ᠢᠯᠡᠷᠬᠡᠶᠢᠯᠡᠯᠭᠡ ᠠᠷᠪᠠᠨ ᠨᠠᠢ᠌ᠮᠠ
ᠶᠡᠬᠡ ᠬᠣᠲᠠ ᠪᠠᠪᠢᠯᠣᠨ ᠤ ᠰᠦᠢᠷᠡᠯ
1 ᠡᠳᠡᠭᠡᠷ ᠦᠨ ᠳᠠᠷᠠᠭ᠎ᠠ ᠶᠡᠬᠡ ᠡᠷᠬᠡ ᠮᠡᠳᠡᠯ ᠲᠡᠢ ᠥᠭᠡᠷ᠎ᠡ ᠨᠢᠭᠡᠨ ᠲᠩᠷᠢ ᠡᠯᠴᠢ ᠶᠢᠨ ᠲᠩᠷᠢ ᠡᠴᠡ ᠪᠠᠭᠤᠬᠤ ᠶᠢ ᠪᠢ ᠬᠠᠷᠠᠪᠠ᠃ ᠲᠡᠭᠦᠨ ᠦ ᠴᠣᠭ ᠵᠢᠪᠬᠤᠯᠠᠩ ᠭᠠᠵᠠᠷ ᠳᠡᠯᠡᠬᠡᠢ ᠶᠢ ᠭᠡᠷᠡᠯᠲᠦᠭᠦᠯᠪᠡ᠃ 2 ᠲᠡᠷᠡ ᠬᠦᠴᠦᠲᠡᠢ ᠳᠠᠭᠤᠨ ᠢᠶᠠᠷ᠄ 《ᠨᠤᠷᠠᠵᠠᠢ᠂ ᠶᠡᠬᠡ ᠪᠠᠪᠢᠯᠣᠨ ᠨᠤᠷᠠᠭᠠᠳ ᠴᠢᠳᠬᠥᠷ ᠤᠳ ᠤᠨ ᠭᠡᠷ ᠠᠯᠢᠪᠠ ᠪᠤᠵᠠᠷ ᠰᠦᠨᠡᠰᠦᠨ ᠦ ᠭᠢᠨᠳᠠᠨ ᠠᠯᠢᠪᠠ ᠪᠤᠵᠠᠷ ᠵᠢᠭᠰᠢᠭᠦᠷᠢᠲᠡᠢ ᠰᠢᠪᠠᠭᠤᠨ ᠤ ᠭᠢᠨᠳᠠᠨ ᠪᠣᠯᠵᠠᠢ᠃
3 ᠤᠤᠯ ᠨᠢ ᠬᠠᠮᠤᠭ ᠦᠨᠳᠦᠰᠦᠲᠡᠨ ᠲᠡᠭᠦᠨ ᠲᠡᠢ ᠵᠠᠪᠬᠠᠢᠷᠠᠨ᠂ ᠠᠭᠤᠷ ᠬᠢᠯᠢᠩ ᠤᠨ ᠳᠠᠷᠠᠰᠤ ᠤᠤᠭᠤᠵᠤ ᠪᠠᠢᠭᠰᠠᠨ ᠭᠠᠵᠠᠷ ᠤᠨ ᠬᠠᠭᠠᠳ ᠲᠡᠭᠦᠨ ᠲᠡᠢ ᠵᠠᠪᠬᠠᠢᠷᠠᠵᠤ ᠭᠠᠵᠠᠷ ᠤᠨ ᠬᠤᠳᠠᠯᠳᠤᠭᠠᠴᠢᠳ ᠲᠠᠩᠰᠤᠭ ᠠᠮᠢᠳᠤᠷᠠᠯ ᠤᠨ ᠬᠢᠨᠢ ᠬᠦᠴᠦᠨ ᠳᠦ ᠪᠠᠶᠠᠵᠢᠵᠤ ᠪᠠᠢᠭᠰᠠᠨ》 ᠭᠡᠵᠦ ᠬᠠᠰᠬᠢᠷᠤᠯ᠎ᠠ᠃
4 ᠲᠩᠷᠢ ᠡᠴᠡ ᠥᠭᠡᠷ᠎ᠡ ᠨᠢᠭᠡ ᠳᠠᠭᠤ ᠭᠠᠷᠬᠤ ᠶᠢ ᠪᠢ ᠰᠣᠨᠣᠰᠪᠠ᠃ ᠲᠡᠷᠡ᠄ 《ᠮᠢᠨᠦ ᠠᠷᠠᠳ ᠲᠦᠮᠡᠨ ᠡ᠂ ᠲᠡᠨᠳᠡ ᠡᠴᠡ ᠭᠠᠷᠤᠭᠠᠳ ᠢᠷ᠎ᠡ︕ ᠲᠡᠭᠦᠨ ᠦ ᠨᠢᠭᠦᠯ ᠳᠦ ᠪᠦᠦ ᠣᠷᠣᠯᠴᠠ᠂ ᠲᠡᠭᠦᠨ ᠦ ᠭᠠᠮᠰᠢᠭ ᠲᠤ ᠪᠦᠦ ᠥᠷᠲᠥ᠃
5 ᠲᠡᠭᠦᠨ ᠦ ᠨᠢᠭᠦᠯ ᠲᠩᠷᠢ ᠳᠤ ᠲᠤᠯᠪᠠ ᠲᠡᠭᠦᠨ ᠦ ᠵᠥᠪ ᠪᠤᠰᠤ ᠦᠢᠯᠡᠰ ᠢ ᠪᠤᠷᠬᠠᠨ ᠦᠯᠦ ᠮᠠᠷᠲᠠᠪᠠ᠃
6 ᠥᠭᠭᠥᠭᠰᠡᠨ ᠶᠣᠰᠣ ᠪᠠᠷ ᠨᠢ ᠲᠡᠭᠦᠨ ᠳᠦ ᠥᠭ᠂ ᠦᠢᠯᠡᠳᠦᠭᠰᠡᠨ ᠢ ᠨᠢ ᠲᠡᠭᠦᠨ ᠳᠦ ᠳᠠᠬᠢᠨ ᠢᠶᠠᠷ ᠦᠢᠯᠡᠳᠴᠦ ᠬᠤᠨᠳᠠᠭᠠᠯᠠᠭᠰᠠᠨ ᠢ ᠨᠢ ᠲᠡᠭᠦᠨ ᠳᠦ ᠳᠠᠬᠢᠨ ᠢᠶᠠᠷ ᠬᠤᠨᠳᠠᠭᠠᠯᠠᠵᠤ ᠥᠭ᠃
7 ᠥᠪᠡᠷ ᠢ ᠪᠠᠨ ᠳᠡᠭᠡᠳᠦᠯᠡᠨ ᠲᠠᠩᠰᠤᠭᠯᠠᠭᠰᠠᠨ ᠤ ᠬᠢᠨᠢ ᠬᠠᠷᠢᠭᠤ ᠳᠤ ᠤᠢ ᠭᠠᠰᠢᠭᠤᠨ ᠪᠠ ᠲᠠᠷᠴᠢᠯᠠᠯ ᠢ ᠲᠡᠭᠦᠨ ᠳᠦ ᠥᠭ᠂ 〈ᠪᠢ ᠬᠠᠲᠤᠨ ᠬᠠᠭᠠᠨ ᠤ ᠰᠢᠷᠡᠭᠡᠨ ᠳᠦ ᠰᠠᠭᠤᠵᠤ ᠪᠠᠢᠨ᠎ᠠ ᠪᠢ ᠪᠡᠯᠪᠡᠰᠦᠨ ᠪᠢᠰᠢ ᠪᠣᠯᠬᠣᠷ ᠤᠢ ᠭᠠᠰᠢᠭᠤ ᠶᠢ ᠶᠡᠷᠦ ᠦᠵᠡᠬᠦ ᠦᠭᠡᠢ〉 ᠭᠡᠵᠦ ᠲᠡᠷᠡ ᠵᠢᠷᠦᠬᠡᠨ ᠳᠡᠭᠡᠨ ᠬᠡᠯᠡᠳᠡᠭ ᠲᠤᠯᠠ
8 ᠲᠡᠭᠦᠨ ᠦ ᠳᠡᠭᠡᠷ᠎ᠡ ᠭᠠᠮᠰᠢᠭ ᠤᠳ ᠪᠤᠶᠤ ᠦᠬᠦᠯ᠂ ᠤᠢ ᠭᠠᠰᠢᠭᠤᠨ ᠪᠠ ᠥᠯᠥᠰᠬᠥᠯᠡᠩ ᠨᠢᠭᠡᠨ ᠡᠳᠦᠷ ᠦᠨ ᠳᠣᠲᠣᠷ᠎ᠠ ᠪᠠᠭᠤᠵᠤ ᠲᠡᠷᠡ ᠭᠠᠯ ᠳᠤ ᠰᠢᠲᠠᠭᠠᠭᠳᠠᠬᠤ ᠪᠣᠯᠣᠨ᠎ᠠ᠂ ᠲᠡᠭᠦᠨ ᠢ ᠰᠢᠭᠦᠭᠴᠢ ᠪᠤᠷᠬᠠᠨ ᠬᠦᠴᠦᠲᠡᠢ ᠪᠢᠯᠡ》
ᠭᠡᠪᠡ᠃ 9 ᠲᠡᠭᠦᠨ ᠲᠡᠢ ᠰᠠᠳᠤᠷᠯᠠᠵᠤ ᠲᠠᠩᠰᠤᠭᠯᠠᠭᠰᠠᠨ ᠭᠠᠵᠠᠷ ᠤᠨ ᠬᠠᠭᠠᠳ ᠲᠡᠭᠦᠨ ᠢ ᠰᠢᠲᠠᠭᠠᠵᠤ ᠪᠤᠢ ᠭᠠᠯ ᠤᠨ ᠤᠲᠤᠭ᠎ᠠ ᠶᠢ ᠬᠠᠷᠠᠭᠠᠳ ᠤᠬᠢᠯᠠᠵᠤ ᠴᠡᠭᠡᠵᠢ ᠪᠠᠨ ᠳᠡᠯᠡᠳᠦᠨ᠎ᠡ᠃ 10 ᠲᠡᠳᠡ ᠲᠠᠷᠴᠢᠯᠠᠯ ᠠᠴᠠ ᠨᠢ ᠠᠶᠤᠭᠰᠠᠨ ᠳᠠᠭᠠᠨ ᠵᠠᠢᠳᠠᠭᠤᠬᠠᠨ ᠵᠣᠭᠰᠣᠭᠠᠳ᠄ 〈ᠶᠡᠬᠡ ᠬᠣᠲᠠ ᠪᠠᠪᠢᠯᠣᠨ᠂ ᠬᠦᠴᠦᠷᠬᠡᠭ ᠬᠣᠲᠠ ᠡ᠂ ᠴᠢᠮ᠎ᠠ ᠳᠤ ᠭᠠᠢ ᠪᠣᠯᠣᠯ᠎ᠠ᠂ ᠭᠠᠢ ᠪᠣᠯᠣᠯ᠎ᠠ︕ ᠭᠠᠭᠴᠠᠬᠠᠨ ᠴᠠᠭ ᠤᠨ ᠬᠣᠭᠣᠷᠣᠨᠳᠣ ᠰᠢᠳᠬᠡᠯ ᠴᠢᠨᠢ ᠬᠦᠷᠴᠦ ᠢᠷᠡᠵᠡᠢ〉 ᠭᠡᠵᠡᠭᠡᠨ᠎ᠡ᠃
11 ᠭᠠᠵᠠᠷ ᠳᠠᠬᠢ ᠬᠤᠳᠠᠯᠳᠤᠭᠠᠴᠢᠳ ᠲᠡᠭᠦᠨ ᠦ ᠲᠥᠯᠥᠭᠡ ᠤᠬᠢᠯᠠᠵᠤ ᠭᠠᠰᠢᠭᠤᠳᠠᠨ᠎ᠠ᠃ ᠤᠴᠢᠷ ᠨᠢ ᠲᠡᠳᠡᠨ ᠦ ᠪᠠᠷᠠᠭ᠎ᠠ ᠶᠢ ᠬᠡᠨ ᠴᠤ ᠬᠤᠳᠠᠯᠳᠤᠨ ᠠᠪᠬᠤ ᠦᠭᠡᠢ ᠪᠣᠯᠣᠯ᠎ᠠ᠃ 12 ᠪᠠᠷᠠᠭ᠎ᠠ ᠨᠢ ᠭᠡᠪᠡᠯ᠂ ᠠᠯᠲᠠ᠂ ᠮᠥᠩᠭᠥ᠂ ᠡᠷᠳᠡᠨᠢ ᠶᠢᠨ ᠴᠢᠯᠠᠭᠤ᠂ ᠰᠤᠪᠤᠳ᠂ ᠨᠠᠷᠢᠨ ᠣᠯᠣᠰᠣᠨ ᠪᠥᠰ᠂ ᠨᠢᠯ ᠶᠠᠭᠠᠨ ᠪᠥᠰ᠂ ᠲᠣᠷᠭ᠎ᠠ᠂ ᠴᠢᠰ ᠤᠯᠠᠭᠠᠨ ᠬᠤᠪᠴᠠᠰᠤ᠂ ᠲᠥᠷᠥᠯ ᠪᠦᠷᠢ ᠶᠢᠨ ᠠᠩᠬᠢᠯᠤᠭᠤᠨ ᠮᠣᠳᠣ᠂ ᠲᠥᠷᠥᠯ ᠪᠦᠷᠢ ᠶᠢᠨ ᠵᠠᠭᠠᠨ ᠤ ᠰᠣᠶᠣᠭᠠᠨ ᠪᠦᠲᠦᠭᠡᠭᠳᠡᠬᠦᠨ᠂ ᠦᠨ᠎ᠡ ᠲᠠᠢ ᠮᠣᠳᠣ᠂ ᠵᠡᠰ᠂ ᠲᠡᠮᠦᠷ ᠪᠠ ᠭᠠᠨᠲᠢᠭ ᠴᠢᠯᠠᠭᠤ ᠪᠠᠷ ᠦᠢᠯᠡᠳᠦᠭᠰᠡᠨ ᠲᠥᠷᠥᠯ ᠪᠦᠷᠢ ᠶᠢᠨ ᠡᠳ᠋ᠯᠡᠯ᠂ 13 ᠭᠠᠪᠢᠷ᠎ᠠ᠂ ᠠᠮᠲᠠᠯᠢᠭ᠂ ᠬᠦᠵᠢ᠂ ᠠᠩᠬᠢᠯᠤᠭᠤᠨ ᠲᠣᠰᠣ᠂ ᠭᠦᠭᠦᠯ᠂ ᠦᠵᠦᠮ ᠦᠨ ᠠᠷᠢᠬᠢ᠂ ᠴᠢᠳᠦᠨ ᠲᠣᠰᠣ᠂ ᠭᠤᠯᠢᠷ᠂ ᠪᠤᠭᠤᠳᠠᠢ᠂ ᠦᠬᠡᠷ ᠤᠳ᠂ ᠬᠣᠨᠢᠳ᠂ ᠮᠣᠷᠢᠳ᠂ ᠲᠡᠷᠭᠡ ᠨᠦᠭᠦᠳ᠂ ᠬᠥᠮᠦᠨ ᠦ ᠪᠡᠶ᠎ᠡ ᠪᠠ ᠰᠦᠨᠡᠰᠦ ᠨᠦᠭᠦᠳ ᠪᠢᠯᠡ᠃ 14 《ᠬᠦᠰᠡᠭᠰᠡᠨ ᠵᠢᠮᠢᠰ ᠴᠢᠨᠢ ᠴᠢᠮ᠎ᠠ ᠠᠴᠠ ᠬᠣᠯᠠᠳᠠᠭᠰᠠᠨ᠂ ᠠᠮᠲᠠᠲᠤ ᠰᠠᠢᠬᠠᠨ ᠵᠦᠢᠯᠡᠰ ᠴᠢᠨᠢ ᠠᠯᠳᠠᠭᠳᠠᠵᠤ ᠠᠬᠢᠨ ᠬᠡᠵᠢᠶ᠎ᠡ ᠴᠤ ᠤᠯᠳᠠᠰᠢ ᠦᠭᠡᠢ ᠪᠣᠯᠵᠠᠢ᠃》 15 ᠡᠳᠡᠭᠡᠷ ᠪᠠᠷᠠᠭ᠎ᠠ ᠶᠢ ᠬᠤᠳᠠᠯᠳᠤᠵᠤ᠂ ᠲᠡᠷᠡ ᠡᠮᠡᠭᠲᠡᠢ ᠶᠢᠨ ᠠᠴᠢ ᠪᠠᠷ ᠪᠠᠶᠠᠵᠢᠭᠰᠠᠨ ᠬᠤᠳᠠᠯᠳᠤᠭᠠᠴᠢᠳ ᠲᠡᠭᠦᠨ ᠦ ᠲᠠᠷᠴᠢᠯᠠᠯ ᠠᠴᠠ ᠠᠶᠤᠭᠰᠠᠨ ᠳᠠᠭᠠᠨ ᠵᠠᠢᠳᠠᠭᠤᠬᠠᠨ ᠵᠣᠭᠰᠣᠭᠠᠳ ᠤᠬᠢᠯᠠᠨ ᠭᠠᠰᠢᠭᠤᠳᠠᠵᠤ᠄
16 《ᠶᠡᠬᠡ ᠬᠣᠲᠠ ᠡ᠂ ᠴᠢᠮ᠎ᠠ ᠳᠤ ᠭᠠᠢ ᠪᠣᠯᠣᠯ᠎ᠠ︕ ᠨᠠᠷᠢᠨ ᠣᠯᠣᠰᠣᠨ ᠪᠥᠰ᠂ ᠨᠢᠯ ᠶᠠᠭᠠᠨ ᠪᠠ ᠴᠢᠰ ᠤᠯᠠᠭᠠᠨ ᠢᠶᠠᠷ ᠬᠤᠪᠴᠠᠰᠤᠯᠠᠨ ᠠᠯᠲᠠ᠂ ᠡᠷᠳᠡᠨᠢ ᠶᠢᠨ ᠴᠢᠯᠠᠭᠤ ᠰᠤᠪᠤᠳ ᠢᠶᠠᠷ ᠴᠢᠮᠡᠭᠰᠡᠨ ᠴᠢ
17 ᠲᠡᠢᠮᠦ ᠪᠠᠶᠠᠨ ᠪᠠᠢᠭᠰᠠᠨ ᠢᠶᠠᠨ ᠭᠠᠭᠴᠠᠬᠠᠨ ᠴᠠᠭ ᠤᠨ ᠬᠣᠭᠣᠷᠣᠨᠳᠣ ᠬᠣᠭᠣᠰᠣᠷᠠᠵᠠᠢ》
ᠭᠡᠯᠴᠡᠨ᠎ᠡ᠃ ᠠᠯᠢᠪᠠ ᠣᠩ᠋ᠭᠣᠴᠠᠨ ᠤ ᠳᠠᠷᠤᠭ᠎ᠠ᠂ ᠠᠯᠢᠪᠠ ᠠᠶᠠᠨᠴᠢᠨ᠂ ᠤᠰᠤᠴᠢᠳ ᠪᠠ ᠳᠠᠯᠠᠢ ᠶᠢ ᠲᠦᠰᠢᠵᠦ ᠠᠮᠢ ᠵᠢᠭᠤᠳᠠᠭ ᠬᠥᠮᠦᠨ ᠪᠦᠬᠦᠨ ᠵᠠᠢᠳᠠᠭᠤᠬᠠᠨ ᠵᠣᠭᠰᠣᠵᠤ᠂ 18 ᠬᠣᠲᠠ ᠶᠢ ᠰᠢᠲᠠᠭᠠᠵᠤ ᠪᠤᠢ ᠭᠠᠯ ᠤᠨ ᠤᠲᠤᠭ᠎ᠠ ᠶᠢ ᠬᠠᠷᠠᠭᠠᠳ ᠴᠢᠩᠭ᠍᠎ᠠ ᠳᠠᠭᠤᠨ ᠢᠶᠠᠷ᠄ 〈ᠡᠢᠮᠦ ᠶᠡᠬᠡ ᠬᠣᠲᠠ ᠬᠠᠮᠢᠭ᠎ᠠ ᠠᠴᠠ ᠣᠯᠳᠠᠬᠤ ᠪᠢᠯᠡ︖〉 ᠭᠡᠯᠴᠡᠵᠦ ᠪᠠᠢᠪᠠ᠃ 19 ᠲᠡᠳᠡ ᠲᠣᠯᠣᠭᠠᠢ ᠳᠡᠭᠡᠷ᠎ᠡ ᠪᠡᠨ ᠰᠢᠷᠣᠢ ᠰᠠᠴᠤᠭᠠᠳ ᠤᠬᠢᠯᠠᠨ ᠭᠠᠰᠢᠭᠤᠳᠠᠵᠤ ᠴᠢᠩᠭ᠍᠎ᠠ ᠳᠠᠭᠤᠨ ᠢᠶᠠᠷ᠄ 《ᠶᠡᠬᠡ ᠬᠣᠲᠠ ᠡ᠂ ᠴᠢᠮ᠎ᠠ ᠳᠤ ᠭᠠᠢ ᠪᠣᠯᠣᠯ᠎ᠠ᠂ ᠭᠠᠢ ᠪᠣᠯᠣᠯ᠎ᠠ︕ ᠳᠠᠯᠠᠢ ᠳᠡᠭᠡᠷ᠎ᠡ ᠣᠩ᠋ᠭᠣᠴᠠ ᠲᠠᠢ ᠪᠣᠯᠭᠠᠨ ᠢ ᠡᠳ᠋ ᠪᠠᠶᠠᠯᠢᠭ ᠢᠶᠠᠷ ᠢᠶᠠᠨ ᠪᠠᠶᠠᠵᠢᠭᠤᠯᠤᠭᠰᠠᠨ ᠴᠢ ᠭᠠᠭᠴᠠᠬᠠᠨ ᠴᠠᠭ ᠤᠨ ᠬᠣᠭᠣᠷᠣᠨᠳᠣ ᠬᠣᠭᠣᠰᠣᠷᠠᠵᠠᠢ᠃
20 ᠲᠩᠷᠢ᠂ ᠠᠷᠢᠭᠤᠨ ᠲᠦᠮᠡᠨ᠂ ᠰᠢᠳᠠᠷ ᠱᠠᠪᠢ ᠨᠠᠷ᠂ ᠡᠰᠢ ᠦᠵᠡᠭᠦᠯᠦᠭᠴᠢᠳ ᠡ᠂ ᠲᠡᠭᠦᠨ ᠦ ᠳᠡᠭᠡᠷ᠎ᠡ ᠪᠠᠶᠠᠷᠯᠠᠵᠠᠭᠠ︕ ᠲᠠ ᠨᠠᠷ ᠤᠨ ᠥᠰᠢᠶ᠎ᠡ ᠶᠢ ᠪᠤᠷᠬᠠᠨ ᠲᠡᠭᠦᠨ ᠡᠴᠡ ᠠᠪᠴᠠᠢ》 ᠭᠡᠪᠡ᠃
21 ᠲᠡᠭᠡᠬᠦ ᠳᠦ᠂ ᠬᠦᠴᠦᠲᠦ ᠨᠢᠭᠡᠨ ᠲᠩᠷᠢ ᠡᠯᠴᠢ ᠲᠣᠮᠣ ᠲᠡᠭᠡᠷᠮ᠎ᠡ ᠮᠡᠲᠦ ᠴᠢᠯᠠᠭᠤ ᠶᠢ ᠳᠠᠯᠠᠢ ᠤᠷᠤᠭᠤ ᠬᠠᠶᠠᠵᠤ᠄ 《ᠶᠡᠬᠡ ᠬᠣᠲᠠ ᠪᠠᠪᠢᠯᠣᠨ ᠡᠨᠡ ᠮᠡᠲᠦ ᠬᠦᠴᠦᠲᠡᠢ ᠬᠠᠶᠠᠭᠳᠠᠵᠤ ᠠᠬᠢᠨ ᠬᠡᠵᠢᠶ᠎ᠡ ᠴᠤ ᠣᠯᠳᠠᠬᠤ ᠦᠭᠡᠢ᠃
22 ᠶᠠᠲᠤᠭᠠᠴᠢᠳ᠂ ᠬᠥᠭᠵᠢᠮᠴᠢᠳ᠂ ᠪᠢᠰᠬᠢᠭᠦᠷᠴᠢᠳ᠂ ᠪᠦᠷᠢᠶᠡᠴᠢᠳ ᠤᠨ ᠳᠠᠭᠤ ᠴᠢᠨᠦ ᠳᠣᠲᠣᠷ᠎ᠠ ᠠᠬᠢᠨ ᠬᠡᠵᠢᠶ᠎ᠡ ᠴᠤ ᠰᠣᠨᠣᠰᠳᠠᠬᠤ ᠦᠭᠡᠢ᠂ ᠠᠯᠢ ᠴᠤ ᠲᠥᠷᠥᠯ ᠦᠨ ᠳᠠᠷᠬᠠᠳ ᠴᠢᠨᠦ ᠳᠣᠲᠣᠷ᠎ᠠ ᠠᠬᠢᠨ ᠬᠡᠵᠢᠶ᠎ᠡ ᠴᠤ ᠣᠯᠳᠠᠬᠤ ᠦᠭᠡᠢ ᠲᠡᠭᠡᠷᠮ᠎ᠡ ᠤᠨ ᠳᠠᠭᠤ ᠴᠢᠨᠦ ᠳᠣᠲᠣᠷ᠎ᠠ ᠠᠬᠢᠨ ᠬᠡᠵᠢᠶ᠎ᠡ ᠴᠤ ᠰᠣᠨᠣᠰᠳᠠᠬᠤ ᠦᠭᠡᠢ᠃
23 ᠳ᠋ᠧᠩ ᠤᠨ ᠭᠡᠷᠡᠯ ᠴᠢᠨᠦ ᠳᠣᠲᠣᠷ᠎ᠠ ᠭᠡᠷᠡᠯᠲᠦᠬᠦ ᠪᠡᠨ ᠪᠣᠯᠢᠨ᠎ᠠ ᠰᠢᠨ᠎ᠡ ᠬᠦᠷᠭᠡᠨ᠂ ᠰᠢᠨ᠎ᠡ ᠪᠡᠷᠢ ᠶᠢᠨ ᠳᠠᠭᠤ ᠴᠢᠨᠦ ᠳᠣᠲᠣᠷ᠎ᠠ ᠰᠣᠨᠣᠰᠳᠠᠬᠤ ᠪᠠᠨ ᠪᠣᠯᠢᠨ᠎ᠠ᠃ ᠤᠴᠢᠷ ᠨᠢ ᠴᠢᠨᠦ ᠬᠤᠳᠠᠯᠳᠤᠭᠠᠴᠢᠳ ᠭᠠᠵᠠᠷ ᠤᠨ ᠨᠣᠶᠠᠳ ᠪᠣᠯᠵᠤ ᠴᠢᠨᠦ ᠤᠪᠠᠳᠢᠰ ᠬᠠᠮᠤᠭ ᠦᠨᠳᠦᠰᠦᠲᠡᠨ ᠢ ᠮᠡᠬᠡᠯᠡᠭᠰᠡᠨ ᠪᠥᠭᠡᠳ
24 ᠡᠰᠢ ᠦᠵᠡᠭᠦᠯᠦᠭᠴᠢᠳ᠂ ᠠᠷᠢᠭᠤᠨ ᠬᠥᠮᠦᠰ ᠬᠢᠭᠡᠳ ᠭᠠᠵᠠᠷ ᠳᠡᠭᠡᠷ᠎ᠡ ᠠᠯᠠᠭᠳᠠᠭᠰᠠᠨ ᠪᠦᠭᠦᠳᠡ ᠶᠢᠨ ᠴᠢᠰᠤ ᠴᠢᠨᠦ ᠳᠣᠲᠣᠷ᠎ᠠ ᠠᠴᠠ ᠣᠯᠳᠠᠭᠰᠠᠨ ᠶᠤᠮ》 ᠭᠡᠪᠡ᠃