ᠢᠯᠡᠷᠬᠡᠶᠢᠯᠡᠯᠭᠡ ᠠᠷᠪᠠ ᠶᠢᠰᠦ
ᠪᠠᠪᠢᠯᠣᠨ ᠤ ᠰᠦᠢᠷᠡᠯ ᠳᠦ ᠪᠠᠶᠠᠷᠯᠠᠪᠠ
1 ᠡᠳᠡᠭᠡᠷ ᠦᠨ ᠳᠠᠷᠠᠭ᠎ᠠ᠂ ᠲᠩᠷᠢ ᠳᠡᠭᠡᠷ᠎ᠡ ᠦᠢ ᠲᠦᠮᠡᠨ ᠦ ᠬᠢ ᠮᠡᠲᠦ ᠥᠨᠳᠥᠷ ᠳᠠᠭᠤ ᠶᠢ ᠪᠢ ᠰᠣᠨᠣᠰᠪᠠ᠃ ᠲᠡᠳᠡ᠄ 《ᠬᠠᠯᠧᠯᠦ᠋ᠶᠠ 24 ︕ ᠠᠪᠤᠷᠠᠯ᠂ ᠠᠯᠳᠠᠷ ᠪᠠ ᠡᠷᠬᠡ ᠮᠡᠳᠡᠯ ᠪᠢᠳᠡᠨ ᠦ ᠪᠤᠷᠬᠠᠨ ᠤ ᠬᠢ᠃ 2 ᠲᠡᠭᠦᠨ ᠦ ᠰᠢᠭᠦᠯᠲᠡ ᠦᠨᠡᠨ ᠪᠥᠭᠡᠳ ᠵᠥᠪ︕ ᠵᠠᠪᠬᠠᠢᠷᠠᠯ ᠢᠶᠠᠷ ᠢᠶᠠᠨ ᠭᠠᠵᠠᠷ ᠢ ᠪᠤᠵᠠᠷᠯᠠᠵᠤ ᠪᠠᠢᠭ᠎ᠠ ᠶᠡᠬᠡ ᠶᠠᠩ᠋ᠬᠠᠨ ᠢ ᠲᠡᠷᠡ ᠰᠢᠳᠬᠡᠵᠦ᠂ ᠵᠠᠷᠤᠴᠠ ᠨᠠᠷ ᠤᠨ ᠢᠶᠠᠨ ᠴᠢᠰᠤᠨ ᠥᠰᠢᠶ᠎ᠡ ᠶᠢ ᠲᠡᠷᠡ ᠡᠮᠡᠭᠲᠡᠢ ᠶᠢᠨ ᠭᠠᠷ ᠠᠴᠠ ᠠᠪᠴᠠᠢ》 ᠭᠡᠵᠡᠭᠡᠪᠡ᠃ 3 ᠲᠡᠳᠡ ᠳᠠᠬᠢᠨ᠄ 《ᠬᠠᠯᠧᠯᠦ᠋ᠶᠠ︕ ᠲᠡᠭᠦᠨ ᠦ ᠤᠲᠤᠭ᠎ᠠ ᠥᠨᠢ ᠮᠥᠩᠬᠡ ᠲᠡᠭᠦᠨ ᠡᠴᠡ ᠰᠤᠭᠤᠨᠠᠭᠯᠠᠭᠰᠠᠭᠠᠷ ᠪᠠᠢᠬᠤ ᠪᠣᠯᠣᠨ᠎ᠠ》 ᠭᠡᠬᠦ ᠳᠦ᠂ 4 ᠰᠡᠨᠲᠢ ᠶᠢᠨ ᠳᠡᠭᠡᠷ᠎ᠡ ᠵᠠᠯᠠᠷᠠᠭᠴᠢ ᠪᠤᠷᠬᠠᠨ ᠤ ᠡᠮᠦᠨ᠎ᠡ ᠬᠣᠷᠢᠨ ᠳᠥᠷᠪᠡᠨ ᠠᠬᠠᠯᠠᠭᠴᠢ ᠪᠠ ᠳᠥᠷᠪᠡᠨ ᠠᠮᠢᠳᠤ ᠪᠡᠶᠡᠲᠡᠨ ᠡᠯᠢᠭᠡᠳᠡᠨ ᠤᠨᠠᠵᠤ ᠮᠥᠷᠭᠥᠨ᠄ 《ᠠᠮᠧᠨ᠂ ᠬᠠᠯᠧᠯᠦ᠋ᠶᠠ︕》 ᠭᠡᠯᠡ᠃
5 ᠲᠡᠭᠡᠬᠦ ᠳᠦ ᠰᠡᠨᠲᠢ ᠡᠴᠡ ᠳᠠᠭᠤ ᠭᠠᠷᠴᠤ᠄ 《ᠪᠢᠳᠡᠨ ᠦ ᠪᠤᠷᠬᠠᠨ ᠢ ᠮᠠᠭᠲᠠᠭᠲᠤᠨ︕ ᠲᠡᠭᠦᠨ ᠦ ᠬᠠᠮᠤᠭ ᠵᠠᠷᠤᠴᠠ ᠡ᠂ ᠲᠡᠭᠦᠨ ᠡᠴᠡ ᠡᠮᠢᠶᠡᠭᠴᠢ ᠶᠡᠬᠡ ᠪᠠᠭ᠎ᠠ ᠦᠭᠡᠢ ᠪᠦᠭᠦᠳᠡ ᠡ︕》 ᠭᠡᠵᠦ ᠪᠠᠢᠪᠠ᠃
6 ᠦᠢ ᠲᠦᠮᠡᠨ ᠦ ᠳᠠᠭᠤ ᠮᠡᠲᠦ᠂ ᠶᠡᠬᠡ ᠤᠰᠤᠨ ᠤ ᠳᠠᠭᠤ ᠮᠡᠲᠦ᠂ ᠬᠦᠴᠦᠲᠦ ᠠᠶᠤᠩ᠋ᠭ᠎ᠠ ᠶᠢᠨ ᠨᠦᠷᠬᠢᠶᠡᠨ ᠮᠡᠲᠦ ᠳᠠᠭᠤ ᠶᠢ ᠪᠢ ᠰᠣᠨᠣᠰᠪᠠ᠃ ᠳᠠᠭᠤ ᠨᠢ᠄ 《ᠬᠠᠯᠧᠯᠦ᠋ᠶᠠ︕ ᠲᠡᠭᠦᠰ ᠬᠦᠴᠦᠲᠡᠨ᠂ ᠪᠢᠳᠡᠨ ᠦ ᠡᠵᠡᠨ ᠪᠤᠷᠬᠠᠨ ᠬᠠᠭᠠᠨᠴᠢᠯᠠᠬᠤ ᠪᠣᠯᠣᠯ᠎ᠠ᠃
7 ᠪᠠᠶᠠᠷᠯᠠᠨ ᠬᠥᠭᠡᠷᠴᠦ ᠠᠯᠳᠠᠷ ᠢ ᠲᠡᠭᠦᠨ ᠳᠦ ᠡᠷᠭᠦᠵᠡᠭᠡᠶ᠎ᠡ ᠬᠤᠷᠠᠭᠠᠨ ᠤ ᠬᠤᠷᠢᠮ ᠪᠣᠯᠵᠠᠢ ᠰᠢᠨ᠎ᠡ ᠪᠡᠷᠢ ᠨᠢ ᠪᠡᠯᠡᠬᠡᠨ ᠪᠠᠢᠨ᠎ᠠ》 ᠭᠡᠪᠡ᠃
8 ᠲᠡᠭᠡᠲᠡᠯ᠎ᠡ ᠰᠢᠨ᠎ᠡ ᠪᠡᠷᠢ ᠳᠤ ᠲᠡᠭᠦᠨ ᠦ ᠡᠮᠦᠰᠬᠦ ᠭᠡᠷᠡᠯᠲᠦ ᠴᠡᠪᠡᠷ ᠨᠠᠷᠢᠨ ᠣᠯᠣᠰᠣᠨ ᠬᠤᠪᠴᠠᠰᠤ ᠰᠣᠶᠣᠷᠬᠠᠭᠳᠠᠵᠠᠢ᠂ ᠣᠯᠣᠰᠣᠨ ᠬᠤᠪᠴᠠᠰᠤ ᠨᠢ ᠠᠷᠢᠭᠤᠨ ᠬᠥᠮᠦᠰ ᠦᠨ ᠵᠥᠪ ᠦᠢᠯᠡᠰ ᠪᠢᠯᠡ᠃
9 ᠲᠩᠷᠢ ᠡᠯᠴᠢ ᠨᠠᠳᠠ ᠳᠤ᠄ 《〈ᠬᠤᠷᠠᠭᠠᠨ ᠤ ᠬᠤᠷᠢᠮ ᠳᠤ ᠤᠷᠢᠭᠳᠠᠭᠰᠠᠳ ᠨᠢ ᠪᠤᠶᠠᠨ ᠲᠠᠢ〉 ᠬᠡᠮᠡᠨ ᠪᠢᠴᠢᠭᠲᠦᠨ》 ᠭᠡᠵᠦ ᠪᠠᠰᠠ᠄ 《ᠡᠳᠡᠭᠡᠷ ᠨᠢ ᠪᠤᠷᠬᠠᠨ ᠤ ᠦᠨᠡᠨ ᠦᠭᠡᠰ ᠮᠥᠨ》 ᠭᠡᠰᠡᠨ ᠳᠦ᠂ 10 ᠪᠢ ᠲᠡᠭᠦᠨ ᠳᠦ ᠮᠥᠷᠭᠥᠬᠦ ᠪᠡᠷ ᠬᠥᠯ ᠦᠨ ᠬᠢᠨᠢ ᠡᠮᠦᠨ᠎ᠡ ᠬᠥᠰᠡᠷ ᠤᠨᠠᠪᠠ᠃ ᠲᠡᠭᠡᠲᠡᠯ᠎ᠡ ᠲᠡᠷᠡ ᠨᠠᠳᠠ ᠳᠤ᠄ 《ᠪᠣᠯᠢ᠂ ᠪᠢ ᠴᠤ ᠴᠢᠮ᠎ᠠ ᠲᠠᠢ ᠠᠳᠠᠯᠢᠬᠠᠨ ᠵᠠᠷᠤᠴᠠ ᠶᠤᠮ᠂ ᠴᠢ ᠪᠤᠶᠤ ᠢᠰᠦ᠋ᠰ ᠤᠨ ᠭᠡᠷᠡᠴᠢᠯᠡᠯ 25 ᠲᠠᠢ ᠥᠭᠡᠷ᠎ᠡ ᠠᠬ᠎ᠠ ᠳᠡᠭᠦᠦ ᠨᠠᠷ ᠲᠠᠢ ᠴᠢᠨᠢ ᠠᠳᠠᠯᠢᠬᠠᠨ᠃ ᠪᠤᠷᠬᠠᠨ ᠳᠤ ᠯᠠ ᠮᠥᠷᠭᠥᠭᠲᠦᠨ᠂ ᠤᠴᠢᠷ ᠨᠢ᠂ ᠢᠰᠦ᠋ᠰ ᠤᠨ ᠭᠡᠷᠡᠴᠢᠯᠡᠯ 26 ᠨᠢ ᠡᠰᠢ ᠦᠵᠡᠭᠦᠯᠦᠭᠴᠢ ᠰᠦᠨᠡᠰᠦᠨ ᠦ ᠠᠵᠢᠯᠯᠠᠭ᠎ᠠ ᠶᠤᠮ》 ᠭᠡᠯᠡ᠃
ᠴᠠᠭᠠᠨ ᠮᠣᠷᠢ ᠤᠨᠤᠭᠴᠢ
11 ᠲᠩᠷᠢ ᠨᠡᠭᠡᠭᠡᠭᠳᠡᠭᠡᠰᠦᠲᠡᠢ ᠪᠠᠢᠬᠤ ᠶᠢ ᠪᠢ ᠬᠠᠷᠠᠪᠠ᠃ ᠠᠩ᠋ᠬᠠᠷᠤᠭᠲᠤᠨ᠂ ᠲᠡᠨᠳᠡ ᠴᠠᠭᠠᠨ ᠮᠣᠷᠢ ᠪᠠᠢᠵᠠᠢ᠂ ᠤᠨᠤᠭᠴᠢ ᠨᠢ 《ᠢᠲᠡᠭᠡᠮᠵᠢᠲᠦ ᠪᠥᠭᠡᠳ ᠦᠨᠡᠨ》 ᠭᠡᠭᠳᠡᠳᠡᠭ᠃ ᠲᠡᠷᠡ ᠵᠥᠪ ᠰᠢᠭᠦᠵᠦ ᠪᠠᠢᠯᠳᠤᠳᠠᠭ᠃ 12 ᠮᠡᠯᠮᠡᠢ ᠨᠢ ᠭᠠᠯ ᠤᠨ ᠳᠥᠯᠥ ᠮᠡᠲᠦ᠂ ᠲᠡᠷᠢᠭᠦᠨ ᠳᠡᠭᠡᠷ᠎ᠡ ᠨᠢ ᠣᠯᠠᠨ ᠲᠢᠲᠢᠮ ᠪᠤᠢ᠂ ᠪᠡᠶ᠎ᠡ ᠳᠡᠭᠡᠷ᠎ᠡ ᠨᠢ ᠥᠪᠡᠷ ᠡᠴᠡ ᠨᠢ ᠥᠭᠡᠷ᠎ᠡ ᠬᠡᠨ ᠴᠤ ᠲᠠᠨᠢᠬᠤ ᠦᠭᠡᠢ ᠨᠡᠷ᠎ᠡ ᠪᠢᠴᠢᠭᠡᠰᠦᠲᠡᠢ ᠪᠠᠢᠳᠠᠭ᠃ 13 ᠲᠡᠷᠡ ᠴᠢᠰᠤᠨ ᠳᠤ ᠳᠦᠷᠦᠭᠰᠡᠨ ᠬᠤᠪᠴᠠᠰᠤ ᠲᠠᠢ ᠪᠥᠭᠡᠳ 《ᠪᠤᠷᠬᠠᠨ ᠤ ᠦᠭᠡ》 ᠬᠡᠮᠡᠬᠦ ᠨᠡᠷ᠎ᠡ ᠲᠠᠢ᠃ 14 ᠴᠡᠪᠡᠷᠬᠡᠨ ᠴᠠᠭᠠᠨ ᠣᠯᠣᠰᠣᠨ ᠬᠤᠪᠴᠠᠰᠤ ᠡᠮᠦᠰᠦᠭᠰᠡᠨ ᠲᠩᠷᠢ ᠶᠢᠨ ᠴᠡᠷᠢᠭ ᠤᠳ ᠴᠠᠭᠠᠨ ᠮᠣᠷᠢ ᠤᠨᠤᠵᠤ ᠲᠡᠭᠦᠨ ᠢ ᠳᠠᠭᠠᠵᠤ ᠪᠠᠢᠯ᠎ᠠ᠃ 15 ᠲᠡᠭᠦᠨ ᠦ ᠠᠮᠠᠨ ᠠᠴᠠ ᠬᠤᠷᠴᠠ ᠰᠡᠯᠡᠮ᠎ᠡ ᠭᠠᠷᠳᠠᠭ᠃ ᠲᠡᠭᠦᠨ ᠢᠶᠡᠷ ᠲᠡᠷᠡ ᠦᠨᠳᠦᠰᠦᠲᠡᠨ ᠨᠦᠭᠦᠳ ᠢ ᠴᠣᠬᠢᠨ᠂ ᠲᠡᠮᠦᠷ ᠲᠠᠶᠠᠭ ᠢᠶᠠᠷ ᠲᠡᠳᠡᠨ ᠢ ᠬᠠᠷᠢᠭᠤᠯᠵᠤ᠂ ᠲᠡᠭᠦᠰ ᠬᠦᠴᠦᠲᠦ ᠪᠤᠷᠬᠠᠨ ᠤ ᠠᠭᠤᠷ ᠬᠢᠯᠢᠩ ᠲᠠᠢ ᠠᠷᠢᠬᠢᠨ ᠤ ᠰᠢᠬᠠᠭᠤᠷ ᠢ ᠭᠢᠰᠬᠢᠨ᠎ᠡ᠃ 16 ᠬᠤᠪᠴᠠᠰᠤ ᠪᠠ ᠭᠤᠶᠠᠨ ᠳᠡᠭᠡᠷ᠎ᠡ ᠨᠢ 《ᠬᠠᠭᠠᠳ ᠤᠨ ᠬᠠᠭᠠᠨ᠂ ᠡᠵᠡᠳ ᠦᠨ ᠡᠵᠡᠨ》 ᠭᠡᠵᠦ ᠪᠢᠴᠢᠭᠰᠡᠨ ᠨᠡᠷ᠎ᠡ ᠪᠤᠢ᠃
ᠠᠷᠢᠶᠠᠲᠠᠨ ᠪᠠ ᠬᠠᠭᠤᠷᠮᠠᠭ ᠡᠰᠢ ᠦᠵᠡᠭᠦᠯᠦᠭᠴᠢᠳ ᠤᠨ ᠡᠴᠦᠰ
17 ᠨᠠᠷᠠᠨ ᠤ ᠳᠣᠲᠣᠷ᠎ᠠ ᠨᠢᠭᠡᠨ ᠲᠩᠷᠢ ᠡᠯᠴᠢ ᠵᠣᠭᠰᠣᠵᠤ ᠪᠠᠢᠬᠤ ᠶᠢ ᠪᠢ ᠬᠠᠷᠠᠪᠠ᠃ ᠲᠡᠷᠡ ᠣᠭᠲᠠᠷᠭᠤᠢ ᠪᠠᠷ ᠨᠢᠰᠴᠦ ᠪᠤᠢ ᠠᠯᠢᠪᠠ ᠰᠢᠪᠠᠭᠤᠳ ᠲᠤ ᠶᠡᠬᠡ ᠳᠠᠭᠤᠨ ᠢᠶᠠᠷ ᠬᠠᠰᠬᠢᠷᠤᠨ᠄ 《ᠨᠠᠰᠢ ᠪᠠᠨ᠂ ᠪᠤᠷᠬᠠᠨ ᠤ ᠶᠡᠬᠡ ᠨᠠᠢᠷ ᠲᠤ ᠴᠤᠭᠯᠠᠷᠠᠵᠠᠭᠠ︕ 18 ᠬᠠᠭᠠᠳ ᠤᠨ ᠮᠢᠬ᠎ᠠ᠂ ᠵᠠᠩᠵᠤᠨ ᠨᠠᠷ ᠤᠨ ᠮᠢᠬ᠎ᠠ᠂ ᠬᠦᠴᠦᠲᠡᠳ ᠦᠨ ᠮᠢᠬ᠎ᠠ᠂ ᠮᠣᠷᠢᠳ ᠪᠠ ᠮᠣᠷᠢᠲᠠᠳ ᠤᠨ ᠮᠢᠬ᠎ᠠ᠂ ᠡᠷᠬᠡ ᠴᠢᠯᠥᠭᠡᠲᠡᠨ᠂ ᠪᠣᠭᠣᠯ ᠬᠢᠭᠡᠳ ᠶᠡᠬᠡ ᠪᠠᠭ᠎ᠠ ᠪᠦᠬᠦ ᠬᠥᠮᠦᠨ ᠦ ᠮᠢᠬ᠎ᠠ ᠶᠢ ᠢᠳᠡᠭᠲᠦᠨ》 ᠭᠡᠪᠡ᠃ 19 ᠲᠡᠭᠡᠬᠦ ᠳᠦ᠂ ᠠᠷᠢᠶᠠᠲᠠᠨ᠂ ᠳᠡᠯᠡᠬᠡᠢ ᠶᠢᠨ ᠬᠠᠭᠠᠳ ᠪᠠ ᠲᠡᠳᠡᠨ ᠦ ᠴᠡᠷᠢᠭ ᠤᠳ ᠴᠤᠭᠯᠠᠷᠠᠭᠠᠳ ᠴᠠᠭᠠᠨ ᠮᠣᠷᠢ ᠤᠨᠤᠭᠴᠢ ᠨᠢᠭᠡᠨ ᠪᠠ ᠲᠡᠭᠦᠨ ᠦ ᠴᠡᠷᠢᠭ ᠲᠠᠢ ᠪᠠᠢᠯᠳᠤᠬᠤ ᠭᠡᠵᠦ ᠪᠠᠢᠭ᠎ᠠ ᠶᠢ ᠪᠢ ᠬᠠᠷᠠᠪᠠ᠃ 20 ᠬᠠᠷᠢᠨ ᠥᠨᠥᠬᠢ ᠠᠷᠢᠶᠠᠲᠠᠨ ᠪᠠᠷᠢᠭᠳᠠᠵᠠᠢ᠃ ᠪᠠᠰᠠ ᠲᠡᠭᠦᠨ ᠦ ᠡᠮᠦᠨ᠎ᠡ ᠡᠴᠡ ᠰᠢᠳᠢ ᠲᠡᠮᠳᠡᠭ ᠦᠢᠯᠠᠳᠴᠤ᠂ ᠠᠷᠢᠶᠠᠲᠠᠨ ᠤ ᠲᠠᠮᠠᠭ᠎ᠠ ᠲᠠᠢ ᠬᠥᠮᠦᠰ ᠪᠠ ᠠᠷᠢᠶᠠᠲᠠᠨ ᠤ ᠬᠥᠷᠥᠭ ᠲᠦ ᠮᠥᠷᠭᠥᠭᠴᠢ ᠬᠥᠮᠦᠰ ᠢ ᠲᠥᠭᠡᠷᠢᠭᠦᠯᠦᠭᠰᠡᠨ ᠬᠠᠭᠤᠷᠮᠠᠭ ᠡᠰᠢ ᠦᠵᠡᠭᠦᠯᠦᠭᠴᠢ ᠴᠤ ᠬᠠᠮᠲᠤ ᠪᠠᠷ ᠪᠠᠷᠢᠭᠳᠠᠪᠠ᠃ ᠲᠡᠳᠡ ᠬᠣᠶᠠᠭᠤᠯᠠ ᠬᠦᠬᠦᠷ ᠰᠢᠲᠠᠵᠤ ᠪᠤᠢ ᠭᠠᠯᠲᠤ ᠨᠠᠭᠤᠷ ᠲᠤ ᠠᠮᠢᠳᠤ ᠪᠠᠷ ᠬᠠᠶᠠᠭᠳᠠᠵᠠᠢ᠃ 21 ᠪᠤᠰᠤᠳ ᠨᠢ ᠴᠠᠭᠠᠨ ᠮᠣᠷᠢ ᠤᠨᠤᠭᠴᠢ ᠶᠢᠨ ᠠᠮᠠᠨ ᠠᠴᠠ ᠭᠠᠷᠤᠭᠰᠠᠨ ᠰᠡᠯᠡᠮ᠎ᠡ ᠳᠦ ᠠᠯᠠᠭᠳᠠᠭᠰᠠᠨ᠃ ᠬᠠᠮᠤᠭ ᠰᠢᠪᠠᠭᠤ ᠲᠡᠳᠡᠨ ᠦ ᠮᠢᠬ᠎ᠠ ᠪᠠᠷ ᠴᠠᠳᠴᠠᠢ᠃