪᠢ ᠨᠢᠭᠤᠭᠳᠠᠭᠰᠠᠨ ᠮᠠᠨᠨᠠ 10 ᠥᠭᠭᠥᠨ᠎ᠡ᠂ ᠴᠠᠭᠠᠨ ᠴᠢᠯᠠᠭᠤ ᠴᠤ ᠥᠭᠭᠥᠨ᠎ᠡ᠃ ᠲᠡᠷᠡ ᠴᠢᠯᠠᠭᠤᠨ ᠳᠡᠭᠡᠷ᠎ᠡ ᠰᠢᠨ᠎ᠡ ᠨᠡᠷ᠎ᠡ ᠪᠢᠴᠢᠭᠡᠰᠦ ᠲᠠᠢ᠃ ᠬᠦᠯᠢᠶᠡᠨ ᠠᠪᠤᠭᠴᠢ ᠡᠴᠡ ᠨᠢ ᠥᠭᠡᠷ᠎ᠡ ᠬᠡᠨ ᠴᠤ ᠲᠡᠭᠦᠨ ᠢ ᠮᠡᠳᠡᠬᠦ ᠦᠭᠡᠢ᠃
 ᠲᠦᠶᠠᠲ᠋ᠢᠷᠠ ᠴᠢᠭᠤᠯᠭᠠᠨ ᠳᠤ

18 ᠲᠦᠶᠠᠲ᠋ᠢᠷᠠ ᠳᠠᠬᠢ ᠴᠢᠭᠤᠯᠭᠠᠨ ᠤ ᠡᠯᠴᠢ 11  ᠳᠤ ᠪᠢᠴᠢᠭᠲᠦᠨ᠄ ᠭᠠᠯ ᠤᠨ ᠳᠥᠯᠥ ᠮᠡᠲᠦ ᠨᠢᠳᠦ ᠲᠠᠢ᠂ ᠤᠯᠠᠢᠰᠬᠠᠭᠰᠠᠨ ᠬᠦᠳᠡᠷ ᠮᠡᠲᠦ ᠬᠥᠯ ᠲᠡᠢ ᠪᠤᠷᠬᠠᠨ ᠤ ᠬᠦᠦ ᠡᠢᠨ ᠬᠦ ᠠᠢᠯᠠᠳᠴᠤ ᠪᠠᠢᠨ᠎ᠠ᠄

19 ᠪᠢ ᠦᠢᠯᠡᠰ᠂ ᠬᠠᠢᠷ᠎ᠠ᠂ ᠢᠲᠡᠭᠡᠯ᠂ ᠦᠢᠯᠡᠴᠢᠯᠡᠯ᠂ ᠲᠡᠪᠴᠢᠶᠡᠷᠢ ᠶᠢ ᠴᠢᠨᠢ ᠮᠡᠳᠡᠨ᠎ᠡ᠃ ᠡᠴᠦᠰ ᠦᠨ ᠦᠢᠯᠡᠰ ᠴᠢᠨᠢ ᠡᠬᠢᠨ ᠤ ᠦᠢᠯᠡᠰ ᠡᠴᠡ ᠪᠡᠨ ᠡᠯᠪᠡᠭ ᠭᠡᠳᠡᠭ ᠢ ᠴᠤ ᠮᠡᠳᠡᠨ᠎ᠡ᠃ 20 ᠬᠠᠷᠢᠨ ᠴᠢᠨᠦ ᠡᠰᠡᠷᠭᠦ ᠬᠡᠯᠡᠬᠦ ᠦᠭᠡ ᠪᠤᠢ᠂ ᠥᠪᠡᠷ ᠢ ᠪᠠᠨ ᠡᠰᠢ ᠦᠵᠡᠭᠦᠯᠦᠭᠴᠢ ᠬᠡᠮᠡᠳᠡᠭ ᠶᠧᠽᠠᠪᠧᠯ ᠭᠡᠭᠴᠢ ᠡᠮᠡᠭᠲᠡᠢ ᠶᠢ ᠴᠢ ᠬᠦᠯᠢᠶᠡᠨ ᠠᠪᠤᠭᠰᠠᠨ᠃ ᠲᠡᠷᠡ ᠮᠢᠨᠦ ᠵᠠᠷᠤᠴᠠ ᠨᠠᠷ ᠢ ᠰᠤᠷᠭᠠᠨ ᠲᠥᠭᠡᠷᠢᠭᠦᠯᠦᠭᠰᠡᠨ ᠡᠴᠡ ᠲᠡᠳᠡ ᠰᠠᠳᠤᠷᠯᠠᠵᠤ᠂ ᠰᠢᠲᠦᠭᠡᠨ ᠳᠦ ᠡᠷᠭᠦᠭᠰᠡᠨ ᠮᠢᠬ᠎ᠠ ᠶᠢ ᠢᠳᠡᠭᠰᠡᠨ ᠪᠠᠢᠨ᠎ᠠ᠃ 21 ᠪᠢ ᠲᠡᠷᠡ ᠡᠮᠡᠭᠲᠡᠢ ᠳᠦ ᠭᠡᠮᠰᠢᠬᠦ ᠵᠠᠪ ᠥᠭᠭᠥᠭᠰᠡᠨ ᠪᠣᠯᠪᠠᠴᠤ ᠲᠡᠷᠡ ᠰᠠᠳᠤᠷ ᠰᠠᠮᠠᠭᠤᠨ ᠢᠶᠠᠨ ᠭᠡᠮᠰᠢᠬᠦ ᠳᠤᠷ᠎ᠠ ᠦᠭᠡᠢ ᠪᠠᠢᠨ᠎ᠠ᠃ 22 ᠠᠩ᠋ᠬᠠᠷᠤᠭᠲᠤᠨ᠂ ᠪᠢ ᠲᠡᠭᠦᠨ ᠢ ᠬᠡᠪᠲᠡᠷᠢ ᠳᠤ ᠣᠷᠣᠭᠤᠯᠬᠤ ᠪᠥᠭᠡᠳ ᠲᠡᠭᠦᠨ ᠲᠡᠢ ᠵᠠᠪᠬᠠᠢᠷᠠᠭᠴᠢᠳ ᠨᠢ ᠴᠤ ᠦᠢᠯᠡ ᠶᠠᠪᠤᠳᠠᠯ ᠳᠠᠭᠠᠨ ᠭᠡᠮᠰᠢᠬᠦ ᠦᠭᠡᠢ ᠪᠣᠯ ᠲᠡᠳᠡᠨ ᠢ ᠶᠡᠬᠡ ᠭᠠᠮᠰᠢᠭ ᠲᠤ ᠰᠢᠳᠡᠨ᠎ᠡ᠃ 23 ᠪᠢ ᠪᠠᠰᠠ ᠲᠡᠭᠦᠨ ᠦ ᠬᠡᠦᠬᠡᠳ ᠤᠳ ᠢ ᠦᠬᠦᠯ ᠢᠶᠡᠷ ᠡᠴᠦᠰᠯᠡᠭᠦᠯᠦᠨ᠎ᠡ᠃ ᠡᠢᠨ ᠬᠦ ᠬᠠᠮᠤᠭ ᠴᠢᠭᠤᠯᠭᠠᠨ ᠨᠠᠮᠠᠶᠢ ᠬᠥᠮᠦᠨ ᠦ ᠪᠣᠳᠣᠯ ᠰᠡᠳᠬᠢᠯ ᠢ ᠰᠢᠯᠭᠠᠭᠴᠢ ᠭᠡᠳᠡᠭ ᠢ ᠮᠡᠳᠡᠬᠦ ᠪᠣᠯᠣᠨ᠎ᠠ᠃ ᠪᠢ ᠲᠠ ᠨᠠᠷ ᠤᠨ ᠬᠥᠮᠦᠨ ᠪᠦᠷᠢ ᠳᠤ ᠦᠢᠯᠡᠰ ᠦᠨ ᠴᠢᠨᠢ ᠶᠣᠰᠣᠭᠠᠷ ᠥᠭᠭᠥᠨ᠎ᠡ᠃ 24 ᠬᠠᠷᠢᠨ ᠲᠦᠶᠠᠲ᠋ᠢᠷᠠᠴᠤᠳ ᠤᠨ ᠳᠤᠮᠳᠠ ᠪᠠᠢᠵᠤ ᠲᠡᠷᠡ ᠡᠮᠡᠭᠲᠡᠢ ᠶᠢᠨ ᠰᠤᠷᠭᠠᠯ ᠢ ᠬᠦᠯᠢᠶᠡᠨ ᠠᠪᠤᠭ᠎ᠠ ᠦᠭᠡᠢ᠂ ᠶᠡᠷᠦ ᠨᠢ ᠲᠡᠳᠡᠨ ᠦ ᠬᠡᠯᠡᠳᠡᠭ 〈ᠰᠠᠲ᠋ᠠᠨ ᠤ ᠭᠦᠨ ᠨᠢᠭᠤᠴᠠ 12 〉 ᠶᠢ ᠮᠡᠳᠡᠭᠰᠡᠨ ᠦᠭᠡᠢ ᠦᠯᠡᠳᠡᠭᠰᠡᠳ ᠲᠠ ᠨᠠᠷ ᠲᠤ ᠪᠢ ᠬᠡᠯᠡᠶ᠎ᠡ᠃ ᠲᠠ ᠨᠠᠷ ᠤᠨ ᠳᠡᠭᠡᠷ᠎ᠡ ᠥᠭᠡᠷ᠎ᠡ ᠡᠭᠦᠷᠭᠡ ᠲᠠᠯᠪᠢᠬᠤ ᠦᠭᠡᠢ᠃ 25 ᠭᠠᠭᠴᠠ ᠬᠦ ᠥᠪᠡᠷᠰᠡᠳ ᠲᠡᠭᠡᠨ ᠪᠠᠢᠭ᠎ᠠ ᠪᠠᠨ ᠨᠠᠮᠠᠶᠢ ᠢᠷᠡᠲᠡᠯ᠎ᠡ ᠪᠠᠷᠢᠮᠲᠠᠯᠠᠭᠲᠤᠨ᠃ 26 ᠢᠯᠠᠭᠴᠢ ᠪᠥᠭᠡᠳ ᠦᠢᠯᠡᠰ ᠢ ᠮᠢᠨᠢ ᠡᠴᠦᠰ ᠲᠦ ᠬᠦᠷᠲᠡᠯ᠎ᠡ ᠰᠠᠬᠢᠭᠴᠢ ᠳᠤ ᠪᠢ ᠦᠨᠳᠦᠰᠦᠲᠡᠨ ᠨᠦᠭᠦᠳ ᠢ ᠵᠠᠬᠢᠷᠬᠤ ᠮᠡᠳᠡᠯ ᠢ ᠥᠭᠭᠥᠨ᠎ᠡ᠃ 27 〈ᠲᠡᠷᠡ ᠪᠡᠷ ᠲᠡᠮᠦᠷ ᠲᠠᠶᠠᠭ ᠢᠶᠠᠷ ᠲᠡᠳᠡᠨ ᠢ ᠵᠠᠬᠢᠷᠬᠤ ᠪᠣᠯᠣᠨ᠎ᠠ᠃ ᠲᠡᠳᠡ ᠰᠢᠪᠠᠷ ᠰᠠᠪᠠ ᠮᠡᠲᠦ ᠬᠠᠭᠠᠷᠠᠨ᠎ᠠ〉 ᠭᠡᠰᠡᠨᠴᠢᠯᠡᠨ᠂ 28 ᠪᠢ ᠴᠤ ᠲᠡᠷᠡ ᠮᠡᠳᠡᠯ ᠢ ᠡᠴᠢᠭᠡ ᠡᠴᠡ ᠪᠡᠨ ᠠᠪᠤᠭᠰᠠᠨ ᠶᠤᠮ᠂ ᠪᠢ ᠲᠡᠭᠦᠨ ᠳᠦ ᠦᠷ ᠦᠨ ᠴᠣᠯᠮᠣᠨ 13  ᠢ ᠥᠭᠭᠥᠶ᠎ᠡ᠃ 29 ᠠᠷᠢᠭᠤᠨ ᠰᠦᠨᠡᠰᠦ ᠴᠢᠭᠤᠯᠭᠠᠨ ᠨᠤᠭᠤᠳ ᠲᠤ ᠶᠠᠭᠤ ᠠᠢᠯᠠᠳᠴᠤ ᠪᠠᠢᠭ᠎ᠠ ᠶᠢ ᠴᠢᠬᠢ ᠲᠠᠢ ᠨᠢ ᠰᠣᠨᠣᠰᠣᠭᠲᠤᠨ︕