1 2 3 4 5 6 7 8 9 10 11 12 13 14 15 16 17 18 19 20 21 22 23 24 25


ᠬᠠᠭᠠᠳ ᠤᠨ ᠳᠡᠳ᠋ ᠠᠷᠪᠠᠨ ᠨᠢᠭᠡ
 ᠬᠠᠭᠠᠨ ᠤ ᠤᠭᠰᠠᠭᠠᠨ ᠤ ᠬᠢᠨ ᠢ ᠬᠢᠳᠤᠭᠰᠠᠨ ᠠᠲ᠋ᠠᠯᠢᠶ᠎ᠠ

1 ᠠᠬᠠᠽᠢᠶ᠎ᠠ ᠶᠢᠨ ᠡᠬᠡ ᠠᠲ᠋ᠠᠯᠢᠶ᠎ᠠ ᠬᠦᠦ ᠶᠢᠨ ᠢᠶᠠᠨ ᠦᠬᠦᠭᠰᠡᠨ ᠢ ᠮᠡᠳᠡᠭᠡᠳ ᠪᠣᠰᠴᠤ᠂ ᠬᠠᠭᠠᠨ ᠤ ᠤᠳᠤᠮ ᠤᠨ ᠪᠦᠬᠦ ᠬᠥᠪᠡᠭᠦᠳ ᠢ ᠤᠰᠠᠳᠬᠠᠵᠤ ᠡᠬᠢᠯᠡᠪᠡ᠃ 2 ᠬᠠᠷᠢᠨ ᠶᠧᠬᠣᠷᠠᠮ ᠬᠠᠭᠠᠨ ᠤ ᠥᠬᠢᠨ᠂ ᠠᠬᠠᠽᠢᠶ᠎ᠠ ᠶᠢᠨ ᠡᠭᠡᠴᠢ ᠶᠧᠬᠣᠱᠧᠪᠠ ᠠᠯᠠᠭᠳᠠᠬᠤ ᠭᠡᠵᠦ ᠪᠠᠢᠭᠰᠠᠨ ᠬᠠᠭᠠᠨ ᠤ ᠬᠥᠪᠡᠭᠦᠳ ᠦᠨ ᠳᠤᠮᠳᠠ ᠠᠴᠠ ᠠᠬᠠᠽᠢᠶ᠎ᠠ ᠶᠢᠨ ᠬᠦᠦ ᠶᠣᠶᠠᠱ ᠢ ᠰᠡᠮᠬᠡᠨ ᠠᠪᠤᠭᠠᠳ ᠠᠰᠠᠷᠠᠭᠴᠢ ᠲᠠᠢ ᠨᠢ ᠬᠠᠮᠲᠤ ᠤᠨᠲᠠᠯᠭ᠎ᠠ ᠶᠢᠨ ᠥᠷᠥᠭᠡᠨ ᠳᠡᠭᠡᠨ ᠪᠠᠢᠯᠭᠠᠨ ᠠᠲ᠋ᠠᠯᠢᠶ᠎ᠠ ᠠᠴᠠ ᠨᠢᠭᠤᠪᠠ᠃ ᠡᠢᠨ ᠬᠦ ᠶᠣᠶᠠᠱ ᠠᠯᠠᠭᠳᠠᠭᠰᠠᠨ ᠦᠭᠡᠢ᠃ 3 ᠲᠡᠷᠡ ᠠᠰᠠᠷᠠᠭᠴᠢ ᠲᠠᠢ ᠪᠠᠨ ᠬᠠᠮᠲᠤ ᠶᠣᠬᠣᠸᠠ ᠶᠢᠨ ᠥᠷᠭᠥᠭᠡᠨ ᠳᠦ ᠵᠢᠷᠭᠤᠭᠠᠨ ᠵᠢᠯ ᠨᠢᠭᠤᠭᠳᠠᠵᠤ ᠪᠠᠢᠬᠤ ᠳᠤ᠂ ᠠᠲ᠋ᠠᠯᠢᠶ᠎ᠠ ᠲᠡᠷᠡ ᠭᠠᠵᠠᠷ ᠢ ᠵᠠᠬᠢᠷᠴᠤ ᠪᠠᠢᠪᠠ᠃
 ᠬᠠᠭᠠᠨ ᠤ ᠤᠭᠰᠠᠭ᠎ᠠ ᠰᠡᠷᠭᠦᠪᠡ

4 ᠳᠣᠯᠣᠳᠠᠬᠢ ᠵᠢᠯ ᠳᠦᠨᠢ ᠶᠧᠬᠣᠶᠠᠳᠠ ᠬᠥᠮᠦᠨ ᠢᠯᠡᠭᠡᠵᠦ᠂ ᠺᠠᠷᠢᠴᠤᠳ ᠤᠨ ᠲᠣᠷᠭᠠᠨ ᠴᠡᠷᠢᠭ ᠤᠨ ᠵᠠᠭᠤᠲᠤ ᠶᠢᠨ ᠳᠠᠷᠤᠭ᠎ᠠ ᠨᠠᠷ ᠢ ᠳᠠᠭᠤᠳᠠᠭᠤᠯᠤᠨ ᠶᠣᠬᠣᠸᠠ ᠶᠢᠨ ᠥᠷᠭᠥᠭᠡᠨ ᠳᠦ ᠠᠪᠠᠴᠢᠭᠰᠠᠨ ᠤ ᠳᠠᠷᠠᠭ᠎ᠠ᠂ ᠶᠣᠬᠣᠸᠠ ᠶᠢᠨ ᠥᠷᠭᠥᠭᠡᠨ ᠳᠦ ᠲᠡᠳᠡᠨ ᠲᠡᠢ ᠭᠡᠷ᠎ᠡ ᠪᠠᠢᠭᠤᠯᠤᠨ ᠲᠡᠳᠡᠨ ᠢ ᠲᠠᠩ᠋ᠭᠠᠷᠢᠭᠯᠠᠭᠤᠯᠵᠤ᠂ ᠲᠡᠳᠡᠨ ᠢᠶᠡᠷ ᠬᠠᠭᠠᠨ ᠤ ᠬᠦᠦ ᠶᠢ ᠬᠠᠷᠭᠠᠯᠵᠠᠭᠤᠯᠪᠠ᠃ 5 ᠶᠧᠬᠣᠶᠠᠳᠠ ᠲᠡᠳᠡᠨ ᠳᠦ ᠲᠤᠰᠢᠶᠠᠨ᠄ 《ᠲᠠ ᠨᠠᠷ ᠢᠩᠭᠢᠵᠦ ᠬᠢ᠄ ᠲᠠ ᠪᠦᠭᠦᠳᠡ ᠶᠢᠨ ᠳᠣᠲᠣᠷ᠎ᠠ ᠠᠮᠠᠷᠠᠯ ᠤᠨ ᠡᠳᠦᠷ ᠡᠭᠡᠯᠵᠢ ᠲᠠᠢ ᠬᠥᠮᠦᠰ ᠦᠨ ᠭᠤᠷᠪᠠᠨ ᠤ ᠨᠢᠭᠡ ᠨᠢ ᠬᠠᠭᠠᠨ ᠤ ᠣᠷᠳᠣᠨ ᠳᠤ ᠬᠠᠷᠠᠭᠤᠯᠳᠠᠵᠤ᠂ 6 ᠭᠤᠷᠪᠠᠨ ᠤ ᠨᠢᠭᠡ ᠨᠢ ᠰᠦᠦᠷ ᠬᠠᠭᠠᠯᠭᠠᠨ ᠳᠡᠭᠡᠷ᠎ᠡ᠂ ᠮᠥᠨ ᠭᠤᠷᠪᠠᠨ ᠤ ᠨᠢᠭᠡ ᠨᠢ ᠲᠣᠷᠭᠠᠨ ᠴᠡᠷᠢᠭ ᠤᠨ ᠠᠷᠤ ᠳᠠᠬᠢ ᠬᠠᠭᠠᠯᠭᠠᠨ ᠳᠡᠭᠡᠷ᠎ᠡ ᠪᠠᠢᠵᠠᠭᠠᠵᠤ ᠣᠷᠳᠣᠨ ᠢ ᠬᠠᠷᠠᠭᠤᠯᠳᠠᠨ ᠬᠠᠮᠠᠭᠠᠯᠠᠭᠠᠷᠠᠢ᠃ 7 ᠠᠮᠠᠷᠠᠯ ᠤᠨ ᠡᠳᠦᠷ ᠭᠠᠷᠬᠤ ᠬᠣᠶᠠᠷ ᠪᠦᠯᠦᠭ ᠨᠢ ᠬᠠᠭᠠᠨ ᠤ ᠲᠥᠯᠥᠭᠡ ᠶᠣᠬᠣᠸᠠ ᠶᠢᠨ ᠥᠷᠭᠥᠭᠡ ᠶᠢ ᠬᠠᠷᠠᠭᠤᠯᠳᠠᠭᠠᠷᠠᠢ᠃ 8 ᠬᠥᠮᠦᠨ ᠪᠦᠷᠢ ᠭᠠᠷ ᠲᠠᠭᠠᠨ ᠵᠡᠷ ᠵᠡᠪᠰᠡᠭ ᠢᠶᠡᠨ ᠪᠠᠷᠢᠵᠤ᠂ ᠬᠠᠭᠠᠨ ᠢ ᠬᠦᠷᠢᠶᠡᠯᠡᠨ ᠪᠠᠢᠬᠤ ᠪᠥᠭᠡᠳ ᠬᠦᠷᠢᠶᠡᠨ ᠳᠣᠲᠣᠷ᠎ᠠ ᠬᠡᠨ ᠣᠷᠣᠭᠰᠠᠨ ᠴᠤ ᠠᠯᠠᠬᠤ ᠶᠣᠰᠣᠲᠠᠢ᠃ ᠬᠠᠭᠠᠨ ᠭᠠᠷᠴᠤ ᠣᠷᠣᠬᠤ ᠪᠣᠯᠭᠠᠨ ᠳᠤ ᠲᠡᠭᠦᠨ ᠲᠡᠢ ᠬᠠᠮᠲᠤ ᠪᠠᠢᠵᠠᠭ᠎ᠠ》 ᠭᠡᠪᠡ᠃

9 ᠵᠠᠭᠤᠲᠤ ᠶᠢᠨ ᠳᠠᠷᠤᠭ᠎ᠠ ᠨᠠᠷ ᠲᠠᠬᠢᠯᠴᠢ ᠶᠧᠬᠣᠶᠠᠳᠠ ᠶᠢᠨ ᠲᠤᠰᠢᠶᠠᠭᠰᠠᠨ ᠪᠦᠬᠦᠨ ᠦ ᠶᠣᠰᠣᠭᠠᠷ ᠭᠦᠢᠴᠡᠳᠬᠡᠪᠡ᠃ ᠲᠡᠳᠡᠨ ᠦ ᠬᠥᠮᠦᠨ ᠪᠦᠷᠢ ᠠᠮᠠᠷᠠᠯ ᠤᠨ ᠡᠳᠦᠷ ᠣᠷᠣᠳᠠᠭ ᠭᠠᠷᠳᠠᠭ ᠪᠦᠬᠦ ᠬᠠᠷᠢᠶ᠎ᠠ ᠬᠥᠮᠦᠰ ᠢᠶᠡᠨ ᠳᠠᠭᠠᠭᠤᠯᠤᠨ ᠲᠠᠬᠢᠯᠴᠢ ᠶᠧᠬᠣᠶᠠᠳᠠ ᠤᠷᠤᠭᠤ ᠢᠷᠡᠬᠦ ᠳᠦ᠂ 10 ᠲᠠᠬᠢᠯᠴᠢ ᠵᠠᠭᠤᠲᠤ ᠶᠢᠨ ᠳᠠᠷᠤᠭ᠎ᠠ ᠨᠠᠷ ᠲᠤ ᠶᠣᠬᠣᠸᠠ ᠶᠢᠨ ᠥᠷᠭᠥᠭᠡᠨ ᠳᠦ ᠪᠠᠢᠭᠰᠠᠨ ᠳ᠋ᠠᠸᠢᠳ᠋ ᠬᠠᠭᠠᠨ ᠤ ᠵᠢᠳᠠ ᠪᠣᠯᠣᠨ ᠪᠠᠮᠪᠠᠢ ᠨᠤᠭᠤᠳ ᠢ ᠥᠭᠪᠡ᠃ 11 ᠲᠣᠷᠭᠠᠨ ᠴᠡᠷᠢᠭ ᠤᠨ ᠬᠥᠮᠦᠨ ᠪᠦᠷᠢ ᠭᠠᠷ ᠲᠠᠭᠠᠨ ᠵᠡᠪᠰᠡᠭ ᠢᠶᠡᠨ ᠪᠠᠷᠢᠭᠠᠳ ᠬᠠᠭᠠᠨ ᠢ ᠬᠦᠷᠢᠶᠡᠯᠡᠨ ᠲᠠᠬᠢᠯ ᠤᠨ ᠰᠢᠷᠡᠭᠡ ᠪᠣᠯᠣᠨ ᠥᠷᠭᠥᠭᠡᠨ ᠦ ᠬᠠᠵᠠᠭᠤ ᠳᠤ᠂ ᠥᠷᠭᠥᠭᠡᠨ ᠦ ᠪᠠᠷᠠᠭᠤᠨ ᠲᠠᠯ᠎ᠠ ᠠᠴᠠ ᠵᠡᠭᠦᠨ ᠲᠠᠯ᠎ᠠ ᠬᠦᠷᠲᠡᠯ᠎ᠡ ᠵᠣᠭᠰᠣᠵᠠᠭᠠᠬᠤ ᠳᠤ᠂ 12 ᠶᠧᠬᠣᠶᠠᠳᠠ ᠬᠠᠭᠠᠨ ᠤ ᠬᠦᠦ ᠶᠢ ᠭᠠᠷᠭᠠᠨ ᠠᠪᠴᠢᠷᠠᠵᠤ᠂ ᠲᠡᠭᠦᠨ ᠳᠦ ᠲᠢᠲᠢᠮ ᠡᠮᠦᠰᠬᠡᠨ᠂ ᠭᠡᠷ᠎ᠡ ᠶᠢᠨ ᠪᠢᠴᠢᠭ ᠢ ᠥᠭᠪᠡ᠃ ᠲᠡᠳᠡ ᠲᠡᠭᠦᠨ ᠢ ᠬᠠᠭᠠᠨ ᠪᠣᠯᠭᠠᠨ ᠲᠣᠰᠣᠯᠠᠵᠤ᠂ ᠠᠯᠠᠭ᠎ᠠ ᠲᠠᠰᠢᠨ᠄ 《ᠬᠠᠭᠠᠨ ᠮᠠᠨᠳᠤᠲᠤᠭᠠᠢ︕》 ᠭᠡᠵᠡᠭᠡᠯ᠎ᠡ᠃

13 ᠠᠲ᠋ᠠᠯᠢᠶ᠎ᠠ ᠬᠠᠷᠠᠭᠤᠯ ᠤᠳ ᠪᠣᠯᠣᠨ ᠠᠷᠠᠳ ᠣᠯᠠᠨ ᠤ ᠳᠠᠭᠤ ᠴᠢᠮᠡᠭᠡ ᠶᠢ ᠰᠣᠨᠣᠰᠣᠭᠠᠳ ᠶᠣᠬᠣᠸᠠ ᠶᠢᠨ ᠥᠷᠭᠥᠭᠡᠨ ᠳᠦ ᠴᠤᠭᠯᠠᠷᠠᠭᠰᠠᠨ ᠣᠯᠠᠨ ᠤᠷᠤᠭᠤ ᠣᠴᠢᠵᠤ 14 ᠬᠠᠷᠠᠬᠤ ᠳᠤ᠂ ᠬᠠᠭᠠᠨ ᠵᠠᠩᠰᠢᠯ ᠶᠣᠰᠣᠭᠠᠷ ᠪᠠᠭᠠᠨ᠎ᠠ ᠶᠢᠨ ᠬᠠᠵᠠᠭᠤ ᠳᠤ ᠵᠣᠭᠰᠣᠵᠤ᠂ ᠨᠣᠶᠠᠳ ᠪᠣᠯᠣᠨ ᠪᠦᠷᠢᠶᠡᠴᠢᠳ ᠬᠠᠭᠠᠨ ᠤ ᠳᠡᠷᠭᠡᠳᠡ ᠵᠣᠭᠰᠣᠵᠤ ᠪᠠᠢᠯ᠎ᠠ᠃ ᠲᠡᠷᠡ ᠭᠠᠵᠠᠷ ᠤᠨ ᠪᠦᠬᠦ ᠠᠷᠠᠳ ᠪᠠᠶᠠᠷᠯᠠᠯᠳᠤᠨ᠂ ᠪᠦᠷᠢᠶ᠎ᠡ ᠦᠯᠢᠶᠡᠵᠦ ᠪᠠᠢᠯ᠎ᠠ᠃ ᠠᠲ᠋ᠠᠯᠢᠶ᠎ᠠ ᠬᠤᠪᠴᠠᠰᠤ ᠪᠠᠨ ᠤᠷᠠᠭᠠᠳ᠄ 《ᠤᠷᠪᠠᠯᠲᠠ︕ ᠤᠷᠪᠠᠯᠲᠠ︕》 ᠭᠡᠵᠦ ᠬᠠᠰᠬᠢᠷᠪᠠ᠃ 15 ᠲᠠᠬᠢᠯᠴᠢ ᠶᠧᠬᠣᠶᠠᠳᠠ ᠴᠡᠷᠢᠭ ᠢ ᠤᠳᠤᠷᠢᠳᠤᠳᠠᠭ ᠵᠠᠭᠤᠲᠤ ᠶᠢᠨ ᠳᠠᠷᠤᠭ᠎ᠠ ᠨᠠᠷ ᠲᠤ ᠲᠤᠰᠢᠶᠠᠨ᠄ 《ᠲᠡᠷᠡ ᠡᠮ᠎ᠡ ᠶᠢ ᠬᠦᠷᠢᠶᠡᠨ ᠳᠤᠮᠳᠠ ᠠᠴᠠ ᠭᠠᠷᠭ᠎ᠠ᠃ ᠲᠡᠭᠦᠨ ᠢ ᠳᠠᠭᠠᠬᠤ ᠬᠥᠮᠦᠨ ᠢ ᠢᠯᠳᠦ ᠪᠡᠷ ᠠᠯᠠᠭᠲᠤᠨ》 ᠭᠡᠪᠡ᠃ ᠲᠡᠷᠡ ᠲᠠᠬᠢᠯᠴᠢ᠄ 《ᠲᠡᠭᠦᠨ ᠢ ᠶᠣᠬᠣᠸᠠ ᠶᠢᠨ ᠥᠷᠭᠥᠭᠡᠨ ᠳᠦ ᠪᠦᠦ ᠠᠯᠠ》 ᠭᠡᠵᠦ ᠬᠡᠯᠡᠭᠰᠡᠨ ᠳᠦ᠂ 16 ᠲᠡᠳᠡ ᠬᠠᠭᠠᠨ ᠤ ᠣᠷᠳᠣᠨ ᠤ ᠬᠦᠷᠢᠶ᠎ᠡ ᠤᠷᠤᠭᠤ ᠣᠷᠣᠬᠤ ᠮᠣᠷᠢᠨ ᠤ ᠵᠠᠮ ᠢᠶᠠᠷ ᠥᠩᠭᠡᠷᠡᠵᠦ ᠶᠠᠪᠤᠭ᠎ᠠ ᠲᠡᠭᠦᠨ ᠢ ᠪᠠᠷᠢᠪᠴᠢᠯᠠᠵᠤ ᠲᠡᠨᠳᠡ ᠠᠯᠠᠪᠠ᠃

17 ᠶᠧᠬᠣᠶᠠᠳᠠ ᠪᠠᠷ ᠬᠠᠭᠠᠨ ᠪᠣᠯᠣᠨ ᠠᠷᠠᠳ ᠲᠦᠮᠡᠨ ᠢᠶᠡᠷ ᠶᠣᠬᠣᠸᠠ ᠶᠢᠨ ᠠᠷᠠᠳ ᠲᠦᠮᠡᠨ ᠪᠣᠯᠣᠨ᠎ᠠ ᠭᠡᠰᠡᠨ ᠭᠡᠷ᠎ᠡ ᠶᠢ ᠶᠣᠬᠣᠸᠠ ᠲᠠᠢ ᠬᠢᠯᠭᠡᠵᠦ᠂ ᠮᠥᠨ ᠬᠠᠭᠠᠨ ᠪᠠ ᠠᠷᠠᠳ ᠲᠦᠮᠡᠨ ᠦ ᠬᠣᠭᠣᠷᠣᠨᠳᠣ ᠬᠢᠯᠭᠡᠵᠡᠢ᠃ 18 ᠲᠡᠷᠡ ᠭᠠᠵᠠᠷ ᠤᠨ ᠠᠷᠠᠳ ᠪᠦᠭᠦᠳᠡᠭᠡᠷ ᠢᠶᠡᠨ ᠪᠠᠯ ᠤᠨ ᠳᠤᠭᠠᠩ ᠳᠤ ᠣᠴᠢᠭᠠᠳ ᠲᠡᠭᠦᠨ ᠢ ᠨᠤᠷᠠᠭᠠᠵᠤ᠂ ᠲᠠᠬᠢᠯ ᠤᠨ ᠰᠢᠷᠡᠭᠡ ᠨᠦᠭᠦᠳ ᠪᠠ ᠬᠥᠷᠥᠭ ᠤᠳ ᠢ ᠨᠢ ᠪᠤᠲᠠᠯᠵᠤ᠂ ᠪᠠᠯ ᠤᠨ ᠲᠠᠬᠢᠯᠴᠢ ᠮᠠᠲ᠋ᠠᠨ ᠢ ᠲᠠᠬᠢᠯ ᠤᠨ ᠰᠢᠷᠡᠭᠡᠨ ᠦ ᠬᠢᠨᠢ ᠡᠮᠦᠨ᠎ᠡ ᠠᠯᠠᠪᠠ᠃ ᠲᠡᠭᠡᠭᠡᠳ ᠲᠠᠬᠢᠯᠴᠢ ᠶᠧᠬᠣᠶᠠᠳᠠ ᠶᠣᠬᠣᠸᠠ ᠶᠢᠨ ᠥᠷᠭᠥᠭᠡᠨ ᠳᠦ ᠬᠠᠷᠠᠭᠤᠯ ᠪᠠᠢᠷᠢᠯᠠᠭᠤᠯᠵᠤ᠂ 19 ᠵᠠᠭᠤᠲᠤ ᠶᠢᠨ ᠳᠠᠷᠤᠭ᠎ᠠ᠂ ᠺᠠᠷᠢᠴᠤᠳ᠂ ᠲᠣᠷᠭᠠᠨ ᠴᠡᠷᠢᠭ ᠪᠣᠯᠣᠨ ᠲᠡᠷᠡ ᠭᠠᠵᠠᠷ ᠤᠨ ᠪᠦᠬᠦ ᠠᠷᠠᠳ ᠢ ᠳᠠᠭᠠᠭᠤᠯᠤᠨ ᠬᠠᠭᠠᠨ ᠢ ᠶᠣᠬᠣᠸᠠ ᠶᠢᠨ ᠥᠷᠭᠥᠭᠡᠨ ᠡᠴᠡ ᠳᠣᠷᠣᠭᠰᠢ ᠪᠠᠭᠤᠯᠭᠠᠭᠠᠳ᠂ ᠲᠣᠷᠭᠠᠨ ᠴᠡᠷᠢᠭ ᠤᠨ ᠬᠠᠭᠠᠯᠭ᠎ᠠ ᠪᠠᠷ ᠳᠠᠭᠠᠷᠢᠨ ᠬᠠᠭᠠᠨ ᠤ ᠣᠷᠳᠣᠨ ᠳᠤ ᠣᠷᠣᠭᠤᠯᠪᠠ᠃ ᠬᠠᠭᠠᠨ ᠰᠡᠨᠲᠢ ᠳᠤ ᠵᠠᠯᠠᠷᠠᠬᠤ ᠳᠤᠨᠢ 20 ᠭᠠᠵᠠᠷ ᠤᠨ ᠠᠷᠠᠳ ᠲᠦᠮᠡᠨ ᠪᠦᠭᠦᠳᠡᠭᠡᠷ ᠪᠠᠶᠠᠷᠯᠠᠯᠳᠤᠵᠤ᠂ ᠬᠣᠲᠠ ᠠᠮᠤᠷ ᠲᠠᠢᠪᠤᠩ ᠪᠣᠯᠪᠠ᠃ ᠲᠡᠢᠨ ᠬᠦ ᠲᠡᠳᠡ ᠠᠲ᠋ᠠᠯᠢᠶ᠎ᠠ ᠶᠢ ᠬᠠᠭᠠᠨ ᠤ ᠣᠷᠳᠣᠨ ᠳᠤ ᠢᠯᠳᠦ ᠪᠡᠷ ᠴᠠᠭᠠᠵᠠᠯᠠᠭᠰᠠᠨ ᠪᠢᠯᠡ᠃ 21 ᠶᠣᠶᠠᠱ ᠬᠠᠭᠠᠨ ᠪᠣᠯᠬᠤ ᠳᠠᠭᠠᠨ ᠳᠣᠯᠣᠭᠠᠨ ᠨᠠᠰᠤᠲᠠᠢ ᠪᠠᠢᠯ᠎ᠠ᠃