ᠬᠠᠭᠠᠳ ᠤᠨ ᠳᠡᠳ᠋ ᠠᠷᠪᠠᠨ ᠬᠣᠶᠠᠷ
ᠶᠣᠬᠣᠸᠠ ᠶᠢᠨ ᠥᠷᠭᠥᠭᠡ ᠶᠢ ᠵᠠᠰᠠᠪᠤᠷᠢᠯᠠᠪᠠ
1 ᠶᠧᠾᠦ᠋ ᠶᠢᠨ ᠳᠣᠯᠣᠳᠤᠭᠠᠷ ᠣᠨ ᠳᠤ᠂ ᠶᠣᠶᠠᠱ ᠬᠠᠭᠠᠨ ᠪᠣᠯᠣᠭᠰᠠᠨ ᠪᠥᠭᠡᠳ ᠶᠧᠷᠦ᠋ᠰᠠᠯᠧᠮ ᠳᠤ ᠳᠥᠴᠢᠨ ᠵᠢᠯ ᠬᠠᠭᠠᠨᠴᠢᠯᠠᠵᠠᠢ᠃ ᠡᠬᠡ ᠨᠢ ᠪᠧᠷ ᠱᠧᠪᠠ ᠬᠥᠮᠦᠨ ᠽᠢᠪᠢᠶᠠ ᠪᠠᠢᠪᠠ᠃ 2 ᠶᠣᠶᠠᠱ ᠲᠠᠬᠢᠯᠴᠢ ᠶᠧᠬᠣᠶᠠᠳᠠ ᠪᠠᠷ ᠵᠢᠭᠠᠪᠤᠷᠢᠯᠠᠭᠤᠯᠤᠭᠰᠠᠨ ᠡᠳᠦᠷ ᠤᠳ ᠲᠡᠭᠡᠨ ᠶᠣᠬᠣᠸᠠ ᠶᠢᠨ ᠮᠡᠯᠮᠡᠢ ᠳᠦ ᠵᠥᠪ ᠢ ᠦᠢᠯᠡᠳᠦᠭᠰᠡᠨ ᠪᠣᠯᠪᠠᠴᠤ 3 ᠮᠥᠷᠭᠥᠯ ᠦᠨ ᠮᠠᠨᠳᠠᠯ ᠤᠳ ᠢ ᠵᠠᠢᠯᠠᠭᠤᠯᠤᠭᠰᠠᠨ ᠦᠭᠡᠢ ᠤᠴᠢᠷ ᠠᠴᠠ ᠠᠷᠠᠳ ᠲᠦᠮᠡᠨ ᠮᠥᠷᠭᠥᠯ ᠦᠨ ᠮᠠᠨᠳᠠᠯ ᠤᠳ ᠳᠡᠭᠡᠷ᠎ᠡ ᠲᠠᠬᠢᠯ ᠡᠷᠭᠦᠵᠦ᠂ ᠤᠲᠤᠯᠭ᠎ᠠ ᠤᠭᠤᠭᠢᠭᠤᠯᠤᠭᠰᠠᠭᠠᠷ ᠪᠠᠢᠪᠠ᠃
4 ᠶᠣᠶᠠᠱ ᠲᠠᠬᠢᠯᠴᠢᠳ ᠲᠤ᠄ 《ᠶᠣᠬᠣᠸᠠ ᠶᠢᠨ ᠥᠷᠭᠥᠭᠡᠨ ᠳᠦ ᠠᠪᠴᠢᠷᠠᠳᠠᠭ ᠠᠯᠢᠪᠠ ᠠᠷᠢᠭᠤᠨ ᠬᠠᠨᠳᠢᠪ᠂ ᠲᠤᠬᠠᠢᠯᠠᠪᠠᠯ ᠪᠦᠷᠢᠳᠬᠡᠭᠦᠯᠦᠭᠰᠡᠨ ᠬᠥᠮᠦᠨ ᠪᠦᠷᠢ ᠶᠢᠨ ᠲᠠᠲᠠᠪᠤᠷᠢ 16 ᠂ ᠲᠠᠩ᠋ᠭᠠᠷᠢᠭᠯᠠᠭᠰᠠᠨ ᠬᠥᠮᠦᠨ ᠪᠦᠷᠢ ᠶᠢᠨ ᠲᠠᠲᠠᠪᠤᠷᠢ 17 ᠂ ᠰᠠᠢᠨ ᠳᠤᠷ᠎ᠠ ᠪᠠᠷ ᠢᠶᠠᠨ ᠶᠣᠬᠣᠸᠠ ᠶᠢᠨ ᠥᠷᠭᠥᠭᠡᠨ ᠳᠦ ᠠᠪᠴᠢᠷᠠᠭᠰᠠᠨ ᠬᠠᠨᠳᠢᠪ ᠢ 5 ᠲᠠᠬᠢᠯᠴᠢᠳ ᠬᠠᠨᠳᠢᠪ ᠡᠷᠭᠦᠭᠴᠢ ᠪᠣᠯᠭᠠᠨ ᠠᠴᠠ ᠠᠪᠴᠤ᠂ ᠡᠳᠡᠭᠡᠷ ᠢ ᠥᠷᠭᠥᠭᠡᠨ ᠦ ᠡᠪᠳᠡᠷᠡᠭᠰᠡᠨ ᠬᠡᠰᠡᠭ ᠢ ᠵᠠᠰᠠᠪᠤᠷᠢᠯᠠᠬᠤ ᠳᠤ ᠠᠰᠢᠭᠯᠠᠭᠲᠤᠨ》 ᠭᠡᠪᠡ᠃ 6 ᠭᠡᠪᠡᠴᠦ ᠶᠣᠶᠠᠱ ᠬᠠᠭᠠᠨ ᠤ ᠬᠣᠷᠢᠨ ᠭᠤᠷᠪᠠᠳᠤᠭᠠᠷ ᠣᠨ ᠪᠣᠯᠲᠠᠯ᠎ᠠ ᠲᠠᠬᠢᠯᠴᠢᠳ ᠥᠷᠭᠥᠭᠡᠨ ᠦ ᠡᠪᠳᠡᠷᠡᠭᠰᠡᠨ ᠬᠡᠰᠡᠭ ᠤᠳ ᠢ ᠵᠠᠰᠠᠪᠤᠷᠢᠯᠠᠭᠰᠠᠨ ᠦᠭᠡᠢ᠃ 7 ᠶᠣᠶᠠᠱ ᠬᠠᠭᠠᠨ ᠲᠠᠬᠢᠯᠴᠢ ᠶᠧᠬᠣᠶᠠᠳᠠ ᠪᠣᠯᠣᠨ ᠪᠤᠰᠤᠳ ᠲᠠᠬᠢᠯᠴᠢᠳ ᠢ ᠳᠠᠭᠤᠳᠠᠨ ᠲᠡᠳᠡᠨ ᠳᠦ᠄ 《ᠲᠠ ᠨᠠᠷ ᠶᠠᠭᠠᠬᠢᠭᠠᠳ ᠥᠷᠭᠥᠭᠡᠨ ᠦ ᠡᠪᠳᠡᠷᠡᠭᠰᠡᠨ ᠬᠡᠰᠡᠭ ᠤᠳ ᠢ ᠵᠠᠰᠠᠪᠤᠷᠢᠯᠠᠬᠤ ᠦᠭᠡᠢ ᠪᠠᠢᠨ᠎ᠠ ᠪᠤᠢ︖ ᠣᠳᠣ ᠬᠠᠨᠳᠢᠪ ᠡᠷᠭᠦᠭᠴᠢᠳ ᠡᠴᠡ ᠥᠪᠡᠷᠰᠡᠳ ᠲᠡᠭᠡᠨ ᠮᠥᠩᠭᠥ ᠠᠪᠬᠤ ᠪᠠᠨ ᠪᠣᠯᠢᠵᠤ᠂ ᠬᠠᠷᠢᠨ ᠡᠭᠦᠨ ᠢ ᠥᠷᠭᠥᠭᠡᠨ ᠦ ᠡᠪᠳᠡᠷᠡᠭᠰᠡᠨ ᠬᠡᠰᠡᠭ ᠤᠳ ᠢ ᠵᠠᠰᠠᠪᠤᠷᠢᠯᠠᠬᠤ ᠳᠤ ᠵᠠᠷᠤᠴᠠᠭᠤᠯ》 ᠭᠡᠬᠦ ᠳᠦ᠂ 8 ᠲᠠᠬᠢᠯᠴᠢᠳ ᠵᠥᠪᠰᠢᠶᠡᠷᠡᠵᠡᠢ᠃ ᠲᠡᠳᠡ ᠬᠥᠮᠦᠰ ᠡᠴᠡ ᠳᠠᠬᠢᠭᠠᠳ ᠮᠥᠩᠭᠥ ᠠᠪᠬᠤ ᠪᠠᠨ ᠪᠣᠯᠢᠭᠰᠠᠨ ᠪᠥᠭᠡᠳ ᠥᠷᠭᠥᠭᠡᠨ ᠦ ᠡᠪᠳᠡᠷᠡᠭᠰᠡᠨ ᠬᠡᠰᠡᠭ ᠤᠳ ᠢ ᠥᠪᠡᠷᠰᠡᠳ ᠢᠶᠡᠨ ᠵᠠᠰᠠᠪᠤᠷᠢᠯᠠᠳᠠᠭ ᠢᠶᠠᠨ ᠴᠤ ᠪᠣᠯᠢᠪᠠ᠃ 9 ᠲᠠᠬᠢᠯᠴᠢ ᠶᠧᠬᠣᠶᠠᠳᠠ ᠨᠢᠭᠡ ᠠᠪᠳᠠᠷ᠎ᠠ ᠠᠪᠴᠤ᠂ ᠲᠠᠭ ᠳᠡᠭᠡᠷ᠎ᠡ ᠨᠢ ᠨᠦᠬᠡ ᠭᠠᠷᠭᠠᠭᠠᠳ᠂ ᠲᠡᠭᠦᠨ ᠢ ᠪᠠᠨ ᠲᠠᠬᠢᠯ ᠤᠨ ᠰᠢᠷᠡᠭᠡᠨ ᠦ ᠬᠠᠵᠠᠭᠤ ᠳᠤ᠂ ᠶᠣᠬᠣᠸᠠ ᠶᠢᠨ ᠥᠷᠭᠥᠭᠡᠨ ᠳᠦ ᠣᠷᠣᠳᠠᠭ ᠬᠠᠭᠠᠯᠭᠠᠨ ᠤ ᠪᠠᠷᠠᠭᠤᠨ ᠲᠠᠯ᠎ᠠ ᠳᠤ ᠲᠠᠯᠪᠢᠵᠠᠢ᠃ ᠢᠩᠭᠢᠭᠡᠳ ᠬᠠᠭᠠᠯᠭᠠᠴᠢ ᠲᠠᠬᠢᠯᠴᠢᠳ ᠶᠣᠬᠣᠸᠠ ᠶᠢᠨ ᠥᠷᠭᠥᠭᠡᠨ ᠳᠦ ᠠᠪᠴᠢᠷᠠᠭᠰᠠᠨ ᠪᠦᠬᠦ ᠮᠥᠩᠭᠥ ᠶᠢ ᠲᠡᠷᠡ ᠠᠪᠳᠠᠷ᠎ᠠ ᠳᠤ ᠬᠢᠳᠡᠭ ᠪᠣᠯᠪᠠ᠃
10 ᠠᠪᠳᠠᠷ᠎ᠠ ᠮᠥᠩᠭᠥ ᠪᠡᠷ ᠳᠦᠭᠦᠷᠬᠦ ᠪᠣᠯᠭᠠᠨ ᠳᠤ᠂ ᠬᠠᠭᠠᠨ ᠤ ᠪᠢᠴᠢᠭᠡᠴᠢ ᠪᠣᠯᠣᠨ ᠲᠡᠷᠢᠭᠦᠨ ᠲᠠᠬᠢᠯᠴᠢᠳ ᠢᠷᠡᠭᠡᠳ ᠶᠣᠬᠣᠸᠠ ᠶᠢᠨ ᠥᠷᠭᠥᠭᠡᠨ ᠳᠦ ᠠᠪᠴᠢᠷᠠᠭᠰᠠᠨ ᠮᠥᠩᠭᠥ ᠶᠢ ᠤᠭᠤᠲᠠᠨ ᠳᠤ ᠬᠢᠵᠦ ᠬᠡᠮᠵᠢᠳᠡᠭ ᠪᠠᠢᠪᠠ᠃ 11 ᠲᠡᠳᠡ ᠬᠡᠮᠵᠢᠭᠰᠡᠨ ᠮᠥᠩᠭᠥ ᠪᠡᠨ ᠶᠣᠬᠣᠸᠠ ᠶᠢᠨ ᠥᠷᠭᠥᠭᠡ ᠶᠢ ᠵᠠᠰᠠᠬᠤ ᠪᠠᠷ ᠲᠣᠮᠢᠯᠠᠭᠳᠠᠭᠰᠠᠨ ᠬᠥᠮᠦᠰ ᠲᠦ ᠥᠭᠪᠡᠯ᠂ ᠲᠡᠷᠡ ᠬᠥᠮᠦᠰ ᠡᠭᠦᠨ ᠢ ᠶᠣᠬᠣᠸᠠ ᠶᠢᠨ ᠥᠷᠭᠥᠭᠡᠨ ᠳᠦ ᠠᠵᠢᠯᠯᠠᠵᠤ ᠪᠠᠢᠭ᠎ᠠ ᠮᠣᠳᠣᠨ ᠳᠠᠷᠬᠠᠳ᠂ ᠪᠠᠷᠢᠯᠭᠠᠴᠢᠳ᠂ 12 ᠴᠢᠯᠠᠭᠤᠨ ᠳᠠᠷᠬᠠᠳ ᠪᠣᠯᠣᠨ ᠴᠢᠯᠠᠭᠤ ᠴᠠᠪᠴᠢᠭᠴᠢᠳ ᠤᠨ ᠬᠥᠯᠥᠰᠥ ᠶᠢ ᠲᠥᠯᠥᠬᠦ᠂ ᠪᠠᠰᠠ ᠶᠣᠬᠣᠸᠠ ᠶᠢᠨ ᠥᠷᠭᠥᠭᠡ ᠶᠢ ᠵᠠᠰᠠᠬᠤ ᠪᠠᠷ ᠮᠣᠳᠣ ᠪᠣᠯᠣᠨ ᠵᠠᠰᠠᠭᠰᠠᠨ ᠴᠢᠯᠠᠭᠤ ᠬᠤᠳᠠᠯᠳᠤᠨ ᠠᠪᠬᠤ᠂ ᠮᠥᠨ ᠥᠷᠭᠥᠭᠡ ᠶᠢ ᠵᠠᠰᠠᠪᠤᠷᠢᠯᠠᠬᠤ ᠳᠤ ᠬᠡᠷᠡᠭ ᠲᠡᠢ ᠪᠤᠰᠤᠳ ᠪᠦᠭᠦᠳᠡ ᠶᠢ ᠠᠪᠬᠤ ᠳᠤ ᠵᠠᠷᠤᠴᠠᠭᠤᠯᠳᠠᠭ ᠪᠠᠢᠪᠠ᠃ 13 ᠬᠠᠷᠢᠨ ᠶᠣᠬᠣᠸᠠ ᠶᠢᠨ ᠥᠷᠭᠥᠭᠡᠨ ᠳᠦ ᠠᠪᠴᠢᠷᠠᠭᠰᠠᠨ ᠮᠥᠩᠭᠥ ᠶᠢ ᠶᠣᠬᠣᠸᠠ ᠶᠢᠨ ᠥᠷᠭᠥᠭᠡᠨ ᠳᠦ ᠬᠡᠷᠡᠭᠯᠡᠳᠡᠭ ᠮᠥᠩᠭᠥᠨ ᠠᠶᠠᠭ᠎ᠠ ᠪᠤᠶᠤ ᠴᠢᠮᠬᠢᠭᠦᠷ᠂ ᠬᠤᠯᠤ᠂ ᠪᠦᠷᠢᠶ᠎ᠡ ᠪᠤᠶᠤ ᠠᠯᠲᠠ ᠮᠥᠩᠭᠥᠨ ᠠᠯᠢᠪᠠ ᠰᠠᠪᠠ ᠰᠠᠭᠤᠯᠠᠭ᠎ᠠ ᠨᠤᠭᠤᠳ ᠢ ᠬᠢᠬᠦ ᠳᠦ ᠵᠠᠷᠤᠴᠠᠭᠤᠯᠤᠭᠰᠠᠨ ᠦᠭᠡᠢ᠃ 14 ᠡᠢᠨ ᠬᠦ ᠲᠡᠳᠡ ᠮᠥᠩᠭᠥ ᠶᠢ ᠠᠵᠢᠯᠴᠢᠳ ᠲᠤ ᠥᠭᠴᠦ᠂ ᠲᠡᠭᠦᠨ ᠢᠶᠡᠷ ᠶᠣᠬᠣᠸᠠ ᠶᠢᠨ ᠥᠷᠭᠥᠭᠡ ᠶᠢ ᠵᠠᠰᠠᠪᠤᠷᠢᠯᠠᠭᠤᠯᠳᠠᠭ ᠪᠠᠢᠪᠠ᠃ 15 ᠲᠡᠷᠡ ᠬᠦ ᠮᠥᠩᠭᠥ ᠶᠢ ᠠᠪᠴᠤ ᠠᠵᠢᠯᠴᠢᠳ ᠲᠤ ᠥᠭᠳᠡᠭ ᠬᠥᠮᠦᠰ ᠡᠴᠡ ᠲᠠᠢᠯᠤᠨ ᠲᠣᠭᠠᠴᠠᠭ᠎ᠠ ᠱᠠᠭᠠᠷᠳᠠᠭᠰᠠᠨ ᠦᠭᠡᠢ᠃ ᠤᠴᠢᠷ ᠨᠢ ᠲᠡᠳᠡ ᠢᠲᠡᠭᠡᠮᠵᠢ ᠲᠠᠢ ᠪᠠᠷ ᠠᠵᠢᠯ ᠬᠢᠵᠦ ᠪᠠᠢᠯ᠎ᠠ᠃ 16 ᠭᠡᠮ ᠦᠨ ᠲᠠᠬᠢᠯ ᠪᠣᠯᠣᠨ ᠨᠢᠭᠦᠯ ᠦᠨ ᠲᠠᠬᠢᠯ ᠤᠨ ᠮᠥᠩᠭᠥ ᠶᠢ ᠶᠣᠬᠣᠸᠠ ᠶᠢᠨ ᠥᠷᠭᠥᠭᠡᠨ ᠳᠦ ᠣᠷᠣᠭᠤᠯᠳᠠᠭ ᠦᠭᠡᠢ᠃ ᠲᠡᠷᠡ ᠨᠢ ᠲᠠᠬᠢᠯᠴᠢᠳ ᠤᠨ ᠬᠤᠪᠢ ᠪᠣᠯᠪᠠ᠃
17 ᠲᠡᠷᠡ ᠦᠶ᠎ᠡ ᠳᠦ ᠠᠷᠠᠮ ᠤᠨ ᠬᠠᠭᠠᠨ ᠬᠠᠽᠠᠶᠧᠯ ᠭᠠᠷᠴᠤ ᠢᠷᠡᠭᠡᠳ ᠭᠠᠲ ᠢ ᠳᠣᠪᠲᠣᠯᠵᠤ ᠡᠵᠡᠯᠡᠨ ᠠᠪᠤᠭᠰᠠᠨ ᠪᠠᠢᠨ᠎ᠠ᠃ ᠲᠡᠭᠡᠭᠡᠳ ᠬᠠᠽᠠᠶᠧᠯ ᠶᠧᠷᠦ᠋ᠰᠠᠯᠧᠮ ᠥᠭᠡᠳᠡ ᠡᠷᠭᠢᠵᠦ ᠳᠣᠪᠲᠣᠯᠬᠤ ᠳᠤ᠂ 18 ᠶᠦᠳᠠ ᠶᠢᠨ ᠬᠠᠭᠠᠨ ᠶᠣᠶᠠᠱ ᠥᠪᠡᠷ ᠦᠨ ᠢᠶᠠᠨ ᠡᠴᠢᠭᠡ ᠡᠪᠦᠭᠡᠳ ᠪᠣᠯᠬᠤ ᠶᠧᠬᠣᠱᠠᠹᠠᠲ᠂ ᠶᠧᠬᠣᠷᠠᠮ᠂ ᠠᠬᠠᠽᠢᠶ᠎ᠠ ᠵᠡᠷᠭᠡ ᠶᠦᠳᠠ ᠶᠢᠨ ᠤᠷᠢᠳᠤᠬᠢ ᠬᠠᠭᠠᠳ ᠤᠨ ᠡᠷᠭᠦᠭᠰᠡᠨ ᠠᠯᠢᠪᠠ ᠡᠳ᠋ ᠶᠠᠭᠤᠮᠠᠰ ᠬᠢᠭᠡᠳ ᠥᠪᠡᠷ ᠦᠨ ᠢᠶᠠᠨ ᠠᠷᠢᠭᠤᠨ ᠡᠳ᠋ ᠶᠠᠭᠤᠮᠠᠰ ᠢ᠂ ᠮᠥᠨ ᠶᠣᠬᠣᠸᠠ ᠶᠢᠨ ᠥᠷᠭᠥᠭᠡ ᠪᠠ ᠬᠠᠭᠠᠨ ᠤ ᠣᠷᠳᠣᠨ ᠤ ᠬᠥᠮᠥᠷᠭᠡ ᠳᠦ ᠪᠠᠢᠭ᠎ᠠ ᠪᠦᠬᠦ ᠠᠯᠲᠠ ᠶᠢ ᠠᠪᠴᠤ ᠠᠷᠠᠮ ᠤᠨ ᠬᠠᠭᠠᠨ ᠬᠠᠽᠠᠶᠧᠯ ᠳᠤ ᠢᠯᠡᠭᠡᠪᠡ᠃ ᠲᠡᠭᠡᠬᠦ ᠳᠦ ᠬᠠᠽᠠᠶᠧᠯ ᠶᠧᠷᠦ᠋ᠰᠠᠯᠧᠮ ᠡᠴᠡ ᠬᠣᠯᠠᠳᠠᠵᠠᠢ᠃
19 ᠶᠣᠶᠠᠱ ᠤᠨ ᠪᠤᠰᠤᠳ ᠶᠠᠪᠤᠳᠠᠯ ᠪᠣᠯᠣᠨ ᠲᠡᠭᠦᠨ ᠦ ᠬᠢᠭᠰᠡᠨ ᠪᠦᠭᠦᠳᠡ ᠨᠢ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 20 ᠲᠡᠭᠦᠨ ᠦ ᠵᠠᠷᠤᠴᠠ ᠨᠠᠷ ᠪᠣᠰᠴᠤ ᠬᠤᠤᠪᠢᠯᠳᠤᠨ᠂ ᠰᠢᠯᠠ ᠬᠦᠷᠬᠦ ᠵᠠᠮ ᠳᠠᠬᠢ ᠮᠢᠯᠣ᠋ ᠶᠢᠨ ᠣᠷᠳᠣᠨ ᠳᠤ ᠲᠡᠭᠦᠨ ᠢ ᠴᠣᠬᠢᠪᠠ᠃ 21 ᠲᠡᠭᠦᠨ ᠢ ᠴᠣᠬᠢᠵᠤ ᠠᠯᠠᠭᠰᠠᠨ ᠲᠦᠰᠢᠮᠡᠳ ᠨᠢ ᠱᠢᠮᠧᠶᠠᠲ ᠤᠨ ᠬᠦᠦ ᠶᠣᠽᠠᠪᠠᠳ᠋ ᠪᠠ ᠱᠣᠮᠧᠷ ᠤᠨ ᠬᠦᠦ ᠶᠧᠬᠣᠽᠠᠹᠠᠳ᠋ ᠨᠠᠷ ᠪᠠᠢᠪᠠ᠃ ᠶᠣᠶᠠᠱ ᠡᠴᠢᠭᠡ ᠡᠪᠦᠭᠡᠳ ᠦᠨ ᠢᠶᠠᠨ ᠳᠡᠷᠭᠡᠳᠡ ᠳ᠋ᠠᠸᠢᠳ᠋ ᠤᠨ ᠬᠣᠲᠠ ᠳᠤ ᠪᠤᠯᠠᠰᠢᠯᠠᠭᠳᠠᠵᠤ᠂ ᠬᠦᠦ ᠠᠮᠠᠽᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃