1 2 3 4 5 6 7 8 9 10 11 12 13 14 15 16 17 18 19 20 21 22 23 24 25


ᠬᠠᠭᠠᠳ ᠤᠨ ᠳᠡᠳ᠋ ᠠᠷᠪᠠᠨ ᠨᠠᠢ᠌ᠮᠠ
 ᠶᠦᠳᠠ ᠶᠢᠨ ᠬᠠᠭᠠᠨ ᠾᠧᠽᠧᠺᠢᠶ᠎ᠠ

1 ᠢᠰᠷᠧᠯ ᠤᠨ ᠬᠠᠭᠠᠨ ᠡᠯᠠ ᠶᠢᠨ ᠬᠦᠦ ᠬᠣᠱᠧᠶ᠎ᠠ ᠶᠢᠨ ᠭᠤᠷᠪᠠᠳᠤᠭᠠᠷ ᠣᠨ ᠳᠤ᠂ ᠶᠦᠳᠠ ᠶᠢᠨ ᠬᠠᠭᠠᠨ ᠠᠬᠠᠽ ᠤᠨ ᠬᠦᠦ ᠾᠧᠽᠧᠺᠢᠶ᠎ᠠ ᠬᠠᠭᠠᠨ ᠪᠣᠯᠪᠠ᠃ 2 ᠲᠡᠷᠡ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠷᠢ ᠶᠢᠰᠦᠨ ᠵᠢᠯ ᠬᠠᠭᠠᠨᠴᠢᠯᠠᠪᠠ᠃ ᠡᠬᠡ ᠨᠢ ᠽᠧᠺᠠᠷᠢᠶ᠎ᠠ ᠶᠢᠨ ᠥᠬᠢᠨ ᠠᠪᠢᠶᠠ ᠪᠠᠢᠪᠠ᠃ 3 ᠾᠧᠽᠧᠺᠢᠶ᠎ᠠ ᠡᠴᠢᠭᠡ ᠡᠪᠦᠭᠡ ᠳ᠋ᠠᠸᠢᠳ᠋ ᠰᠢᠭ᠋ ᠢᠶᠠᠨ ᠶᠣᠬᠣᠸᠠ ᠶᠢᠨ ᠮᠡᠯᠮᠡᠢ ᠳᠦ ᠵᠥᠪ ᠢ ᠦᠢᠯᠡᠳᠪᠡ᠃ 4 ᠲᠡᠷᠡ ᠪᠡᠷ ᠮᠥᠷᠭᠥᠯ ᠦᠨ ᠮᠠᠨᠳᠠᠯ ᠤᠳ ᠢ ᠵᠠᠢᠯᠠᠭᠤᠯᠵᠤ᠂ ᠴᠢᠯᠠᠭᠤᠨ ᠪᠠᠭᠠᠨ᠎ᠠ ᠨᠤᠭᠤᠳ ᠢ ᠬᠡᠮᠬᠡᠯᠦᠨ᠂ ᠠᠱᠧᠷᠠ ᠶᠢᠨ ᠱᠣᠩ ᠤᠳ ᠢ ᠴᠠᠪᠴᠢᠭᠰᠠᠨ ᠪᠥᠭᠡᠳ ᠮᠣᠰᠧ ᠶᠢᠨ ᠬᠢᠭᠰᠡᠨ ᠵᠡᠰ ᠮᠣᠭᠠᠢ ᠶᠢ ᠪᠤᠲᠠᠯᠵᠤ᠂ ᠲᠡᠭᠦᠨ ᠢ ᠨᠧᠾᠣᠱᠲ᠋ᠠᠨ 23 ᠭᠡᠵᠦ ᠨᠡᠷᠡᠯᠡᠪᠡ᠃ ᠤᠴᠢᠷ ᠨᠢ ᠢᠰᠷᠧᠯ ᠲᠡᠷᠡ ᠡᠳᠦᠷ ᠪᠣᠯᠲᠠᠯ᠎ᠠ ᠲᠡᠭᠦᠨ ᠦ ᠡᠮᠦᠨ᠎ᠡ ᠤᠲᠤᠯᠭ᠎ᠠ ᠤᠭᠤᠭᠢᠭᠤᠯᠤᠭᠰᠠᠭᠠᠷ ᠪᠠᠢᠯ᠎ᠠ᠃ 5 ᠾᠧᠽᠧᠺᠢᠶ᠎ᠠ ᠢᠰᠷᠧᠯ ᠤᠨ ᠪᠤᠷᠬᠠᠨ ᠶᠣᠬᠣᠸᠠ ᠳᠤ ᠢᠲᠡᠭᠡᠪᠡ᠃ ᠲᠡᠭᠦᠨ ᠡᠴᠡ ᠡᠮᠦᠨ᠎ᠡ ᠴᠤ᠂ ᠲᠡᠭᠦᠨ ᠡᠴᠡ ᠬᠣᠢᠰᠢ ᠴᠤ ᠶᠦᠳᠠ ᠶᠢᠨ ᠬᠠᠭᠠᠳ ᠤᠨ ᠳᠣᠲᠣᠷ᠎ᠠ ᠲᠡᠭᠦᠨ ᠰᠢᠭ ᠬᠠᠭᠠᠨ ᠪᠠᠢᠭᠰᠠᠨ ᠦᠭᠡᠢ᠃ 6 ᠲᠡᠷᠡ ᠶᠣᠬᠣᠸᠠ ᠠᠴᠠ ᠵᠢᠭᠤᠷᠠᠵᠤ᠂ ᠲᠡᠭᠦᠨ ᠡᠴᠡ ᠰᠠᠯᠤᠯ ᠦᠭᠡᠢ ᠪᠠᠷ ᠶᠣᠬᠣᠸᠠ ᠶᠢᠨ ᠮᠣᠰᠧ ᠳᠤ ᠥᠭᠭᠥᠭᠰᠡᠨ ᠲᠤᠰᠢᠶᠠᠯ ᠤᠳ ᠢ ᠰᠠᠬᠢᠵᠠᠢ᠃ 7 ᠶᠣᠬᠣᠸᠠ ᠲᠡᠭᠦᠨ ᠲᠡᠢ ᠬᠠᠮᠲᠤ ᠪᠠᠢᠭᠰᠠᠨ ᠲᠤᠯᠠ ᠲᠡᠷᠡ ᠬᠠᠮᠢᠭ᠎ᠠ ᠶᠠᠪᠤᠭᠰᠠᠨ ᠭᠠᠵᠠᠷ ᠲᠠᠭᠠᠨ ᠠᠮᠵᠢᠯᠲᠠ ᠣᠯᠵᠤ ᠪᠠᠢᠪᠠ᠃ ᠲᠡᠷᠡ ᠪᠡᠷ ᠠᠰᠢᠷᠢᠶ᠎ᠠ ᠶᠢᠨ ᠬᠠᠭᠠᠨ ᠠᠴᠠ ᠤᠷᠪᠠᠵᠤ᠂ ᠲᠡᠭᠦᠨ ᠳᠦ ᠦᠢᠯᠡᠴᠢᠯᠡᠬᠦ ᠪᠡᠨ ᠪᠣᠯᠢᠪᠠ᠃ 8 ᠲᠡᠷᠡ ᠹᠢᠯᠢᠰᠲ᠋ᠴᠦᠳ ᠢ ᠴᠣᠬᠢᠵᠤ᠂ ᠭᠠᠽᠠ ᠬᠦᠷᠲᠡᠯ᠎ᠡ ᠬᠥᠭᠡᠭᠡᠨ ᠬᠠᠷᠠᠭᠤᠯ ᠤᠨ ᠴᠠᠮᠬᠠᠭ ᠠᠴᠠ ᠡᠬᠢᠯᠡᠨ ᠪᠡᠬᠢᠯᠡᠯᠲᠡᠲᠦ ᠬᠣᠲᠠ ᠳᠤᠨᠢ ᠬᠦᠷᠲᠡᠯ᠎ᠡ ᠢᠯᠠᠯᠲᠠ ᠪᠠᠢᠭᠤᠯᠤᠭᠰᠠᠨ ᠪᠢᠯᠡ᠃

9 ᠾᠧᠽᠧᠺᠢᠶ᠎ᠠ ᠬᠠᠭᠠᠨ ᠤ ᠳᠥᠷᠪᠡᠳᠦᠭᠡᠷ ᠣᠨ᠂ ᠲᠤᠬᠠᠢᠯᠠᠪᠠᠯ ᠢᠰᠷᠧᠯ ᠤᠨ ᠬᠠᠭᠠᠨ ᠡᠯᠠ ᠶᠢᠨ ᠬᠦᠦ ᠬᠣᠱᠧᠶ᠎ᠠ ᠶᠢᠨ ᠳᠣᠯᠣᠳᠤᠭᠠᠷ ᠣᠨ ᠳᠤ᠂ ᠠᠰᠢᠷᠢᠶ᠎ᠠ ᠶᠢᠨ ᠬᠠᠭᠠᠨ ᠱᠠᠯᠮᠠᠨᠧᠰᠧᠷ ᠬᠥᠳᠡᠯᠦᠨ ᠰᠠᠮᠠᠷᠢᠶ᠎ᠠ ᠳᠤ ᠬᠦᠷᠴᠦ ᠪᠦᠰᠡᠯᠡᠭᠡᠳ᠂ 10 ᠭᠤᠷᠪᠠᠳᠠᠬᠢ ᠵᠢᠯ ᠤᠨ ᠡᠴᠦᠰ ᠢᠶᠡᠷ ᠬᠣᠲᠠ ᠶᠢ ᠡᠵᠡᠯᠡᠪᠡ᠃ ᠡᠢᠨ ᠬᠦ ᠾᠧᠽᠧᠺᠢᠶ᠎ᠠ ᠶᠢᠨ ᠵᠢᠷᠭᠤᠳᠤᠭᠠᠷ ᠣᠨ᠂ ᠲᠤᠬᠠᠢᠯᠠᠪᠠᠯ ᠢᠰᠷᠧᠯ ᠤᠨ ᠬᠠᠭᠠᠨ ᠬᠣᠱᠧᠶ᠎ᠠ ᠶᠢᠨ ᠶᠢᠰᠦᠳᠦᠭᠡᠷ ᠣᠨ ᠳᠤ ᠰᠠᠮᠠᠷᠢᠶ᠎ᠠ ᠡᠵᠡᠯᠡᠭᠳᠡᠵᠡᠢ᠃ 11 ᠠᠰᠢᠷᠢᠶ᠎ᠠ ᠶᠢᠨ ᠬᠠᠭᠠᠨ ᠢᠰᠷᠧᠯᠴᠦᠳ ᠢ ᠠᠰᠢᠷᠢᠶ᠎ᠠ ᠤᠷᠤᠭᠤ ᠴᠥᠯᠡᠵᠦ᠂ ᠲᠡᠳᠡᠨ ᠢ ᠭᠣᠽᠠᠨ ᠭᠣᠣᠯ ᠤᠨ ᠳᠡᠷᠭᠡᠳᠡᠬᠢ ᠾᠠᠯᠠ ᠪᠣᠯᠣᠨ ᠾᠠᠪᠣᠷ ᠲᠤ᠂ ᠮᠥᠨ ᠮᠧᠳᠧ ᠶᠢᠨ ᠬᠣᠲᠠ ᠨᠤᠭᠤᠳ ᠲᠤ ᠰᠠᠭᠤᠷᠢᠰᠢᠭᠤᠯᠵᠠᠢ᠃ 12 ᠡᠢᠮᠦ ᠪᠣᠯᠣᠭᠰᠠᠨ ᠨᠢ ᠲᠡᠳᠡ ᠶᠣᠬᠣᠸᠠ ᠶᠢᠨ ᠳᠠᠭᠤ ᠬᠣᠭᠣᠯᠠᠢ ᠶᠢ ᠳᠠᠭᠠᠯ ᠦᠭᠡᠢ᠂ ᠲᠡᠭᠦᠨ ᠦ ᠭᠡᠷ᠎ᠡ ᠬᠢᠭᠡᠳ ᠶᠣᠬᠣᠸᠠ ᠶᠢᠨ ᠵᠠᠷᠤᠴᠠ ᠮᠣᠰᠧ ᠶᠢᠨ ᠲᠤᠰᠢᠶᠠᠭᠰᠠᠨ ᠪᠦᠬᠦᠨ ᠢ ᠵᠥᠷᠢᠴᠡᠭᠰᠡᠨ ᠦ ᠤᠴᠢᠷ ᠶᠤᠮ᠃ ᠲᠡᠳᠡ ᠰᠣᠨᠣᠰᠣᠭᠰᠠᠨ ᠴᠤ ᠦᠭᠡᠢ᠂ ᠪᠡᠶᠡᠯᠡᠭᠦᠯᠦᠭᠰᠡᠨ ᠴᠤ ᠦᠭᠡᠢ ᠪᠢᠯᠡ᠃

13 ᠾᠧᠽᠧᠺᠢᠶ᠎ᠠ ᠬᠠᠭᠠᠨ ᠤ ᠠᠷᠪᠠᠨ ᠳᠥᠷᠪᠡᠳᠦᠭᠡᠷ ᠣᠨ ᠳᠤ᠂ ᠠᠰᠢᠷᠢᠶ᠎ᠠ ᠶᠢᠨ ᠬᠠᠭᠠᠨ ᠰᠧᠨᠠᠾᠧᠷᠢᠪ ᠶᠦᠳᠠ ᠶᠢᠨ ᠪᠦᠬᠦ ᠪᠡᠬᠢᠯᠡᠯᠲᠡᠲᠦ ᠬᠣᠲᠠ ᠳᠤ ᠬᠦᠷᠴᠦ ᠡᠵᠡᠯᠡᠨ ᠠᠪᠤᠪᠠ᠃ 14 ᠶᠦᠳᠠ ᠶᠢᠨ ᠬᠠᠭᠠᠨ ᠾᠧᠽᠧᠺᠢᠶ᠎ᠠ ᠯᠠᠺᠢᠱ ᠤᠷᠤᠭᠤ ᠠᠰᠢᠷᠢᠶ᠎ᠠ ᠶᠢᠨ ᠬᠠᠭᠠᠨ ᠳᠤ ᠡᠯᠴᠢ ᠢᠯᠡᠭᠡᠨ᠄ 《ᠪᠢ ᠪᠤᠷᠤᠭᠤ ᠲᠠᠢ᠂ ᠨᠠᠳᠠ ᠠᠴᠠ ᠬᠣᠯᠠᠳᠠᠭᠠᠴᠢ᠃ ᠲᠠ ᠨᠠᠳᠠ ᠳᠡᠭᠡᠷ᠎ᠡ ᠶᠠᠭᠤ ᠲᠠᠯᠪᠢᠭᠰᠠᠨ ᠴᠤ ᠪᠢ ᠡᠭᠦᠷᠬᠦ ᠪᠣᠯᠣᠨ᠎ᠠ》 ᠭᠡᠵᠦ ᠬᠡᠯᠡᠭᠦᠯᠦᠭᠰᠡᠨ ᠳᠦ᠂ ᠠᠰᠢᠷᠢᠶ᠎ᠠ ᠶᠢᠨ ᠬᠠᠭᠠᠨ ᠶᠦᠳᠠ ᠶᠢᠨ ᠬᠠᠭᠠᠨ ᠾᠧᠽᠧᠺᠢᠶ᠎ᠠ ᠠᠴᠠ ᠭᠤᠷᠪᠠᠨ ᠵᠠᠭᠤᠨ ᠲᠠᠯᠠᠨᠲ 24 ᠮᠥᠩᠭᠥ᠂ ᠭᠤᠴᠢᠨ ᠲᠠᠯᠠᠨᠲ 25 ᠠᠯᠲᠠ ᠱᠠᠭᠠᠷᠳᠠᠵᠠᠢ᠃ 15 ᠢᠩᠭᠢᠭᠡᠳ ᠾᠧᠽᠧᠺᠢᠶ᠎ᠠ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠤ ᠬᠥᠮᠥᠷᠭᠡ ᠳᠦ ᠪᠠᠢᠭ᠎ᠠ ᠪᠦᠬᠦ ᠮᠥᠩᠭᠥ ᠶᠢ ᠲᠡᠭᠦᠨ ᠳᠦ ᠥᠭᠴᠡᠢ᠃ 16 ᠲᠡᠷᠡ ᠦᠶ᠎ᠡ ᠳᠦ ᠶᠦᠳᠠ ᠶᠢᠨ ᠬᠠᠭᠠᠨ ᠾᠧᠽᠧᠺᠢᠶ᠎ᠠ ᠶᠣᠬᠣᠸᠠ ᠶᠢᠨ ᠥᠷᠭᠥᠭᠡᠨ ᠦ ᠬᠠᠭᠠᠯᠭ᠎ᠠ ᠨᠤᠭᠤᠳ ᠪᠣᠯᠣᠨ ᠪᠠᠭᠠᠨ᠎ᠠ ᠨᠤᠭᠤᠳ ᠢ ᠪᠦᠷᠢᠭᠦᠯᠦᠭᠰᠡᠨ ᠠᠯᠲᠠ ᠪᠠᠨ ᠬᠠᠭᠤᠯᠵᠤ᠂ ᠠᠰᠢᠷᠢᠶ᠎ᠠ ᠶᠢᠨ ᠬᠠᠭᠠᠨ ᠳᠤ ᠥᠭᠴᠡᠢ᠃
 ᠶᠧᠷᠦ᠋ᠰᠠᠯᠧᠮ ᠰᠦᠷᠳᠡᠭᠦᠯᠦᠯ ᠳᠦ ᠤᠴᠠᠷᠠᠪᠠ

17 ᠭᠡᠪᠡᠴᠦ ᠠᠰᠢᠷᠢᠶ᠎ᠠ ᠶᠢᠨ ᠬᠠᠭᠠᠨ ᠪᠡᠷ ᠲᠠᠷᠲ᠋ᠠᠨ᠂ ᠷᠠᠪ ᠰᠠᠷᠢᠰ᠂ ᠷᠠᠪᠱᠠᠺᠧ ᠨᠠᠷ ᠢ ᠶᠡᠬᠡ ᠴᠡᠷᠢᠭ ᠤᠨ ᠬᠠᠮᠲᠤ ᠯᠠᠺᠢᠱ ᠡᠴᠡ ᠶᠧᠷᠦ᠋ᠰᠠᠯᠧᠮ ᠥᠭᠡᠳᠡ ᠾᠧᠽᠧᠺᠢᠶ᠎ᠠ ᠬᠠᠭᠠᠨ ᠤᠷᠤᠭᠤ ᠢᠯᠡᠭᠡᠭᠰᠡᠨ ᠳᠦ᠂ ᠲᠡᠳᠡ ᠥᠭᠰᠥᠵᠦ ᠶᠠᠪᠤᠭᠰᠠᠭᠠᠷ ᠶᠧᠷᠦ᠋ᠰᠠᠯᠧᠮ ᠳᠤ ᠬᠦᠷᠴᠦ᠂ ᠤᠬᠢᠶᠠᠭᠴᠢ ᠶᠢᠨ ᠲᠠᠯᠠᠪᠠᠢ ᠶᠢᠨ ᠵᠠᠮ ᠳᠡᠭᠡᠷ᠎ᠡ᠂ ᠳᠡᠭᠡᠳᠦ ᠴᠥᠭᠥᠷᠥᠮ ᠦᠨ ᠤᠰᠤᠨ ᠲᠦᠭᠡᠭᠡᠭᠦᠷ ᠦᠨ ᠬᠣᠭᠣᠯᠠᠢ ᠶᠢᠨ ᠬᠠᠵᠠᠭᠤ ᠳᠤ ᠵᠣᠭᠰᠣᠭᠠᠳ 18 ᠬᠠᠭᠠᠨ ᠢ ᠳᠠᠭᠤᠳᠠᠪᠠ᠃ ᠾᠢᠯᠺᠢᠶ᠎ᠠ ᠶᠢᠨ ᠬᠦᠦ᠂ ᠣᠷᠳᠣᠨ ᠤ ᠳᠠᠭᠠᠭᠠᠮᠠᠯ ᠡᠯᠢᠶᠠᠺᠢᠮ᠂ ᠪᠢᠴᠢᠭᠡᠴᠢ ᠱᠧᠪᠨᠠ᠂ ᠠᠰᠠᠹ ᠤᠨ ᠬᠥᠪᠡᠭᠦᠨ ᠰᠤᠳᠤᠷᠴᠢ ᠶᠣᠶ᠎ᠠ ᠨᠠᠷ ᠲᠡᠳᠡᠨ ᠤᠷᠤᠭᠤ ᠭᠠᠷᠴᠤ ᠣᠴᠢᠬᠤ ᠳᠤ᠂ 19 ᠷᠠᠪᠱᠠᠺᠧ ᠲᠡᠳᠡᠨ ᠳᠦ᠄ 《ᠾᠧᠽᠧᠺᠢᠶ᠎ᠠ ᠳᠤ ᠬᠡᠯᠡᠭᠲᠦᠨ᠂ ᠠᠰᠢᠷᠢᠶ᠎ᠠ ᠶᠢᠨ ᠶᠡᠬᠡ ᠬᠠᠭᠠᠨ ᠡᠢᠨ ᠬᠦ ᠠᠢᠯᠠᠳᠴᠤ ᠪᠠᠢᠨ᠎ᠠ᠄ 〈ᠴᠢᠨᠦ ᠢᠲᠡᠭᠡᠭᠰᠡᠨ ᠲᠡᠷᠡ ᠢᠲᠡᠭᠡᠯ ᠭᠡᠵᠦ ᠶᠠᠭᠤ ᠪᠤᠢ︖ 20 ᠥᠪᠡᠷ ᠦᠨ ᠴᠢᠨᠢ ᠳᠠᠢᠲᠤᠬᠤ ᠪᠣᠳᠣᠯᠭ᠎ᠠ ᠪᠠ ᠬᠦᠴᠦ ᠴᠢᠳᠠᠯ ᠭᠡᠳᠡᠭ ᠴᠢᠨᠢ ᠬᠣᠭᠣᠰᠣᠨ ᠦᠭᠡ ᠯᠠ ᠪᠠᠢᠨ᠎ᠠ᠃ ᠡᠳᠦᠭᠡ ᠴᠢ ᠬᠡᠨ ᠳᠦ ᠢᠲᠡᠭᠡᠵᠦ ᠨᠠᠳᠠ ᠠᠴᠠ ᠲᠡᠷᠰᠯᠡᠨ᠎ᠡ ᠪᠤᠢ︖〉 21 ᠬᠠᠷᠠ᠂ ᠴᠢ ᠬᠤᠭᠤᠷᠠᠭᠰᠠᠨ ᠬᠤᠯᠤᠰᠤᠨ ᠲᠠᠶᠠᠭ ᠶᠧᠵᠢᠫᠲ ᠲᠤ ᠢᠲᠡᠭᠡᠵᠦ ᠪᠠᠢᠨ᠎ᠠ᠃ ᠬᠡᠷᠪᠡ ᠬᠥᠮᠦᠨ ᠲᠡᠷᠡ ᠲᠠᠶᠠᠭ ᠢ ᠲᠤᠯᠪᠠᠯ ᠲᠡᠷᠡ ᠨᠢ ᠠᠯᠠᠭᠠᠨ ᠳᠤᠨᠢ ᠰᠢᠭᠠᠵᠤ᠂ ᠴᠣᠭᠣ ᠬᠠᠳᠬᠤᠨ᠎ᠠ᠂ ᠶᠧᠵᠢᠫᠲ ᠤᠨ ᠬᠠᠭᠠᠨ ᠹᠠᠷᠠᠣ᠋ ᠥᠪᠡᠷ ᠲᠤᠨᠢ ᠢᠲᠡᠭᠡᠭᠴᠢ ᠪᠦᠭᠦᠳᠡ ᠳᠦ ᠢᠩᠭᠢᠬᠦ ᠪᠣᠯᠣᠨ᠎ᠠ᠃ 22 ᠲᠠ ᠨᠠᠷ ᠨᠠᠳᠠ ᠳᠤ᠄ 〈ᠪᠢᠳᠡ ᠪᠤᠷᠬᠠᠨ ᠶᠣᠬᠣᠸᠠ ᠳᠠᠭᠠᠨ ᠢᠲᠡᠭᠡᠳᠡᠭ〉 ᠭᠡᠨ᠎ᠡ ᠤᠤ︖ ᠬᠠᠷᠢᠨ ᠾᠧᠽᠧᠺᠢᠶ᠎ᠠ ᠥᠪᠡᠷ ᠢᠶᠡᠨ ᠲᠡᠭᠦᠨ ᠦ ᠮᠥᠷᠭᠥᠯ ᠦᠨ ᠮᠠᠨᠳᠠᠯ ᠤᠳ ᠪᠠ ᠲᠠᠬᠢᠯ ᠤᠨ ᠰᠢᠷᠡᠭᠡ ᠨᠦᠭᠦᠳ ᠢ ᠨᠤᠷᠠᠭᠠᠵᠤ ᠶᠦᠳᠠ᠂ ᠶᠧᠷᠦ᠋ᠰᠠᠯᠧᠮ ᠳᠤ᠄ 〈ᠲᠠ ᠨᠠᠷ ᠶᠧᠷᠦ᠋ᠰᠠᠯᠧᠮ ᠳᠠᠬᠢ ᠡᠨᠡ ᠲᠠᠬᠢᠯ ᠤᠨ ᠰᠢᠷᠡᠭᠡᠨ ᠦ ᠡᠮᠦᠨ᠎ᠡ ᠯᠠ ᠮᠥᠷᠭᠥᠬᠦ ᠶᠣᠰᠣᠲᠠᠢ〉 ᠭᠡᠰᠡᠨ ᠪᠢᠰᠢ ᠤᠤ︖ 23 ᠵᠠ᠂ ᠣᠳᠣ ᠴᠢ ᠮᠢᠨᠦ ᠡᠵᠡᠨ ᠠᠰᠢᠷᠢᠶ᠎ᠠ ᠶᠢᠨ ᠬᠠᠭᠠᠨ ᠲᠠᠢ ᠮᠥᠷᠥᠢ ᠲᠠᠯᠪᠢᠵᠤ ᠪᠣᠯᠣᠨ᠎ᠠ᠃ ᠬᠡᠷᠪᠡ ᠴᠢ ᠬᠣᠶᠠᠷ ᠮᠢᠩ᠋ᠭᠠᠨ ᠮᠣᠷᠢᠲᠠᠨ ᠭᠠᠷᠭᠠᠵᠤ ᠴᠢᠳᠠᠪᠠᠯ᠂ ᠪᠢ ᠴᠢᠮ᠎ᠠ ᠳᠤ ᠲᠡᠳᠡᠨ ᠦ ᠤᠨᠤᠭ᠎ᠠ ᠶᠢ ᠥᠭᠭᠥᠶ᠎ᠡ᠃ 24 ᠴᠢ ᠶᠧᠵᠢᠫᠲ ᠤᠨ ᠴᠡᠷᠢᠭ ᠪᠣᠯᠣᠨ ᠮᠣᠷᠢᠲᠠᠳ ᠲᠤ ᠨᠠᠢᠳᠠᠳᠠᠭ ᠪᠠᠢᠯ᠎ᠠ ᠴᠤ ᠮᠢᠨᠦ ᠡᠵᠡᠨ ᠦ ᠵᠠᠷᠤᠴᠠ ᠨᠠᠷ ᠤᠨ ᠳᠣᠲᠣᠷᠠᠬᠢ ᠬᠠᠮᠤᠭ ᠤᠨ ᠪᠠᠭ᠎ᠠ ᠳᠠᠷᠤᠭ᠎ᠠ ᠶᠢ ᠨᠢ ᠴᠤ ᠤᠬᠤᠷᠢᠭᠤᠯᠵᠤ ᠴᠢᠳᠠᠨ᠎ᠠ ᠭᠡᠵᠢ ᠤᠤ︖ 25 ᠡᠳᠦᠭᠡ ᠪᠢ ᠶᠣᠬᠣᠸᠠ ᠶᠢᠨ ᠵᠥᠪᠰᠢᠶᠡᠷᠡᠯ ᠦᠭᠡᠢ ᠪᠠᠷ ᠡᠨᠡ ᠭᠠᠵᠠᠷ ᠢ ᠤᠰᠠᠳᠬᠠᠬᠤ ᠪᠠᠷ ᠢᠷᠡᠭᠰᠡᠨ ᠭᠡᠵᠢ ᠤᠤ︖ ᠶᠣᠬᠣᠸᠠ ᠥᠪᠡᠷ ᠢᠶᠡᠨ ᠨᠠᠳᠠ ᠳᠤ ᠡᠨᠡ ᠨᠤᠲᠤᠭ ᠥᠭᠡᠳᠡ ᠢᠷᠡᠵᠦ ᠤᠰᠠᠳᠬᠠᠬᠤ ᠶᠢ ᠲᠤᠰᠢᠶᠠᠭᠰᠠᠨ ᠶᠤᠮ》 ᠭᠡᠪᠡ᠃

26 ᠾᠢᠯᠺᠢᠶ᠎ᠠ ᠶᠢᠨ ᠬᠦᠦ ᠡᠯᠢᠶᠠᠺᠢᠮ ᠪᠣᠯᠣᠨ ᠱᠧᠪᠨᠠ᠂ ᠶᠣᠶ᠎ᠠ ᠨᠠᠷ ᠷᠠᠪᠱᠠᠺᠧ ᠳᠤ᠄ 《ᠲᠠ ᠵᠠᠷᠤᠴᠠ ᠨᠠᠷ ᠲᠠᠭᠠᠨ ᠠᠷᠠᠮ ᠬᠡᠯᠡ ᠪᠡᠷ ᠶᠠᠷᠢᠨ᠎ᠠ ᠤᠤ︖ ᠪᠢᠳᠡ ᠣᠢᠯᠠᠭᠠᠨ᠎ᠠ᠂ ᠢᠪᠷᠠᠢ ᠬᠡᠯᠡ ᠪᠡᠷ ᠪᠦᠦ ᠶᠠᠷᠢ᠃ ᠬᠡᠷᠡᠮ ᠳᠡᠭᠡᠷᠡᠬᠢ ᠠᠷᠠᠳ ᠣᠯᠠᠨ ᠰᠣᠨᠣᠰᠴᠤ ᠪᠠᠢᠨ᠎ᠠ》 ᠭᠡᠪᠡ᠃ 27 ᠷᠠᠪᠱᠠᠺᠧ᠄ 《ᠮᠢᠨᠦ ᠡᠵᠡᠨ ᠡᠳᠡᠭᠡᠷ ᠦᠭᠡ ᠶᠢ ᠵᠥᠪᠬᠡᠨ ᠲᠠᠨ ᠤ ᠡᠵᠡᠨ ᠬᠢᠭᠡᠳ ᠲᠠ ᠨᠠᠷ ᠲᠤ ᠬᠡᠯᠡᠭᠦᠯᠬᠦ ᠪᠡᠷ ᠨᠠᠮᠠᠶᠢ ᠢᠯᠡᠭᠡᠭᠰᠡᠨ ᠭᠡᠵᠢ ᠤᠤ︖ ᠬᠠᠷᠢᠨ ᠲᠠ ᠨᠠᠷ ᠲᠠᠢ ᠬᠠᠮᠲᠤ ᠪᠠᠭᠠᠰᠤ ᠪᠠᠨ ᠢᠳᠡᠵᠦ᠂ ᠰᠢᠭᠡᠰᠦ ᠪᠡᠨ ᠤᠤᠭᠤᠬᠤ ᠪᠣᠯᠣᠭᠰᠠᠨ ᠬᠡᠷᠡᠮ ᠳᠡᠭᠡᠷ᠎ᠡ ᠰᠠᠭᠤᠵᠤ ᠪᠠᠢᠭ᠎ᠠ ᠲᠡᠷᠡ ᠬᠥᠮᠦᠰ ᠲᠦ ᠴᠤ ᠬᠡᠯᠡᠭᠦᠯᠦᠭᠰᠡᠨ ᠪᠢᠰᠢ ᠤᠤ︖》 ᠭᠡᠪᠡ᠃

28 ᠲᠡᠭᠡᠭᠡᠳ ᠷᠠᠪᠱᠠᠺᠧ ᠪᠣᠰᠴᠤ ᠵᠣᠭᠰᠣᠨ ᠢᠪᠷᠠᠢ ᠬᠡᠯᠡ ᠪᠡᠷ ᠬᠠᠰᠬᠢᠷᠤᠨ᠄ 《ᠠᠰᠢᠷᠢᠶ᠎ᠠ ᠶᠢᠨ ᠬᠠᠭᠠᠨ᠂ ᠶᠡᠬᠡ ᠬᠠᠭᠠᠨ ᠤ ᠦᠭᠡᠰ ᠢ ᠲᠠ ᠨᠠᠷ ᠰᠣᠨᠣᠰᠴᠠᠭ᠎ᠠ᠃ 29 ᠬᠠᠭᠠᠨ ᠡᠢᠨ ᠬᠦ ᠠᠢᠯᠠᠳᠴᠤ ᠪᠠᠢᠨ᠎ᠠ᠄ ᠾᠧᠽᠧᠺᠢᠶ᠎ᠠ ᠳᠤ ᠪᠦᠦ ᠮᠡᠬᠡᠯᠡᠭᠳᠡ᠃ ᠲᠡᠷᠡ ᠲᠠ ᠨᠠᠷ ᠢ ᠮᠢᠨᠦ ᠭᠠᠷ ᠠᠴᠠ ᠠᠪᠤᠷᠠᠵᠤ ᠴᠢᠳᠠᠬᠤ ᠦᠭᠡᠢ᠃ 30 ᠾᠧᠽᠧᠺᠢᠶ᠎ᠠ 〈ᠶᠣᠬᠣᠸᠠ ᠡᠨᠡ ᠬᠣᠲᠠ ᠶᠢ ᠠᠰᠢᠷᠢᠶ᠎ᠠ ᠶᠢᠨ ᠬᠠᠭᠠᠨ ᠤ ᠭᠠᠷ ᠲᠤ ᠲᠤᠰᠢᠶᠠᠬᠤ ᠦᠭᠡᠢ᠂ ᠪᠢᠳᠡᠨ ᠢ ᠯᠠᠪᠲᠠᠢ ᠠᠪᠤᠷᠠᠨ᠎ᠠ〉 ᠭᠡᠵᠦ ᠲᠠ ᠨᠠᠷ ᠢ ᠶᠣᠬᠣᠸᠠ ᠳᠤ ᠢᠲᠡᠭᠡᠭᠦᠯᠬᠦ ᠭᠡᠰᠡᠨ ᠴᠤ ᠲᠠ ᠨᠠᠷ ᠶᠣᠬᠣᠸᠠ ᠳᠤ ᠪᠦᠦ ᠢᠲᠡᠭᠡ᠂ 31 ᠾᠧᠽᠧᠺᠢᠶ᠎ᠠ ᠶᠢᠨ ᠬᠢ ᠶᠢ ᠪᠦᠦ ᠰᠣᠨᠣᠰ᠂ ᠠᠰᠢᠷᠢᠶ᠎ᠠ ᠶᠢᠨ ᠬᠠᠭᠠᠨ ᠡᠢᠨ ᠬᠦ ᠠᠢᠯᠠᠳᠴᠤ ᠪᠠᠢᠨ᠎ᠠ᠄ 〈ᠨᠠᠳᠠ ᠲᠠᠢ ᠨᠠᠢᠷᠠᠮᠳᠠᠨ᠂ ᠨᠠᠳᠠ ᠤᠷᠤᠭᠤ ᠭᠠᠷᠴᠤ ᠢᠷ᠎ᠠ᠂ ᠲᠡᠭᠡᠪᠡᠯ ᠲᠠ ᠨᠠᠷ ᠤᠨ ᠬᠥᠮᠦᠨ ᠪᠦᠷᠢ ᠥᠪᠡᠷ ᠦᠨ ᠢᠶᠠᠨ ᠦᠵᠦᠮ ᠢᠨᠵᠢᠷ ᠤᠨ ᠮᠣᠳᠣᠨ ᠠᠴᠠ ᠵᠢᠮᠢᠰ ᠢ ᠨᠢ ᠢᠳᠡᠵᠦ᠂ ᠥᠪᠡᠷ ᠦᠨ ᠨᠥᠭᠡᠴᠡᠯᠡᠭᠦᠷ ᠦᠨ ᠢᠶᠠᠨ ᠤᠰᠤᠨ ᠠᠴᠠ ᠤᠤᠭᠤᠬᠤ ᠪᠣᠯᠣᠨ᠎ᠠ᠃〉 32 ᠳᠠᠷᠠᠭ᠎ᠠ ᠨᠢ ᠪᠢ ᠢᠷᠡᠵᠦ᠂ ᠲᠠ ᠨᠠᠷ ᠢ ᠥᠪᠡᠷ ᠦᠨ ᠴᠢᠨᠢ ᠨᠤᠲᠤᠭ ᠰᠢᠭ᠋᠂ ᠦᠷ᠎ᠡ ᠲᠠᠷᠢᠶ᠎ᠠ ᠪᠠ ᠳᠠᠷᠠᠰᠤ ᠲᠠᠢ ᠨᠤᠲᠤᠭ᠂ ᠪᠣᠣᠪᠣ ᠪᠠ ᠦᠵᠦᠮ ᠦᠨ ᠬᠦᠷᠢᠶᠡᠯᠡᠩ ᠲᠡᠢ ᠨᠤᠲᠤᠭ᠂ ᠴᠢᠳᠦᠨ ᠮᠣᠳᠣ ᠪᠣᠯᠣᠨ ᠵᠥᠭᠡᠢ ᠶᠢᠨ ᠪᠠᠯ ᠲᠠᠢ ᠨᠤᠲᠤᠭ ᠤᠷᠤᠭᠤ ᠠᠪᠠᠴᠢᠨ᠎ᠠ᠃ ᠡᠢᠨ ᠬᠦ ᠲᠠ ᠨᠠᠷ ᠦᠬᠦᠯ ᠦᠭᠡᠢ᠂ ᠠᠮᠢᠳᠤ ᠦᠯᠡᠳᠡ᠂〉 ᠾᠧᠽᠧᠺᠢᠶ᠎ᠠ ᠲᠠ ᠨᠠᠷ ᠢ ᠢᠳᠬᠠᠨ᠄ 〈ᠶᠣᠬᠣᠸᠠ ᠪᠢᠳᠡᠨ ᠢ ᠠᠪᠤᠷᠠᠨ᠎ᠠ〉 ᠭᠡᠰᠡᠨ ᠴᠤ ᠲᠡᠭᠦᠨ ᠦ ᠬᠢ ᠶᠢ ᠪᠦᠦ ᠰᠣᠨᠣᠰ᠃ 33 ᠠᠯᠢ ᠦᠨᠳᠦᠰᠦᠲᠡᠨ ᠦ ᠪᠤᠷᠬᠠᠳ ᠠᠰᠢᠷᠢᠶ᠎ᠠ ᠶᠢᠨ ᠬᠠᠭᠠᠨ ᠤ ᠭᠠᠷ ᠠᠴᠠ ᠨᠤᠲᠤᠭ ᠢᠶᠠᠨ ᠠᠪᠤᠷᠠᠵᠤ ᠪᠠᠢᠭᠰᠠᠨ ᠪᠤᠢ︖ 34 ᠣᠳᠣ ᠬᠠᠮᠠᠲ᠂ ᠠᠷᠫᠠᠳ᠋ ᠤᠨ ᠪᠤᠷᠬᠠᠳ ᠬᠠᠮᠢᠭ᠎ᠠ ᠪᠠᠢᠨ᠎ᠠ︖ ᠰᠧᠹᠠᠷ ᠸᠠᠢᠮ ᠤᠨ ᠪᠤᠷᠬᠠᠳ ᠬᠠᠮᠢᠭ᠎ᠠ ᠪᠠᠢᠨ᠎ᠠ︖ ᠲᠡᠳᠡ ᠰᠠᠮᠠᠷᠢᠶ᠎ᠠ ᠶᠢ ᠮᠢᠨᠦ ᠭᠠᠷ ᠠᠴᠠ ᠠᠪᠤᠷᠠᠭᠰᠠᠨ ᠭᠡᠵᠢ ᠤᠤ︖ 35 ᠡᠳᠡᠭᠡᠷ ᠭᠦᠷᠦᠨ ᠦ ᠬᠠᠮᠤᠭ ᠪᠤᠷᠬᠠᠳ ᠤᠨ ᠳᠣᠲᠣᠷ᠎ᠠ ᠠᠴᠠ ᠠᠯᠢ ᠨᠢ ᠭᠠᠵᠠᠷ ᠨᠤᠲᠤᠭ ᠢᠶᠠᠨ ᠮᠢᠨᠦ ᠭᠠᠷ ᠠᠴᠠ ᠠᠪᠤᠷᠠᠴᠢᠬᠠᠭᠠᠳ ᠶᠣᠬᠣᠸᠠ ᠮᠢᠨᠦ ᠭᠠᠷ ᠠᠴᠠ ᠶᠧᠷᠦ᠋ᠰᠠᠯᠧᠮ ᠢ ᠠᠪᠤᠷᠠᠨ᠎ᠠ ᠭᠡᠵᠦ ᠪᠠᠢᠨ᠎ᠠ ᠪᠤᠢ︖》 ᠭᠡᠪᠡ᠃

36 ᠠᠷᠠᠳ ᠣᠯᠠᠨ ᠴᠢᠮᠡᠭᠡ ᠦᠭᠡᠢ ᠪᠠᠢᠵᠤ᠂ ᠲᠡᠭᠦᠨ ᠳᠦ ᠨᠢᠭᠡ ᠴᠤ ᠦᠭᠡ ᠬᠠᠷᠢᠭᠤᠯᠤᠭᠰᠠᠨ ᠦᠭᠡᠢ᠃ ᠤᠴᠢᠷ ᠨᠢ ᠬᠠᠭᠠᠨ᠄ 《ᠲᠡᠭᠦᠨ ᠳᠦ ᠪᠦᠦ ᠬᠠᠷᠢᠭᠤᠯ》 ᠭᠡᠵᠦ ᠲᠤᠰᠢᠶᠠᠭᠰᠠᠨ ᠪᠠᠢᠯ᠎ᠠ᠃ 37 ᠾᠢᠯᠺᠢᠶ᠎ᠠ ᠶᠢᠨ ᠬᠦᠦ ᠣᠷᠳᠣᠨ ᠤ ᠳᠠᠭᠠᠭᠠᠮᠠᠯ ᠡᠯᠢᠶᠠᠺᠢᠮ᠂ ᠪᠢᠴᠢᠭᠡᠴᠢ ᠱᠧᠪᠨᠠ᠂ ᠠᠰᠠᠹ ᠤᠨ ᠬᠦᠦ ᠰᠤᠳᠤᠷᠴᠢ ᠶᠣᠶ᠎ᠠ ᠨᠠᠷ ᠤᠷᠠᠩ᠋ᠬᠠᠢ ᠬᠤᠪᠴᠠᠰᠤ ᠲᠠᠢ ᠪᠠᠨ ᠾᠧᠽᠧᠺᠢᠶ᠎ᠠ ᠤᠷᠤᠭᠤ ᠢᠷᠡᠵᠦ᠂ ᠷᠠᠪᠱᠠᠺᠧ ᠶᠢᠨ ᠦᠭᠡ ᠶᠢ ᠲᠡᠭᠦᠨ ᠳᠦ ᠮᠡᠳᠡᠭᠦᠯᠪᠡ᠃