ᠬᠠᠭᠠᠳ ᠤᠨ ᠳᠡᠳ᠋ ᠬᠣᠷᠢᠨ ᠬᠣᠶᠠᠷ
ᠣᠯᠳᠠᠭᠰᠠᠨ ᠬᠠᠤᠯᠢ ᠶᠢᠨ ᠨᠣᠮ
1 ᠶᠣᠰᠢᠶ᠎ᠠ ᠨᠠᠢ᠌ᠮᠠᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠭᠤᠴᠢᠨ ᠨᠢᠭᠡᠨ ᠵᠢᠯ ᠬᠠᠭᠠᠨᠴᠢᠯᠠᠪᠠ᠃ ᠡᠬᠡ ᠨᠢ ᠪᠣᠽᠺᠠᠲ ᠬᠥᠮᠦᠨ ᠠᠳᠠᠢᠶᠠ ᠶᠢᠨ ᠥᠬᠢᠨ ᠶᠧᠳᠢᠳᠠ ᠪᠠᠢᠪᠠ᠃ 2 ᠶᠣᠰᠢᠶ᠎ᠠ ᠶᠣᠬᠣᠸᠠ ᠶᠢᠨ ᠮᠡᠯᠮᠡᠢ ᠳᠦ ᠵᠥᠪ ᠢ ᠦᠢᠯᠡᠳᠦᠨ᠂ ᠵᠡᠭᠦᠨᠰᠢ ᠪᠠᠷᠠᠭᠤᠨᠰᠢ ᠬᠠᠵᠠᠢᠯ ᠦᠭᠡᠢ᠂ ᠡᠪᠦᠭᠡ ᠡᠴᠢᠭᠡ ᠳ᠋ᠠᠸᠢᠳ᠋ ᠤᠨ ᠢᠶᠠᠨ ᠪᠦᠬᠦ ᠵᠠᠮ ᠢᠶᠠᠷ ᠠᠯᠬᠤᠭᠰᠠᠨ ᠶᠤᠮ᠃
3 ᠶᠣᠰᠢᠶ᠎ᠠ ᠬᠠᠭᠠᠨ ᠬᠠᠭᠠᠨᠴᠢᠯᠠᠯ ᠤᠨ ᠢᠶᠠᠨ ᠠᠷᠪᠠᠨ ᠨᠠᠢ᠌ᠮᠠᠳᠤᠭᠠᠷ ᠵᠢᠯ ᠳᠤ ᠮᠧᠱᠦ᠋ᠯᠠᠮ ᠤᠨ ᠠᠴᠢ ᠠᠽᠠᠯᠢᠶᠠ ᠶᠢᠨ ᠬᠦᠦ ᠪᠢᠴᠢᠭᠡᠴᠢ ᠱᠠᠹᠠᠨ ᠢ ᠶᠣᠬᠣᠸᠠ ᠶᠢᠨ ᠥᠷᠭᠥᠭᠡ ᠤᠷᠤᠭᠤ ᠢᠯᠡᠭᠡᠨ᠄ 4 《ᠲᠠ ᠲᠡᠷᠢᠭᠦᠨ ᠲᠠᠬᠢᠯᠴᠢ ᠾᠢᠯᠺᠢᠶ᠎ᠠ ᠳᠡᠭᠡᠷ᠎ᠡ ᠣᠴᠢᠵᠤ᠂ ᠶᠣᠬᠣᠸᠠ ᠶᠢᠨ ᠥᠷᠭᠥᠭᠡᠨ ᠳᠦ ᠠᠷᠠᠳ ᠲᠦᠮᠡᠨ ᠦ ᠠᠪᠴᠢᠷᠠᠭᠰᠠᠨ ᠮᠥᠩᠭᠥ ᠶᠢ᠂ ᠲᠤᠬᠠᠢᠯᠠᠪᠠᠯ ᠬᠠᠭᠠᠯᠭᠠᠴᠢᠳ ᠤᠨ ᠲᠡᠳᠡᠨ ᠡᠴᠡ ᠴᠤᠭᠯᠠᠭᠤᠯᠤᠭᠰᠠᠨ ᠮᠥᠩᠭᠥ ᠶᠢ ᠲᠡᠭᠦᠨ ᠢᠶᠡᠷ ᠲᠣᠭᠠᠯᠠᠭᠤᠯᠵᠤ᠂ 5 ᠲᠡᠷᠡ ᠮᠥᠩᠭᠥ ᠶᠢ ᠶᠣᠬᠣᠸᠠ ᠶᠢᠨ ᠥᠷᠭᠥᠭᠡ ᠶᠢᠨ ᠬᠠᠷᠠᠭᠠᠯᠵᠠᠭᠴᠢᠳ ᠤᠨ ᠭᠠᠷ ᠲᠤ ᠲᠤᠰᠢᠶᠠᠭᠠᠷᠠᠢ᠃ ᠲᠡᠭᠡᠪᠡᠯ ᠲᠡᠳᠡ ᠲᠡᠷᠡ ᠮᠥᠩᠭᠥ ᠪᠡᠷ ᠥᠷᠭᠥᠭᠡᠨ ᠦ ᠡᠪᠳᠡᠷᠡᠯ ᠢ ᠵᠠᠰᠠᠪᠤᠷᠢᠯᠠᠬᠤ ᠪᠠᠷ ᠶᠣᠬᠣᠸᠠ ᠶᠢᠨ ᠥᠷᠭᠥᠭᠡᠨ ᠳᠦ ᠠᠵᠢᠯᠯᠠᠵᠤ ᠪᠤᠢ ᠬᠥᠮᠦᠰ᠂ 6 ᠮᠣᠳᠣᠨ ᠳᠠᠷᠬᠠᠳ᠂ ᠪᠠᠷᠢᠯᠭᠠᠴᠢᠳ ᠪᠣᠯᠣᠨ ᠴᠢᠯᠠᠭᠤᠴᠢᠳ ᠲᠤ ᠴᠠᠯᠢᠩ ᠥᠭᠴᠦ᠂ ᠮᠣᠳᠣ ᠪᠠ ᠵᠠᠰᠠᠭᠰᠠᠨ ᠴᠢᠯᠠᠭᠤ ᠶᠢ ᠬᠤᠳᠠᠯᠳᠤᠵᠤ ᠠᠪᠤᠭᠠᠳ ᠥᠷᠭᠥᠭᠡ ᠶᠢ ᠵᠠᠰᠠᠪᠤᠷᠢᠯᠠᠬᠤ ᠪᠣᠯᠣᠨ᠎ᠠ᠃ 7 ᠲᠡᠳᠡ ᠢᠲᠡᠭᠡᠮᠵᠢ ᠲᠠᠢ ᠠᠵᠢᠯᠯᠠᠳᠠᠭ ᠲᠤᠯᠠ ᠲᠡᠳᠡᠨ ᠳᠦ ᠳᠠᠭᠠᠭᠠᠯᠭᠠᠭᠰᠠᠨ ᠮᠥᠩᠭᠥᠨ ᠦ ᠲᠠᠢᠯᠤᠨ ᠲᠣᠭᠠᠴᠠᠭ᠎ᠠ ᠶᠢ ᠲᠡᠳᠡᠨ ᠡᠴᠡ ᠨᠡᠬᠡᠬᠦ ᠬᠡᠷᠡᠭ ᠦᠭᠡᠢ》 ᠭᠡᠵᠦ ᠬᠡᠯᠡᠵᠡᠢ᠃
8 ᠲᠡᠷᠢᠭᠦᠨ ᠲᠠᠬᠢᠯᠴᠢ ᠾᠢᠯᠺᠢᠶ᠎ᠠ ᠪᠢᠴᠢᠭᠡᠴᠢ ᠱᠠᠹᠠᠨ ᠳᠤ᠄ 《ᠪᠢ ᠶᠣᠬᠣᠸᠠ ᠶᠢᠨ ᠥᠷᠭᠥᠭᠡᠨ ᠡᠴᠡ ᠬᠠᠤᠯᠢ ᠶᠢᠨ ᠨᠣᠮ ᠣᠯᠣᠯ᠎ᠠ》 ᠭᠡᠪᠡ᠃ ᠾᠢᠯᠺᠢᠶ᠎ᠠ ᠲᠡᠷᠡ ᠨᠣᠮ ᠢ ᠱᠠᠹᠠᠨ ᠳᠤ ᠥᠭᠴᠦ ᠤᠩ᠋ᠰᠢᠭᠤᠯᠪᠠ᠃ 9 ᠪᠢᠴᠢᠭᠡᠴᠢ ᠱᠠᠹᠠᠨ ᠬᠠᠭᠠᠨ ᠳᠤ ᠪᠠᠷᠠᠭᠠᠯᠬᠠᠵᠤ᠂ ᠲᠡᠭᠦᠨ ᠳᠦ ᠦᠭᠡ ᠤᠯᠠᠮᠵᠢᠯᠠᠨ᠄ 《ᠲᠠᠨ ᠤ ᠵᠠᠷᠤᠴᠠ ᠨᠠᠷ ᠥᠷᠭᠥᠭᠡᠨ ᠳᠦ ᠪᠠᠢᠭᠰᠠᠨ ᠮᠥᠩᠭᠥ ᠶᠢ ᠴᠤᠭᠯᠠᠭᠤᠯᠵᠤ᠂ ᠶᠣᠬᠣᠸᠠ ᠶᠢᠨ ᠥᠷᠭᠥᠭᠡᠨ ᠦ ᠠᠵᠢᠯᠯᠠᠭᠴᠢᠳ ᠬᠢᠭᠡᠳ ᠬᠠᠷᠠᠭᠠᠯᠵᠠᠭᠴᠢᠳ ᠤᠨ ᠭᠠᠷ ᠲᠤ ᠲᠤᠰᠢᠶᠠᠯ᠎ᠠ》 ᠭᠡᠪᠡ᠃ 10 ᠪᠢᠴᠢᠭᠡᠴᠢ ᠱᠠᠹᠠᠨ ᠬᠠᠭᠠᠨ ᠳᠤ᠄ 《ᠲᠠᠬᠢᠯᠴᠢ ᠾᠢᠯᠺᠢᠶ᠎ᠠ ᠨᠠᠳᠠ ᠳᠤ ᠨᠢᠭᠡ ᠨᠣᠮ ᠥᠭᠭᠥᠭᠰᠡᠨ》 ᠭᠡᠵᠦ ᠮᠡᠳᠡᠭᠦᠯᠦᠭᠡᠳ ᠲᠡᠷᠡ ᠨᠣᠮ ᠢ ᠬᠠᠭᠠᠨ ᠤ ᠡᠮᠦᠨ᠎ᠡ ᠤᠩ᠋ᠰᠢᠵᠠᠢ᠃
11 ᠬᠠᠭᠠᠨ ᠲᠡᠷᠡ ᠬᠦ ᠬᠠᠤᠯᠢ ᠶᠢᠨ ᠨᠣᠮ ᠤᠨ ᠦᠭᠡᠰ ᠢ ᠰᠣᠨᠣᠰᠣᠭᠠᠳ ᠬᠤᠪᠴᠠᠰᠤ ᠪᠠᠨ ᠤᠷᠠᠵᠠᠢ᠃ 12 ᠬᠠᠭᠠᠨ ᠪᠡᠷ ᠲᠠᠬᠢᠯᠴᠢ ᠾᠢᠯᠺᠢᠶ᠎ᠠ᠂ ᠱᠠᠹᠠᠨ ᠤ ᠬᠦᠦ ᠠᠾᠢᠺᠠᠮ᠂ ᠮᠢᠺᠠᠢᠶ᠎ᠠ ᠶᠢᠨ ᠬᠦᠦ ᠠᠺᠪᠣᠷ᠂ ᠪᠢᠴᠢᠭᠡᠴᠢ ᠱᠠᠹᠠᠨ ᠪᠣᠯᠣᠨ ᠬᠠᠭᠠᠨ ᠤ ᠵᠠᠷᠤᠴᠠ ᠠᠰᠠᠢᠶ᠎ᠠ ᠨᠠᠷ ᠲᠤ ᠵᠠᠬᠢᠨ᠄ 13 《ᠣᠯᠳᠠᠭᠰᠠᠨ ᠨᠣᠮ ᠳᠤ ᠪᠢᠴᠢᠭᠳᠡᠭᠰᠡᠨ ᠦᠭᠡᠰ ᠦᠨ ᠲᠤᠬᠠᠢ ᠮᠢᠨᠦ ᠡᠮᠦᠨ᠎ᠡ ᠡᠴᠡ᠂ ᠮᠥᠨ ᠠᠷᠠᠳ ᠲᠦᠮᠡᠨ ᠪᠣᠯᠣᠨ ᠪᠦᠬᠦ ᠶᠦᠳᠠ ᠶᠢᠨ ᠡᠮᠦᠨ᠎ᠡ ᠡᠴᠡ ᠶᠣᠬᠣᠸᠠ ᠠᠴᠠ ᠠᠰᠠᠭᠤᠬᠤ ᠪᠠᠷ ᠲᠠ ᠨᠠᠷ ᠶᠠᠪᠤᠵᠠᠭ᠎ᠠ᠃ ᠪᠢᠳᠡᠨ ᠦ ᠡᠴᠢᠭᠡ ᠡᠪᠦᠭᠡᠳ ᠡᠨᠡ ᠨᠣᠮ ᠤᠨ ᠦᠭᠡᠰ ᠢ ᠳᠠᠭᠠᠭ᠎ᠠ ᠦᠭᠡᠢ᠂ ᠪᠢᠳᠡᠨ ᠦ ᠲᠥᠯᠥᠭᠡ ᠪᠢᠴᠢᠭᠰᠡᠨ ᠪᠦᠬᠦᠨ ᠦ ᠳᠠᠭᠠᠤ ᠪᠡᠶᠡᠯᠡᠭᠦᠯᠦᠭᠡ ᠦᠭᠡᠢ ᠤᠴᠢᠷ ᠠᠴᠠ ᠪᠢᠳᠡᠨ ᠦ ᠳᠡᠭᠡᠷ᠎ᠡ ᠶᠣᠬᠣᠸᠠ ᠶᠢᠨ ᠦᠯᠡᠮᠵᠢ ᠠᠭᠤᠷ ᠬᠢᠯᠢᠩ ᠳᠦᠷᠡᠯᠵᠡᠭᠰᠡᠨ ᠪᠠᠢᠨ᠎ᠠ》 ᠭᠡᠪᠡ᠃
14 ᠲᠠᠬᠢᠯᠴᠢ ᠾᠢᠯᠺᠢᠶ᠎ᠠ᠂ ᠠᠾᠢᠺᠠᠮ᠂ ᠠᠺᠪᠣᠷ᠂ ᠱᠠᠹᠠᠨ᠂ ᠠᠰᠠᠢᠶ᠎ᠠ ᠨᠠᠷ ᠱᠠᠯᠦ᠋ᠮ ᠤᠨ ᠡᠬᠡᠨᠡᠷ ᠡᠰᠢ ᠦᠵᠡᠭᠦᠯᠦᠭᠴᠢ ᠾᠦᠯᠳᠠ ᠤᠷᠤᠭᠤ ᠣᠴᠢᠪᠠ᠃ ᠱᠠᠯᠦ᠋ᠮ ᠪᠣᠯ ᠬᠠᠷᠬᠠᠰ ᠤᠨ ᠠᠴᠢ᠂ ᠲᠢᠺᠸᠠ ᠶᠢᠨ ᠬᠦᠦ ᠪᠠᠢᠵᠤ᠂ ᠣᠷᠳᠣᠨ ᠤ ᠬᠤᠪᠴᠠᠰᠤ ᠬᠤᠨᠠᠷ ᠢ ᠬᠠᠳᠠᠭᠠᠯᠠᠭᠴᠢ ᠪᠥᠭᠡᠳ ᠾᠦᠯᠳᠠ ᠶᠧᠷᠦ᠋ᠰᠠᠯᠧᠮ ᠤᠨ ᠬᠣᠶᠠᠳᠤᠭᠠᠷ ᠳᠡᠭᠦᠷᠭᠡ ᠳᠦ ᠰᠠᠭᠤᠵᠤ ᠪᠠᠢᠪᠠ᠃ ᠲᠡᠳᠡ ᠲᠡᠭᠦᠨ ᠲᠡᠢ ᠶᠠᠷᠢᠯᠴᠠᠬᠤ ᠳᠤ᠂ 15 ᠾᠦᠯᠳᠠ ᠲᠡᠳᠡᠨ ᠳᠦ᠄ 《ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠂ ᠥᠪᠡᠷᠰᠡᠳ ᠢ ᠴᠢᠨᠢ ᠨᠠᠳᠠ ᠤᠷᠤᠭᠤ ᠢᠯᠡᠭᠡᠭᠰᠡᠨ ᠬᠥᠮᠦᠨ ᠳᠦ ᠬᠡᠯᠡᠵᠡᠭᠡ᠃ 16 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠡᠨᠡ ᠭᠠᠵᠠᠷ ᠲᠤ ᠪᠣᠯᠣᠨ ᠡ᠊ᠨᠳᠡᠬᠢ ᠶᠢᠨ ᠰᠠᠭᠤᠭᠠᠯᠢᠴᠢᠳ ᠳᠡᠭᠡᠷ᠎ᠡ ᠭᠠᠢ ᠵᠣᠪᠠᠯᠠᠩ ᠠᠪᠴᠢᠷᠠᠵᠤ᠂ ᠶᠦᠳᠠ ᠶᠢᠨ ᠬᠠᠭᠠᠨ ᠤ ᠤᠩ᠋ᠰᠢᠭᠰᠠᠨ ᠨᠣᠮ ᠳᠤ ᠪᠢᠴᠢᠭᠳᠡᠭᠰᠡᠨ ᠪᠦᠬᠦᠨ ᠢ ᠪᠡᠶᠡᠯᠡᠭᠦᠯᠬᠦ ᠭᠡᠵᠦ ᠪᠠᠢᠨ᠎ᠠ︕ 17 ᠲᠡᠳᠡ ᠨᠠᠮᠠᠶᠢ ᠣᠷᠬᠢᠨ᠂ ᠥᠭᠡᠷ᠎ᠡ ᠪᠤᠷᠬᠠᠳ ᠲᠤ ᠤᠲᠤᠯᠭ᠎ᠠ ᠤᠭᠤᠭᠢᠭᠤᠯᠵᠤ᠂ ᠭᠠᠷ ᠢᠶᠠᠷ ᠢᠶᠠᠨ ᠬᠢᠭᠰᠡᠨ ᠠᠯᠢᠪᠠ ᠰᠢᠲᠦᠭᠡᠨ ᠢᠶᠡᠷ ᠨᠠᠮᠠᠶᠢ ᠬᠢᠯᠢᠩᠨᠡᠭᠦᠯᠦᠭᠰᠡᠨ ᠤᠴᠢᠷ ᠠᠴᠠ ᠤᠨᠲᠠᠷᠠᠰᠢ ᠦᠭᠡᠢ ᠠᠭᠤᠷ ᠬᠢᠯᠢᠩ ᠮᠢᠨᠢ ᠡᠨᠡ ᠭᠠᠵᠠᠷ ᠳᠡᠭᠡᠷ᠎ᠡ ᠳᠦᠷᠡᠯᠵᠡᠬᠦ ᠪᠣᠯᠣᠨ᠎ᠠ᠂〉 18 ᠬᠠᠷᠢᠨ ᠶᠣᠬᠣᠸᠠ ᠠᠴᠠ ᠠᠰᠠᠭᠤᠯᠭᠠᠬᠤ ᠪᠠᠷ ᠥᠪᠡᠷᠰᠡᠳ ᠢ ᠴᠢᠨᠢ ᠢᠯᠡᠭᠡᠭᠰᠡᠨ ᠶᠦᠳᠠ ᠶᠢᠨ ᠬᠠᠭᠠᠨ ᠳᠤ ᠲᠠ ᠨᠠᠷ ᠡᠭᠦᠨ ᠢ ᠬᠡᠯᠡᠭᠲᠦᠨ᠄ ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢᠨᠦ ᠰᠣᠨᠣᠰᠣᠭᠰᠠᠨ ᠦᠭᠡᠰ ᠦᠨ ᠲᠤᠬᠠᠢ ᠬᠡᠯᠡᠵᠦ ᠥᠭᠭᠥᠶ᠎ᠡ᠂ 19 ᠡᠨᠡ ᠭᠠᠵᠠᠷ ᠪᠣᠯᠣᠨ ᠰᠠᠭᠤᠭᠠᠯᠢᠴᠢᠳ ᠤᠨ ᠬᠢᠨᠢ ᠲᠤᠬᠠᠢ 〈ᠡᠵᠡᠭᠦᠢᠷᠡᠵᠦ᠂ ᠬᠠᠷᠢᠶᠠᠯ ᠤᠨ ᠦᠭᠡ ᠪᠣᠯᠣᠨ᠎ᠠ〉 ᠭᠡᠰᠡᠨ ᠮᠢᠨᠦ ᠦᠭᠡ ᠶᠢ ᠴᠢ ᠰᠣᠨᠣᠰᠣᠭᠠᠳ ᠵᠢᠷᠦᠬᠡ ᠪᠡᠨ ᠵᠥᠭᠡᠯᠡᠷᠡᠭᠦᠯᠵᠦ᠂ ᠶᠣᠬᠣᠸᠠ ᠶᠢᠨ ᠡᠮᠦᠨ᠎ᠡ ᠥᠪᠡᠷ ᠢ ᠪᠠᠨ ᠳᠠᠷᠤᠤ ᠪᠣᠯᠭᠠᠨ᠂ ᠬᠤᠪᠴᠠᠰᠤ ᠪᠠᠨ ᠤᠷᠠᠵᠤ᠂ ᠤᠬᠢᠯᠠᠭᠰᠠᠨ ᠤᠴᠢᠷ ᠠᠴᠠ ᠪᠢ ᠴᠤ ᠴᠢᠨᠦᠬᠢ ᠶᠢ ᠰᠣᠨᠣᠰᠣᠯ᠎ᠠ᠂ ᠶᠣᠬᠣᠸᠠ ᠶᠢᠨ ᠦᠭᠡ ᠡᠨᠡ ᠪᠠᠢᠨ᠎ᠠ᠂ 20 ᠲᠡᠢᠮᠦ ᠡᠴᠡ ᠠᠩ᠋ᠬᠠᠷᠤᠭᠲᠤᠨ᠂ ᠪᠢ ᠴᠢᠮ᠎ᠠ ᠶᠢ ᠡᠴᠢᠭᠡ ᠡᠪᠦᠭᠡᠳ ᠥᠭᠡᠳᠡ ᠴᠢᠨᠢ ᠣᠴᠢᠭᠤᠯᠵᠤ᠂ ᠴᠢ ᠪᠤᠯᠠᠰᠢᠨ ᠳᠠᠭᠠᠨ ᠠᠮᠤᠷ ᠲᠠᠢᠪᠤᠩ ᠢᠶᠠᠷ ᠣᠷᠣᠬᠤ ᠪᠣᠯᠣᠨ᠎ᠠ᠃ ᠡᠨᠡ ᠭᠠᠵᠠᠷ ᠳᠡᠭᠡᠷ᠎ᠡ ᠮᠢᠨᠦ ᠠᠪᠴᠢᠷᠠᠬᠤ ᠠᠯᠢᠪᠠ ᠭᠠᠢ ᠵᠣᠪᠠᠯᠠᠩ ᠢ ᠴᠢ ᠨᠢᠳᠦ ᠪᠡᠷ ᠢᠶᠠᠨ ᠦᠵᠡᠬᠦ ᠦᠭᠡᠢ〉》 ᠭᠡᠪᠡ᠃ ᠢᠩᠭᠢᠭᠡᠳ ᠲᠡᠳᠡ ᠬᠠᠷᠢᠭᠤ ᠦᠭᠡ ᠶᠢ ᠬᠠᠭᠠᠨ ᠳᠤ ᠠᠪᠴᠢᠷᠠᠪᠠ᠃