ᠢᠯᠡᠷᠬᠡᠶᠢᠯᠡᠯᠭᠡ ᠠᠷᠪᠠᠨ ᠨᠢᠭᠡ
ᠬᠣᠶᠠᠷ ᠭᠡᠷᠡᠴᠢᠯᠡᠭᠴᠢ
1 ᠲᠡᠭᠡᠬᠦ ᠳᠦ᠂ ᠲᠠᠶᠠᠭ ᠮᠡᠲᠦ ᠱᠤᠭᠤᠮ ᠨᠠᠳᠠ ᠳᠤ ᠥᠭᠭᠥᠭᠳᠡᠭᠰᠡᠨ ᠪᠥᠭᠡᠳ ᠬᠡᠨ ᠨᠢᠭᠡᠨ᠄ 《ᠶᠠᠪᠤ᠂ ᠪᠤᠷᠬᠠᠨ ᠤ ᠥᠷᠭᠥᠭᠡ ᠪᠠ ᠲᠠᠬᠢᠯ ᠤᠨ ᠰᠢᠷᠡᠭᠡ ᠶᠢ ᠬᠡᠮᠵᠢᠵᠦ᠂ ᠥᠷᠭᠥᠭᠡᠨ ᠳᠦ ᠮᠥᠷᠭᠥᠭᠴᠢᠳ ᠢ ᠲᠣᠭᠠᠯᠠ᠃ 2 ᠬᠠᠷᠢᠨ ᠥᠷᠭᠥᠭᠡᠨ ᠦ ᠭᠠᠳᠠᠨᠠᠬᠢ ᠬᠦᠷᠢᠶ᠎ᠡ ᠶᠢ ᠣᠷᠬᠢ᠂ ᠪᠦᠦ ᠬᠡᠮᠵᠢ᠃ ᠲᠡᠭᠦᠨ ᠢ ᠬᠠᠷᠢᠴᠤᠳ ᠲᠤ ᠥᠭᠭᠥᠭᠰᠡᠨ ᠶᠤᠮ᠃ ᠲᠡᠳᠡ ᠠᠷᠢᠭᠤᠨ ᠬᠣᠲᠠ ᠶᠢ ᠳᠥᠴᠢᠨ ᠬᠣᠶᠠᠷ ᠰᠠᠷ᠎ᠠ ᠶᠢᠨ ᠲᠤᠷᠰᠢ ᠭᠢᠰᠬᠢᠯᠡᠬᠦ ᠪᠣᠯᠣᠨ᠎ᠠ᠃ 3 ᠪᠢ ᠬᠣᠶᠠᠷ ᠭᠡᠷᠡᠴᠢᠯᠡᠭᠴᠢ ᠳᠡᠭᠡᠨ ᠮᠡᠳᠡᠯ ᠥᠭᠬᠦ ᠪᠥᠭᠡᠳ ᠲᠡᠳᠡ ᠮᠢᠩ᠋ᠭ᠎ᠠ ᠬᠣᠶᠠᠷ ᠵᠠᠭᠤ ᠵᠢᠷᠠᠨ ᠬᠣᠨᠣᠭ ᠤᠨ ᠲᠤᠷᠰᠢ ᠥᠷᠮᠥᠭ ᠨᠥᠮᠥᠷᠥᠨ ᠡᠰᠢ ᠦᠵᠡᠭᠦᠯᠦᠨ᠎ᠡ》 ᠭᠡᠪᠡ᠃
4 ᠲᠡᠳᠡ ᠪᠣᠯ ᠭᠠᠵᠠᠷ ᠳᠡᠯᠡᠬᠡᠢ ᠶᠢᠨ ᠡᠵᠡᠨ ᠦ ᠡᠮᠦᠨ᠎ᠡ ᠪᠠᠢᠳᠠᠭ ᠬᠣᠶᠠᠷ ᠴᠢᠳᠦᠨ ᠮᠣᠳᠣ ᠪᠤᠶᠤ ᠬᠣᠶᠠᠷ ᠳ᠋ᠧᠩ ᠤᠨ ᠲᠠᠯᠪᠢᠭᠤᠷ ᠪᠣᠯᠠᠢ᠃ 5 ᠬᠡᠨ ᠴᠤ ᠭᠡᠰᠡᠨ ᠲᠡᠳᠡᠨ ᠢ ᠬᠣᠣᠷᠯᠠᠬᠤ ᠭᠡᠪᠡᠯ᠂ ᠲᠡᠳᠡᠨ ᠦ ᠠᠮᠠᠨ ᠠᠴᠠ ᠭᠠᠯ ᠭᠠᠷᠴᠤ ᠳᠠᠢᠰᠤᠨ ᠨᠤᠭᠤᠳ ᠢ ᠰᠥᠨᠥᠭᠡᠨ᠎ᠡ᠃ ᠬᠡᠨ ᠴᠤ ᠭᠡᠰᠡᠨ ᠲᠡᠳᠡᠨ ᠢ ᠬᠣᠣᠷᠯᠠᠬᠤ ᠭᠡᠪᠡᠯ ᠯᠠᠪ ᠡᠢᠨ ᠬᠦ ᠠᠯᠠᠭᠳᠠᠨ᠎ᠠ᠃ 6 ᠲᠡᠳᠡ ᠲᠩᠷᠢ ᠶᠢ ᠬᠠᠭᠠᠬᠤ ᠮᠡᠳᠡᠯ ᠲᠡᠢ ᠪᠣᠯᠬᠣᠷ ᠡᠰᠢ ᠦᠵᠡᠭᠦᠯᠬᠦ ᠡᠳᠦᠷ ᠤᠳ ᠲᠡᠭᠡᠨ ᠪᠣᠷᠣᠭᠠᠨ ᠣᠷᠣᠭᠤᠯᠬᠤ ᠦᠭᠡᠢ ᠪᠠᠢᠵᠤ ᠴᠢᠳᠠᠨ᠎ᠠ᠃ ᠮᠥᠨ ᠤᠰᠤ ᠶᠢ ᠴᠢᠰᠤ ᠪᠣᠯᠭᠠᠬᠤ᠂ ᠳᠤᠷ᠎ᠠ ᠶᠢᠨ ᠴᠠᠭ ᠲᠠᠭᠠᠨ ᠵᠦᠢᠯ ᠪᠦᠷᠢ ᠶᠢᠨ ᠭᠠᠮᠰᠢᠭ ᠢᠶᠠᠷ ᠭᠠᠵᠠᠷ ᠢ ᠴᠣᠬᠢᠬᠤ ᠮᠡᠳᠡᠯ ᠴᠤ ᠲᠡᠳᠡᠨ ᠳᠦ ᠪᠤᠢ᠃
7 ᠲᠡᠳᠡᠨ ᠦ ᠭᠡᠷᠡᠴᠢᠯᠡᠯ ᠳᠠᠭᠤᠰᠬᠤ ᠳᠤ᠂ ᠢᠷᠤᠭᠠᠷ ᠦᠭᠡᠢ ᠨᠦᠬᠡᠨ ᠡᠴᠡ ᠭᠠᠷᠬᠤ ᠠᠷᠢᠶᠠᠲᠠᠨ ᠲᠡᠳᠡᠨ ᠲᠡᠢ ᠳᠠᠢᠲᠤᠨ ᠢᠯᠠᠵᠤ᠂ ᠲᠡᠳᠡᠨ ᠢ ᠠᠯᠠᠬᠤ ᠪᠣᠯᠣᠨ᠎ᠠ᠃ 8 ᠲᠡᠳᠡᠨ ᠦ ᠱᠠᠷᠢᠯ ᠶᠡᠬᠡ ᠬᠣᠲᠠ ᠶᠢᠨ ᠲᠥᠪ ᠭᠤᠳᠤᠮᠵᠢᠨ ᠳᠤ ᠪᠠᠢᠬᠤ ᠪᠣᠯᠣᠨ᠎ᠠ᠃ ᠲᠡᠷᠡ ᠬᠣᠲᠠ ᠶᠢᠨ ᠶᠣᠭᠲᠠ ᠨᠡᠷ᠎ᠡ ᠪᠣᠯ ᠰᠣᠳᠣᠮ ᠪᠤᠶᠤ ᠶᠧᠵᠢᠫᠲ ᠶᠤᠮ᠃ ᠲᠡᠳᠡᠨ ᠦ ᠡᠵᠡᠨ ᠴᠤ ᠡ᠊ᠨᠳᠡ ᠴᠣᠪᠳᠣᠯᠠᠭᠳᠠᠭᠰᠠᠨ ᠪᠢᠯᠡ᠃ 9 ᠭᠤᠷᠪᠠ ᠬᠣᠨᠣᠭ ᠬᠠᠭᠠᠰ ᠤᠨ ᠲᠤᠷᠰᠢ ᠲᠡᠳᠡᠨ ᠦ ᠱᠠᠷᠢᠯ ᠢ ᠠᠷᠠᠳ ᠤᠳ᠂ ᠣᠪᠣᠭ ᠤᠳ᠂ ᠬᠡᠯᠡ ᠨᠦᠭᠦᠳ ᠪᠠ ᠦᠨᠳᠦᠰᠦᠲᠡᠨ ᠨᠦᠭᠦᠳ ᠦᠨ ᠬᠢᠨ ᠦᠵᠡᠬᠦ ᠪᠥᠭᠡᠳ ᠪᠤᠯᠠᠰᠢᠯᠠᠬᠤ ᠶᠢ ᠨᠢ ᠵᠥᠪᠰᠢᠶᠡᠷᠡᠬᠦ ᠦᠭᠡᠢ᠃ 10 ᠭᠠᠵᠠᠷ ᠳᠡᠭᠡᠷ᠎ᠡ ᠰᠠᠭᠤᠭᠴᠢᠳ ᠲᠡᠳᠡ ᠨᠠᠷ ᠠᠴᠠ ᠪᠣᠯᠵᠤ ᠪᠠᠶᠠᠷᠯᠠᠨ ᠬᠥᠭᠡᠷᠴᠦ᠂ ᠬᠠᠷᠢᠯᠴᠠᠨ ᠪᠡᠯᠡᠭ ᠢᠯᠡᠭᠡᠵᠡᠭᠡᠨᠡ᠃ ᠡᠨᠡ ᠬᠣᠶᠠᠷ ᠡᠰᠢ ᠦᠵᠡᠭᠦᠯᠦᠭᠴᠢ ᠭᠠᠵᠠᠷ ᠳᠡᠭᠡᠷ᠎ᠡ ᠰᠠᠭᠤᠭᠴᠢᠳ ᠢ ᠵᠣᠪᠠᠭᠠᠳᠠᠭ ᠪᠠᠢᠭᠰᠠᠨ ᠠᠵᠢ᠃
11 ᠬᠠᠷᠢᠨ ᠭᠤᠷᠪᠠᠨ ᠬᠣᠨᠣᠭ ᠬᠠᠭᠠᠰ ᠤᠨ ᠳᠠᠷᠠᠭ᠎ᠠ᠂ ᠪᠤᠷᠬᠠᠨ ᠤ ᠠᠮᠢ ᠶᠢᠨ ᠠᠮᠢᠰᠬᠤᠯ ᠲᠡᠳᠡᠨ ᠦ ᠳᠣᠲᠣᠷ᠎ᠠ ᠣᠷᠣᠭᠰᠠᠨ ᠳᠤ᠂ ᠲᠡᠳᠡ ᠬᠥᠯ ᠳᠡᠭᠡᠷ᠎ᠡ ᠪᠡᠨ ᠵᠣᠭᠰᠣᠯ᠎ᠠ᠃ ᠲᠡᠳᠡᠨ ᠢ ᠣᠯᠵᠤ ᠦᠵᠡᠭᠴᠢᠳ ᠶᠡᠬᠡᠳᠡ ᠠᠶᠤᠪᠠ᠃ 12 ᠲᠡᠭᠡᠬᠦ ᠳᠦ᠂ 《ᠨᠠᠰᠢ ᠭᠠᠷᠤᠭᠠᠳ ᠢᠷ᠎ᠡ︕》 ᠬᠡᠮᠡᠬᠦ ᠥᠨᠳᠥᠷ ᠳᠠᠭᠤ ᠲᠩᠷᠢ ᠡᠴᠡ ᠭᠠᠷᠬᠤ ᠨᠢ ᠰᠣᠨᠣᠰᠲᠠᠯ᠎ᠠ᠃ ᠲᠡᠳᠡ ᠡᠭᠦᠯᠡᠨ ᠳᠤᠮᠳᠠᠭᠤᠷ ᠲᠩᠷᠢ ᠥᠭᠡᠳᠡ ᠭᠠᠷᠤᠭᠰᠠᠨ ᠪᠥᠭᠡᠳ ᠳᠠᠢᠰᠤᠨ ᠨᠢ ᠲᠡᠳᠡᠨ ᠢ ᠬᠠᠷᠠᠵᠤ ᠯᠠ ᠪᠠᠢᠪᠠ᠃ 13 ᠲᠡᠷᠡ ᠴᠠᠭ ᠲᠤ ᠭᠠᠵᠠᠷ ᠬᠦᠴᠦᠲᠡᠢ ᠬᠥᠳᠡᠯᠵᠦ᠂ ᠬᠣᠲᠠ ᠶᠢᠨ ᠠᠷᠪᠠᠨ ᠤ ᠨᠢᠭᠡ ᠨᠢ ᠨᠤᠷᠠᠵᠠᠢ᠃ ᠭᠠᠵᠠᠷ ᠬᠥᠳᠡᠯᠦᠯᠲᠡ ᠪᠡᠷ ᠳᠣᠯᠣᠭᠠᠨ ᠮᠢᠩ᠋ᠭᠠᠨ ᠬᠥᠮᠦᠨ ᠦᠬᠦᠭᠰᠡᠨ ᠪᠥᠭᠡᠳ ᠦᠯᠡᠳᠡᠭᠰᠡᠳ ᠨᠢ ᠠᠶᠤᠵᠤ᠂ ᠲᠩᠷᠢ ᠶᠢᠨ ᠪᠤᠷᠬᠠᠨ ᠢ ᠠᠯᠳᠠᠷᠰᠢᠭᠤᠯᠪᠠ᠃
14 ᠬᠣᠶᠠᠳᠠᠬᠢ ᠭᠠᠢ ᠥᠩᠭᠡᠷᠡᠯ᠎ᠡ᠃ ᠠᠩ᠋ᠬᠠᠷᠤᠭᠲᠤᠨ᠂ ᠭᠤᠷᠪᠠᠳᠠᠬᠢ ᠭᠠᠢ ᠤᠳᠠᠬᠤ ᠦᠭᠡᠢ ᠢᠷᠡᠨ᠎ᠡ︕
ᠳᠣᠯᠣᠳᠤᠭᠠᠷ ᠪᠦᠷᠢᠶ᠎ᠡ
15 ᠳᠣᠯᠣᠳᠠᠬᠢ ᠲᠩᠷᠢ ᠡᠯᠴᠢ ᠪᠦᠷᠢᠶ᠎ᠡ ᠪᠡᠨ ᠦᠯᠢᠶᠡᠪᠡ᠂ ᠲᠡᠭᠡᠲᠡᠯ᠎ᠡ ᠲᠩᠷᠢ ᠳᠡᠭᠡᠷ᠎ᠡ᠄ 《ᠶᠢᠷᠲᠢᠨᠴᠦ ᠶᠢᠨ ᠬᠠᠭᠠᠨᠴᠢᠯᠠᠯ ᠨᠢ ᠪᠢᠳᠡᠨ ᠦ ᠡᠵᠡᠨ ᠦ ᠬᠢ ᠲᠡᠭᠦᠨ ᠦ ᠾᠷᠢᠰᠲ᠋ᠣᠰ ᠤᠨ ᠬᠢ ᠪᠣᠯᠣᠯ᠎ᠠ ᠲᠡᠷᠡ ᠮᠥᠩᠬᠡ ᠶᠢᠨ ᠮᠥᠩᠬᠡᠳᠡ ᠬᠠᠭᠠᠨᠴᠢᠯᠠᠨ᠎ᠠ》
ᠬᠡᠮᠡᠬᠦ ᠶᠡᠬᠡ ᠳᠠᠭᠤ ᠨᠤᠭᠤᠳ ᠭᠠᠷᠪᠠ᠃ 16 ᠪᠤᠷᠬᠠᠨ ᠤ ᠡᠮᠦᠨ᠎ᠡ ᠲᠤᠰ ᠲᠤᠰ ᠤᠨ ᠢᠶᠠᠨ ᠰᠡᠨᠲᠢ ᠳᠤ ᠰᠠᠭᠤᠭᠴᠢ ᠬᠣᠷᠢᠨ ᠳᠥᠷᠪᠡᠨ ᠠᠬᠠᠯᠠᠭᠴᠢ ᠨᠢᠭᠤᠷ ᠢᠶᠠᠨ ᠭᠠᠵᠠᠷ ᠲᠤ ᠨᠠᠭᠠᠵᠤ᠂ ᠪᠤᠷᠬᠠᠨ ᠳᠤ ᠮᠥᠷᠭᠥᠨ᠄
17 《ᠪᠠᠢᠭᠰᠠᠨ᠂ ᠪᠠᠢᠭ᠎ᠠ᠂ ᠲᠡᠭᠦᠰ ᠬᠦᠴᠦᠲᠦ ᠡᠵᠡᠨ ᠪᠤᠷᠬᠠᠨ ᠡ ᠪᠢᠳᠡ ᠲᠠᠨ ᠳᠤ ᠲᠠᠯᠠᠷᠬᠠᠶ᠎ᠠ ᠲᠠ ᠶᠡᠬᠡ ᠡᠷᠬᠡ ᠪᠡᠨ ᠡᠵᠡᠮᠰᠢᠨ ᠬᠠᠭᠠᠨᠴᠢᠯᠠᠬᠤ ᠪᠣᠯᠵᠠᠢ︕
18 ᠦᠨᠳᠦᠰᠦᠲᠡᠨ ᠨᠦᠭᠦᠳ ᠠᠭᠤᠷᠯᠠᠬᠤ ᠳᠤ ᠲᠠᠨ ᠤ ᠬᠢᠯᠢᠩ ᠪᠠᠭᠤᠵᠠᠢ︕ ᠲᠠ ᠦᠬᠦᠭᠰᠡᠳ ᠢ ᠰᠢᠭᠦᠵᠦ᠂ ᠥᠪᠡᠷ ᠦᠨ ᠢᠶᠠᠨ ᠵᠠᠷᠤᠴᠠ᠂ ᠡᠰᠢ ᠦᠵᠡᠭᠦᠯᠦᠭᠴᠢᠳ᠂ ᠠᠷᠢᠭᠤᠨ ᠲᠦᠮᠡᠨ ᠬᠢᠭᠡᠳ ᠥᠪᠡᠷ ᠦᠨ ᠲᠠᠨᠢ ᠨᠡᠷ᠎ᠡ ᠡᠴᠡ ᠡᠮᠢᠶᠡᠳᠡᠭ ᠶᠡᠬᠡ ᠪᠠᠭ᠎ᠠ ᠪᠦᠭᠦᠳᠡ ᠶᠢ ᠱᠠᠩᠨᠠᠨ ᠭᠠᠵᠠᠷ ᠢ ᠰᠦᠢᠳᠬᠡᠭᠴᠢᠳ ᠢ ᠰᠦᠢᠳᠬᠡᠬᠦ ᠴᠠᠭ ᠪᠣᠯᠵᠠᠢ》 ᠭᠡᠵᠡᠭᠡᠪᠡ᠃
19 ᠲᠡᠭᠡᠬᠦ ᠳᠦ᠂ ᠲᠩᠷᠢ ᠳᠤ ᠪᠤᠢ ᠪᠤᠷᠬᠠᠨ ᠤ ᠥᠷᠭᠥᠭᠡ ᠨᠡᠭᠡᠭᠡᠭᠳᠡᠵᠦ᠂ ᠲᠡᠭᠦᠨ ᠦ ᠥᠷᠭᠥᠭᠡᠨ ᠳᠣᠲᠣᠷᠠᠬᠢ ᠭᠡᠷ᠎ᠡ ᠶᠢᠨ ᠠᠪᠳᠠᠷ᠎ᠠ ᠬᠠᠷᠠᠭᠳᠠᠭᠰᠠᠨ ᠪᠥᠭᠡᠳ ᠴᠠᠬᠢᠯᠭᠠᠨ ᠴᠠᠬᠢᠯᠤᠨ᠂ ᠳᠠᠭᠤ ᠭᠠᠷᠴᠤ᠂ ᠠᠶᠤᠩ᠋ᠭ᠎ᠠ ᠨᠢᠵᠢᠭᠢᠨᠡᠨ᠂ ᠭᠠᠵᠠᠷ ᠬᠥᠳᠡᠯᠵᠦ᠂ ᠶᠡᠬᠡ ᠮᠥᠨᠳᠥᠷ ᠪᠠᠭᠤᠯ᠎ᠠ᠃