1 2 3 4 5 6 7 8 9 10 11 12 13 14 15 16 17 18 19 20 21 22 23 24 25


ᠬᠠᠭᠠᠳ ᠤᠨ ᠳᠡᠳ᠋ ᠨᠢᠭᠡ
 ᠠᠬᠠᠽᠢᠶ᠎ᠠ ᠳᠤ ᠪᠠᠭᠤᠭᠰᠠᠨ ᠰᠢᠳᠬᠡᠯ

1 ᠠᠬᠠᠪ ᠥᠭᠡᠳᠡ ᠪᠣᠯᠣᠭᠰᠠᠨ ᠤ ᠳᠠᠷᠠᠭ᠎ᠠ᠂ ᠮᠣᠶᠠᠪ ᠢᠰᠷᠧᠯ ᠢ ᠡᠰᠡᠷᠭᠦᠴᠡᠨ ᠪᠣᠰᠣᠭᠰᠠᠨ ᠪᠠᠢᠨ᠎ᠠ᠃ 2 ᠠᠬᠠᠽᠢᠶ᠎ᠠ ᠰᠠᠮᠠᠷᠢᠶ᠎ᠠ ᠳᠤ ᠳᠡᠭᠡᠷ᠎ᠡ ᠲᠠᠯ᠎ᠠ ᠶᠢᠨ ᠥᠷᠥᠭᠡᠨ ᠦ ᠪᠠᠨ ᠰᠠᠷᠠᠯᠵᠢᠨ ᠡᠴᠡ ᠤᠨᠠᠨ ᠪᠡᠷᠲᠡᠵᠡᠢ᠃ ᠲᠡᠷᠡ᠄ 《ᠡᠺᠷᠣᠨ ᠤ ᠪᠤᠷᠬᠠᠨ ᠪᠠᠯ ᠽᠧᠪᠣᠪ ᠲᠤ ᠣᠴᠢᠭᠠᠳ ᠮᠢᠨᠦ ᠡᠨᠡ ᠪᠡᠷᠲᠡᠯ ᠦᠨ ᠰᠠᠢᠨ ᠪᠣᠯᠬᠤ ᠡᠰᠡᠬᠦ ᠢ ᠠᠰᠠᠭᠤ》 ᠭᠡᠳ ᠡᠯᠴᠢᠳ ᠢ ᠢᠯᠡᠭᠡᠪᠡ᠃ 3 ᠶᠣᠬᠣᠸᠠ ᠶᠢᠨ ᠡᠯᠴᠢ ᠪᠠᠷ ᠲᠢᠱᠪ ᠬᠥᠮᠦᠨ ᠧᠯᠢᠶ᠎ᠠ ᠳᠤ᠄ 《ᠰᠠᠮᠠᠷᠢᠶ᠎ᠠ ᠶᠢᠨ ᠬᠠᠭᠠᠨ ᠤ ᠡᠯᠴᠢᠳ ᠳᠡᠭᠡᠷ᠎ᠡ ᠣᠴᠢᠵᠤ ᠲᠡᠳᠡᠨ ᠲᠡᠢ ᠠᠭᠤᠯᠵᠠᠭᠠᠳ᠄ 〈ᠢᠰᠷᠧᠯ ᠳᠤ ᠪᠤᠷᠬᠠᠨ ᠦᠭᠡᠢ ᠪᠣᠯᠣᠭᠠᠳ ᠲᠠ ᠨᠠᠷ ᠡᠺᠷᠣᠨ ᠤ ᠪᠤᠷᠬᠠᠨ ᠪᠠᠯ ᠽᠧᠪᠣᠪ ᠠᠴᠠ ᠠᠰᠠᠭᠤᠬᠤ ᠪᠠᠷ ᠶᠠᠪᠤᠵᠤ ᠪᠠᠢᠨ᠎ᠠ ᠤᠤ︖ 4 ᠡᠢᠮᠦ ᠡᠴᠡ ᠴᠢ ᠬᠡᠪᠲᠡᠭᠰᠡᠨ ᠣᠷᠣ ᠠᠴᠠ ᠪᠠᠨ ᠪᠠᠭᠤᠵᠤ ᠴᠢᠳᠠᠬᠤ ᠦᠭᠡᠢ᠂ ᠯᠠᠪᠲᠠᠢ ᠦᠬᠦᠬᠦ ᠪᠣᠯᠣᠨ᠎ᠠ ᠭᠡᠵᠦ ᠶᠣᠬᠣᠸᠠ ᠠᠢᠯᠠᠳᠴᠤ ᠪᠠᠢᠨ᠎ᠠ〉 ᠭᠡᠭᠡᠷᠡᠢ》 ᠭᠡᠵᠦ ᠬᠡᠯᠡᠭᠰᠡᠨ ᠳᠦ᠂ ᠧᠯᠢᠶ᠎ᠠ ᠶᠠᠪᠤᠯ᠎ᠠ᠃

5 ᠡᠯᠴᠢᠳ ᠪᠤᠴᠠᠵᠤ ᠢᠷᠡᠬᠦ ᠳᠦ ᠬᠠᠭᠠᠨ᠄ 《ᠶᠠᠭᠠᠬᠢᠭᠠᠳ ᠪᠤᠴᠠᠭᠠᠳ ᠢᠷᠡᠴᠢᠭᠡᠪᠡ︖》 ᠭᠡᠵᠦ ᠠᠰᠠᠭᠤᠭᠰᠠᠨ ᠳᠤ᠂ 6 ᠲᠡᠳᠡ᠄ 《ᠨᠢᠭᠡᠨ ᠬᠥᠮᠦᠨ ᠭᠠᠷᠴᠤ ᠢᠷᠡᠨ ᠪᠢᠳᠡᠨ ᠲᠡᠢ ᠠᠭᠤᠯᠵᠠᠵᠤ᠂ ᠲᠠ ᠨᠠᠷ ᠥᠪᠡᠷᠰᠡᠳ ᠢ ᠴᠢᠨᠢ ᠢᠯᠡᠭᠡᠭᠰᠡᠨ ᠬᠠᠭᠠᠨ ᠳᠤ ᠪᠤᠴᠠᠵᠤ ᠣᠴᠢᠭᠠᠳ ᠬᠡᠯᠡᠭᠲᠦᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠢᠰᠷᠧᠯ ᠳᠤ ᠪᠤᠷᠬᠠᠨ ᠦᠭᠡᠢ ᠪᠣᠯᠣᠭᠠᠳ ᠴᠢ ᠡᠺᠷᠣᠨ ᠤ ᠪᠤᠷᠬᠠᠨ ᠪᠠᠯ ᠽᠧᠪᠣᠪ ᠠᠴᠠ ᠠᠰᠠᠭᠤᠯᠭᠠᠬᠤ ᠪᠠᠷ ᠬᠥᠮᠦᠨ ᠢᠯᠡᠭᠡᠵᠦ ᠪᠠᠢᠨ᠎ᠠ ᠤᠤ︖ ᠡᠢᠮᠦ ᠡᠴᠡ ᠴᠢ ᠬᠡᠪᠲᠡᠭᠰᠡᠨ ᠣᠷᠣ ᠠᠴᠠ ᠪᠠᠨ ᠪᠠᠭᠤᠵᠤ ᠴᠢᠳᠠᠬᠤ ᠦᠭᠡᠢ᠂ ᠯᠠᠪᠲᠠᠢ ᠦᠬᠦᠬᠦ ᠪᠣᠯᠣᠨ᠎ᠠ〉 ᠭᠡᠵᠦ ᠬᠡᠯᠡᠭᠰᠡᠨ》 ᠭᠡᠵᠡᠭᠡᠪᠡ᠃ 7 ᠬᠠᠭᠠᠨ᠄ 《ᠲᠠ ᠨᠠᠷ ᠲᠠᠢ ᠠᠭᠤᠯᠵᠠᠵᠤ ᠡᠳᠡᠭᠡᠷ ᠦᠭᠡᠰ ᠢ ᠬᠡᠯᠡᠭᠰᠡᠨ ᠲᠡᠷᠡ ᠬᠥᠮᠦᠨ ᠶᠠᠮᠠᠷᠬᠠᠨ ᠲᠥᠷᠬᠥ ᠲᠠᠢ ᠪᠤᠢ︖》 ᠭᠡᠵᠦ ᠠᠰᠠᠭᠤᠪᠠ᠃ 8 ᠲᠡᠳᠡ᠄ 《ᠲᠡᠷᠡ ᠬᠥᠮᠦᠨ ᠨᠣᠣᠰᠣᠨ ᠬᠤᠪᠴᠠᠰᠤ ᠲᠠᠢ ᠪᠥᠭᠡᠳ ᠪᠦᠰᠡᠯᠡᠭᠦᠷ ᠲᠡᠭᠡᠨ ᠰᠣᠷ ᠪᠦᠰᠡ ᠪᠦᠰᠡᠯᠡᠵᠡᠢ》 ᠭᠡᠰᠡᠨ ᠳᠦ᠂ ᠬᠠᠭᠠᠨ᠄ 《ᠲᠡᠷᠡ ᠪᠣᠯ ᠲᠢᠱᠪ ᠬᠥᠮᠦᠨ ᠧᠯᠢᠶ᠎ᠠ ᠪᠠᠢᠨ᠎ᠠ︕》 ᠭᠡᠳ 9 ᠲᠠᠪᠢᠲᠤ ᠶᠢᠨ ᠳᠠᠷᠤᠭ᠎ᠠ ᠶᠢ ᠲᠠᠪᠢᠲᠤ ᠶᠢᠨ ᠬᠢᠨᠢ ᠬᠠᠮᠲᠤ ᠲᠡᠭᠦᠨ ᠤᠷᠤᠭᠤ ᠢᠯᠡᠭᠡᠪᠡ᠃ ᠲᠠᠪᠢᠲᠤ ᠶᠢᠨ ᠳᠠᠷᠤᠭ᠎ᠠ ᠲᠡᠭᠦᠨ ᠥᠭᠡᠳᠡ ᠣᠴᠢᠵᠤ ᠧᠯᠢᠶ᠎ᠠ ᠶᠢᠨ ᠲᠣᠯᠣᠭᠠᠳ ᠤᠨ ᠣᠷᠣᠢ ᠳᠡᠭᠡᠷ᠎ᠡ ᠰᠠᠭᠤᠵᠤ ᠪᠠᠢᠬᠤ ᠶᠢ ᠬᠠᠷᠠᠭᠠᠳ ᠲᠡᠭᠦᠨ ᠳᠦ᠄ 《ᠪᠤᠷᠬᠠᠨ ᠤ ᠬᠥᠮᠦᠨ ᠡ᠂ ᠬᠠᠭᠠᠨ ᠠᠢᠯᠠᠳᠴᠤ ᠪᠠᠢᠨ᠎ᠠ᠄ 〈ᠪᠠᠭᠤᠵᠤ ᠢᠷ᠎ᠡ︕〉》 ᠭᠡᠬᠦ ᠳᠦ᠂ 10 ᠧᠯᠢᠶ᠎ᠠ ᠲᠠᠪᠢᠲᠤ ᠶᠢᠨ ᠳᠠᠷᠤᠭ᠎ᠠ ᠶᠢᠨ ᠬᠠᠷᠢᠭᠤ ᠳᠤ᠄ 《ᠬᠡᠷᠪᠡ ᠪᠢ ᠪᠤᠷᠬᠠᠨ ᠤ ᠬᠥᠮᠦᠨ ᠮᠥᠨ ᠶᠤᠮ ᠪᠣᠯ ᠲᠩᠷᠢ ᠡᠴᠡ ᠭᠠᠯ ᠪᠠᠭᠤᠵᠤ᠂ ᠴᠢᠮ᠎ᠠ ᠶᠢ ᠪᠣᠯᠣᠨ ᠴᠢᠨᠦ ᠲᠠᠪᠢᠲᠤ ᠶᠢ ᠵᠠᠯᠭᠢᠬᠤ ᠪᠣᠯᠣᠨ᠎ᠠ》 ᠭᠡᠪᠡ᠃ ᠲᠡᠭᠡᠲᠡᠯ᠎ᠡ ᠲᠩᠷᠢ ᠡᠴᠡ ᠭᠠᠯ ᠪᠠᠭᠤᠵᠤ᠂ ᠲᠡᠭᠦᠨ ᠢ ᠪᠣᠯᠣᠨ ᠲᠡᠭᠦᠨ ᠦ ᠲᠠᠪᠢᠲᠤ ᠶᠢ ᠵᠠᠯᠭᠢᠪᠠ᠃

11 ᠬᠠᠭᠠᠨ ᠥᠭᠡᠷ᠎ᠡ ᠲᠠᠪᠢᠲᠤ ᠶᠢᠨ ᠳᠠᠷᠤᠭ᠎ᠠ ᠶᠢ ᠲᠠᠪᠢᠲᠤ ᠶᠢᠨ ᠬᠢᠨᠢ ᠬᠠᠮᠲᠤ ᠧᠯᠢᠶ᠎ᠠ ᠤᠷᠤᠭᠤ ᠢᠯᠡᠭᠡᠯ᠎ᠡ᠃ ᠲᠠᠪᠢᠲᠤ ᠶᠢᠨ ᠳᠠᠷᠤᠭ᠎ᠠ ᠧᠯᠢᠶ᠎ᠠ ᠳᠤ᠄ 《ᠪᠤᠷᠬᠠᠨ ᠤ ᠬᠥᠮᠦᠨ ᠡ᠂ ᠬᠠᠭᠠᠨ ᠠᠢᠯᠠᠳᠴᠤ ᠪᠠᠢᠨ᠎ᠠ᠄ 〈ᠲᠦᠷᠭᠡᠨ ᠪᠠᠭᠤᠵᠤ ᠢᠷ᠎ᠡ︕〉》 ᠭᠡᠬᠦ ᠳᠦ᠂ 12 ᠧᠯᠢᠶ᠎ᠠ ᠲᠡᠳᠡᠨ ᠦ ᠬᠠᠷᠢᠭᠤ ᠳᠤ᠄ 《ᠬᠡᠷᠪᠡ ᠪᠢ ᠪᠤᠷᠬᠠᠨ ᠤ ᠬᠥᠮᠦᠨ ᠮᠥᠨ ᠶᠤᠮ ᠪᠣᠯ ᠲᠩᠷᠢ ᠡᠴᠡ ᠭᠠᠯ ᠪᠠᠭᠤᠵᠤ᠂ ᠴᠢᠮᠠᠶᠢ ᠪᠣᠯᠣᠨ ᠴᠢᠨᠦ ᠲᠠᠪᠢᠲᠤ ᠶᠢ ᠵᠠᠯᠭᠢᠬᠤ ᠪᠣᠯᠣᠨ᠎ᠠ》 ᠭᠡᠪᠡ᠃ ᠲᠡᠭᠡᠲᠡᠯ᠎ᠡ ᠲᠩᠷᠢ ᠡᠴᠡ ᠪᠤᠷᠬᠠᠨ ᠤ ᠭᠠᠯ ᠪᠠᠭᠤᠵᠤ᠂ ᠲᠡᠭᠦᠨ ᠢ ᠪᠣᠯᠣᠨ ᠲᠠᠪᠢᠲᠤ ᠶᠢ ᠨᠢ ᠵᠠᠯᠭᠢᠪᠠ᠃

13 ᠬᠠᠭᠠᠨ ᠭᠤᠷᠪᠠᠳᠠᠬᠢ ᠲᠠᠪᠢᠲᠤ ᠶᠢᠨ ᠳᠠᠷᠤᠭ᠎ᠠ ᠶᠢ ᠲᠠᠪᠢᠲᠤ ᠶᠢᠨ ᠬᠢᠨᠢ ᠬᠠᠮᠲᠤ ᠢᠯᠡᠭᠡᠯ᠎ᠡ᠃ ᠭᠤᠷᠪᠠᠳᠠᠬᠢ ᠲᠠᠪᠢᠲᠤ ᠶᠢᠨ ᠳᠠᠷᠤᠭ᠎ᠠ ᠳᠡᠭᠡᠭᠰᠢ ᠪᠠᠨ ᠭᠠᠷᠤᠭᠠᠳ᠂ ᠧᠯᠢᠶ᠎ᠠ ᠶᠢᠨ ᠡᠮᠦᠨ᠎ᠡ ᠡᠪᠦᠳᠦᠭ ᠰᠥᠭᠥᠳᠴᠦ᠂ ᠲᠡᠭᠦᠨ ᠡᠴᠡ ᠭᠤᠶᠤᠨ᠄ 《ᠪᠤᠷᠬᠠᠨ ᠤ ᠬᠥᠮᠦᠨ ᠡ᠂ ᠮᠢᠨᠦ ᠠᠮᠢ ᠪᠣᠯᠣᠨ ᠲᠠᠨ ᠤ ᠡᠳᠡᠭᠡᠷ ᠲᠠᠪᠢᠨ ᠵᠠᠷᠤᠴᠠ ᠶᠢᠨ ᠠᠮᠢ ᠶᠢ ᠲᠠᠭᠠᠯᠠᠯ ᠳᠠᠭᠠᠨ ᠪᠠᠭᠲᠠᠭᠠᠨ᠎ᠠ ᠤᠤ︖ 14 ᠬᠠᠷᠠ᠂ ᠲᠩᠷᠢ ᠡᠴᠡ ᠭᠠᠯ ᠪᠠᠭᠤᠵᠤ᠂ ᠲᠦᠷᠦᠭᠦᠴᠢ ᠶᠢᠨ ᠬᠣᠶᠠᠷ ᠲᠠᠪᠢᠲᠤ ᠶᠢᠨ ᠳᠠᠷᠤᠭ᠎ᠠ ᠶᠢ ᠲᠠᠪᠢᠲᠤ ᠨᠤᠭᠤᠳ ᠲᠠᠢ ᠨᠢ ᠬᠠᠮᠲᠤ ᠵᠠᠯᠭᠢᠭᠰᠠᠨ᠃ ᠭᠡᠪᠡᠴᠦ ᠣᠳᠣ ᠮᠢᠨᠦ ᠠᠮᠢ ᠶᠢ ᠲᠠᠭᠠᠯᠠᠯ ᠳᠠᠭᠠᠨ ᠪᠠᠭᠲᠠᠭᠠᠭᠠᠴᠢ》 ᠭᠡᠪᠡ᠃ 15 ᠶᠣᠬᠣᠸᠠ ᠶᠢᠨ ᠡᠯᠴᠢ ᠧᠯᠢᠶ᠎ᠠ ᠳᠤ᠄ 《ᠲᠡᠭᠦᠨ ᠲᠡᠢ ᠬᠠᠮᠲᠤ ᠪᠠᠭᠤᠭᠲᠤᠨ᠃ ᠲᠡᠭᠦᠨ ᠡᠴᠡ ᠪᠦᠦ ᠠᠶᠤ》 ᠭᠡᠵᠦ ᠬᠡᠯᠡᠬᠦ ᠳᠦ᠂ ᠧᠯᠢᠶ᠎ᠠ ᠪᠣᠰᠣᠭᠠᠳ ᠲᠡᠭᠦᠨ ᠲᠡᠢ ᠬᠠᠮᠲᠤ ᠪᠠᠭᠤᠨ ᠬᠠᠭᠠᠨ ᠤᠷᠤᠭᠤ ᠶᠠᠪᠤᠯ᠎ᠠ᠃ 16 ᠧᠯᠢᠶ᠎ᠠ ᠬᠠᠭᠠᠨ ᠳᠤ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠢᠰᠷᠧᠯ ᠳᠤ ᠪᠤᠷᠬᠠᠨ ᠦᠭᠡᠢ ᠪᠣᠯᠣᠭᠠᠳ ᠴᠢ ᠡᠺᠷᠣᠨ ᠤ ᠪᠤᠷᠬᠠᠨ ᠪᠠᠯ ᠽᠧᠪᠣᠪ ᠠᠴᠠ ᠠᠰᠠᠭᠤᠯᠭᠠᠬᠤ ᠪᠠᠷ ᠡᠯᠴᠢᠳ ᠢᠯᠡᠭᠡᠭᠰᠡᠨ ᠤᠤ︖ ᠡᠢᠮᠦ ᠡᠴᠡ ᠴᠢ ᠬᠡᠪᠲᠡᠭᠰᠡᠨ ᠣᠷᠣ ᠠᠴᠠ ᠪᠠᠨ ᠪᠠᠭᠤᠵᠤ ᠴᠢᠳᠠᠬᠤ ᠦᠭᠡᠢ᠂ ᠯᠠᠪᠲᠠᠢ ᠦᠬᠦᠬᠦ ᠪᠣᠯᠣᠨ᠎ᠠ〉》 ᠭᠡᠵᠦ ᠬᠡᠯᠡᠪᠡ᠃

17 ᠢᠩᠭᠢᠭᠡᠳ ᠠᠬᠠᠽᠢᠶ᠎ᠠ ᠦᠬᠦᠪᠡ᠃ ᠡᠨᠡ ᠨᠢ ᠶᠣᠬᠣᠸᠠ ᠶᠢᠨ ᠧᠯᠢᠶ᠎ᠠ ᠪᠠᠷ ᠬᠡᠯᠡᠭᠦᠯᠦᠭᠰᠡᠨ ᠦᠭᠡ ᠶᠢᠨ ᠶᠣᠰᠣᠭᠠᠷ ᠪᠣᠯᠵᠠᠢ᠃ ᠠᠬᠠᠽᠢᠶ᠎ᠠ ᠬᠦᠦ ᠦᠭᠡᠢ ᠪᠣᠯᠬᠣᠷ ᠳᠡᠭᠦᠦ ᠶᠣᠷᠠᠮ ᠨᠢ ᠲᠡᠭᠦᠨ ᠢ ᠵᠠᠯᠭᠠᠮᠵᠢᠯᠠᠵᠤ᠂ ᠶᠦᠳᠠ ᠶᠢᠨ ᠬᠠᠭᠠᠨ ᠶᠧᠬᠣᠱᠠᠹᠠᠲ ᠤᠨ ᠬᠦᠦ ᠶᠧᠬᠣᠷᠠᠮ ᠤᠨ ᠬᠣᠶᠠᠳᠤᠭᠠᠷ ᠣᠨ ᠳᠤ ᠬᠠᠭᠠᠨ ᠪᠣᠯᠪᠠ᠃ 18 ᠠᠬᠠᠽᠢᠶ᠎ᠠ ᠶᠢᠨ ᠦᠢᠯᠡᠳᠦᠭᠰᠡᠨ ᠪᠤᠰᠤᠳ ᠶᠠᠪᠤᠳᠠᠯ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖