1 2 3 4 5 6 7 8 9 10 11 12 13 14 15 16 17 18 19 20 21 22


ᠢᠯᠡᠷᠬᠡᠶᠢᠯᠡᠯᠭᠡ ᠠᠷᠪᠠ
 ᠲᠩᠷᠢ ᠡᠯᠴᠢ ᠶᠢᠨ ᠪᠢᠴᠢᠬᠠᠨ ᠬᠤᠢᠯᠠᠮᠠᠯ

1 ᠥᠭᠡᠷ᠎ᠡ ᠨᠢᠭᠡᠨ ᠬᠦᠴᠦᠲᠦ ᠲᠩᠷᠢ ᠡᠯᠴᠢ ᠶᠢᠨ ᠡᠭᠦᠯᠡ ᠨᠥᠮᠥᠷᠥᠨ ᠲᠩᠷᠢ ᠡᠴᠡ ᠪᠠᠭᠤᠬᠤ ᠶᠢ ᠪᠢ ᠬᠠᠷᠠᠪᠠ᠃ ᠲᠣᠯᠣᠭᠠᠢ ᠳᠡᠭᠡᠷ᠎ᠡ ᠨᠢ ᠰᠣᠯᠣᠩ᠋ᠭ᠎ᠠ ᠲᠠᠢ᠂ ᠨᠢᠭᠤᠷ ᠨᠢ ᠨᠠᠷᠠ ᠮᠡᠲᠦ᠂ ᠬᠥᠯ ᠨᠢ ᠭᠠᠯ ᠪᠠᠭᠠᠨ᠎ᠠ ᠮᠡᠲᠦ᠂ 2 ᠭᠠᠷ ᠲᠤᠨᠢ ᠳᠡᠯᠭᠡᠭᠡᠰᠦᠲᠡᠢ ᠪᠢᠴᠢᠬᠠᠨ ᠬᠤᠢᠯᠠᠮᠠᠯ ᠲᠠᠢ ᠪᠠᠢᠪᠠ᠃ ᠲᠡᠷᠡ ᠪᠠᠷᠠᠭᠤᠨ ᠬᠥᠯ ᠢᠶᠡᠨ ᠳᠠᠯᠠᠢ ᠳᠤ᠂ ᠵᠡᠭᠦᠨ ᠬᠥᠯ ᠢᠶᠡᠨ ᠬᠠᠭᠤᠷᠠᠢ ᠭᠠᠵᠠᠷ ᠲᠤ ᠲᠠᠯᠪᠢᠵᠤ 3 ᠠᠷᠰᠯᠠᠨ ᠠᠷᠬᠢᠷᠠᠬᠤ ᠮᠡᠲᠦ ᠶᠡᠬᠡ ᠳᠠᠭᠤ ᠪᠠᠷ ᠬᠠᠰᠬᠢᠷᠪᠠ᠃ ᠲᠡᠷᠡ ᠬᠠᠰᠬᠢᠷᠬᠤ ᠳᠤ᠂ ᠳᠣᠯᠣᠭᠠᠨ ᠠᠶᠤᠩ᠋ᠭ᠎ᠠ ᠲᠤᠰ ᠲᠤᠰ ᠤᠨ ᠳᠠᠭᠤ ᠪᠠᠷ ᠶᠠᠷᠢᠵᠠᠢ᠃ 4 ᠳᠣᠯᠣᠭᠠᠨ ᠠᠶᠤᠩ᠋ᠭ᠎ᠠ ᠶᠠᠷᠢᠬᠤ ᠳᠤ᠂ ᠪᠢ ᠪᠢᠴᠢᠬᠦ ᠭᠡᠵᠦ ᠪᠠᠢᠲᠠᠯ᠎ᠠ ᠲᠩᠷᠢ ᠡᠴᠡ ᠳᠠᠭᠤ ᠭᠠᠷᠴᠤ᠄ 《ᠳᠣᠯᠣᠭᠠᠨ ᠠᠶᠤᠩ᠋ᠭ᠎ᠠ ᠶᠢᠨ ᠶᠠᠷᠢᠭᠰᠠᠨ ᠢ ᠪᠢᠲᠡᠭᠦᠮᠵᠢᠯᠡ︕ ᠲᠡᠳᠡᠭᠡᠷ ᠢ ᠪᠦᠦ ᠪᠢᠴᠢ》 ᠭᠡᠬᠦ ᠶᠢ ᠪᠢ ᠰᠣᠨᠣᠰᠣᠯ᠎ᠠ᠃ 5 ᠮᠢᠨᠦ ᠦᠵᠡᠭᠰᠡᠨ ᠲᠩᠷᠢ ᠡᠯᠴᠢ ᠳᠠᠯᠠᠢ ᠪᠠ ᠭᠠᠵᠠᠷ ᠳᠡᠭᠡᠷ᠎ᠡ ᠵᠣᠭᠰᠣᠭᠰᠠᠭᠠᠷ ᠪᠠᠷᠠᠭᠤᠨ ᠭᠠᠷ ᠢᠶᠠᠨ ᠲᠩᠷᠢ ᠥᠭᠡᠳᠡ ᠡᠷᠭᠦᠭᠡᠳ 6 ᠥᠨᠢ ᠮᠥᠩᠬᠡᠳᠡ ᠠᠮᠢᠳᠤᠷᠠᠭᠴᠢ᠂ ᠲᠤᠬᠠᠢᠯᠠᠪᠠᠯ ᠲᠩᠷᠢ ᠪᠠ ᠲᠡᠭᠦᠨ ᠦ ᠳᠣᠲᠣᠷᠠᠬᠢ ᠵᠦᠢᠯᠡᠰ᠂ ᠭᠠᠵᠠᠷ ᠪᠠ ᠲᠡᠭᠦᠨ ᠦ ᠳᠣᠲᠣᠷᠠᠬᠢ ᠵᠦᠢᠯᠡᠰ᠂ ᠳᠠᠯᠠᠢ ᠪᠠ ᠲᠡᠭᠦᠨ ᠦ ᠳᠣᠲᠣᠷᠠᠬᠢ ᠵᠦᠢᠯᠡᠰ ᠢ ᠪᠦᠲᠦᠭᠡᠭᠴᠢ ᠶᠢᠨ ᠨᠡᠷ᠎ᠡ ᠪᠡᠷ ᠲᠠᠩ᠋ᠭᠠᠷᠢᠭᠯᠠᠨ᠄ 《ᠢᠯᠡᠭᠦᠦ ᠴᠠᠭ ᠪᠠᠢᠬᠤ ᠦᠭᠡᠢ᠂ 7 ᠳᠣᠯᠣᠳᠠᠬᠢ ᠲᠩᠷᠢ ᠡᠯᠴᠢ ᠪᠦᠷᠢᠶ᠎ᠡ ᠪᠡᠨ ᠦᠯᠢᠶᠡᠬᠦ ᠭᠡᠵᠦ ᠪᠠᠢᠭ᠎ᠠ ᠡᠳᠦᠷ ᠤᠳ ᠢᠶᠠᠷ ᠪᠤᠷᠬᠠᠨ ᠤ ᠥᠪᠡᠷ ᠦᠨ ᠵᠠᠷᠤᠴᠠ ᠡᠰᠢ ᠦᠵᠡᠭᠦᠯᠦᠭᠴᠢᠳ ᠲᠤ ᠤᠯᠠᠮᠵᠢᠯᠠᠭᠰᠠᠨ ᠶᠣᠰᠣᠭᠠᠷ ᠪᠤᠷᠬᠠᠨ ᠤ ᠨᠢᠭᠤᠴᠠ ᠪᠡᠶᠡᠯᠡᠭᠳᠡᠬᠦ ᠪᠣᠯᠣᠨ᠎ᠠ》 ᠭᠡᠪᠡ᠃

8 ᠮᠢᠨᠦ ᠰᠣᠨᠣᠰᠣᠭᠰᠠᠨ ᠲᠩᠷᠢ ᠡᠴᠡ ᠭᠠᠷᠬᠤ ᠳᠠᠭᠤ ᠳᠠᠬᠢᠨ᠄ 《ᠶᠠᠪᠤ᠂ ᠳᠠᠯᠠᠢ ᠪᠠ ᠭᠠᠵᠠᠷ ᠳᠡᠭᠡᠷ᠎ᠡ ᠵᠣᠭᠰᠣᠵᠤ ᠪᠤᠢ ᠲᠩᠷᠢ ᠡᠯᠴᠢ ᠶᠢᠨ ᠭᠠᠷ ᠠᠴᠠ ᠳᠡᠯᠭᠡᠭᠡᠰᠦᠲᠡᠢ ᠬᠤᠢᠯᠠᠮᠠᠯ ᠢ ᠠᠪ》 ᠭᠡᠬᠦ ᠳᠦ᠂ 9 ᠪᠢ ᠲᠩᠷᠢ ᠡᠯᠴᠢ ᠳᠤ ᠣᠴᠢᠵᠤ ᠪᠢᠴᠢᠬᠠᠨ ᠬᠤᠢᠯᠠᠮᠠᠯ ᠢᠶᠠᠨ ᠥᠭᠭᠥᠭᠡᠴᠢ ᠭᠡᠵᠦ ᠬᠡᠯᠡᠪᠡ᠃ ᠲᠡᠷᠡ᠄ 《ᠴᠢ ᠡᠭᠦᠨ ᠢ ᠠᠪᠴᠤ ᠢᠳᠡᠭᠲᠦᠨ᠃ ᠭᠡᠳᠡᠰᠦᠨ ᠳᠦ ᠴᠢᠨᠢ ᠭᠠᠰᠢᠭᠤᠨ ᠪᠣᠯᠪᠠᠴᠤ ᠠᠮᠠᠨ ᠳᠤ ᠴᠢᠨᠢ ᠪᠠᠯ ᠮᠡᠲᠦ ᠠᠮᠲᠠ ᠲᠠᠢ ᠪᠣᠯᠣᠨ᠎ᠠ》 ᠭᠡᠪᠡ᠃ 10 ᠪᠢ ᠲᠩᠷᠢ ᠡᠯᠴᠢ ᠶᠢᠨ ᠭᠠᠷ ᠠᠴᠠ ᠪᠢᠴᠢᠬᠠᠨ ᠬᠤᠢᠯᠠᠮᠠᠯ ᠢ ᠠᠪᠴᠤ ᠢᠳᠡᠭᠰᠡᠨ ᠳᠦ᠂ ᠠᠮᠠᠨ ᠳᠤ ᠮᠢᠨᠢ ᠪᠠᠯ ᠮᠡᠲᠦ ᠠᠮᠲᠠ ᠲᠠᠢ ᠪᠣᠯᠪᠠᠴᠤ ᠢᠳᠡᠭᠰᠡᠨ ᠦ ᠳᠠᠷᠠᠭ᠎ᠠ ᠭᠡᠳᠡᠰᠦ ᠮᠢᠨᠢ ᠭᠠᠰᠢᠭᠤᠨ ᠪᠣᠯᠵᠠᠢ᠃

11 ᠪᠠᠰᠠ ᠨᠠᠳᠠ ᠳᠤ᠄ 《ᠴᠢ ᠣᠯᠠᠨ ᠠᠷᠠᠳ ᠲᠦᠮᠡᠨ᠂ ᠦᠨᠳᠦᠰᠦᠲᠡᠨ᠂ ᠬᠡᠯᠡ ᠪᠠ ᠬᠠᠭᠠᠳ ᠤᠨ ᠲᠤᠬᠠᠢ ᠡᠰᠢ ᠦᠵᠡᠭᠦᠯᠬᠦ ᠶᠣᠰᠣᠲᠠᠢ》 ᠭᠡᠪᠡ᠃