1 2 3 4 5 6 7 8 9 10 11 12 13 14 15 16 17 18 19 20 21 22 23 24 25


ᠬᠠᠭᠠᠳ ᠤᠨ ᠳᠡᠳ᠋ ᠠᠷᠪᠠᠨ ᠳᠣᠯᠣᠭ᠎ᠠ
 ᠢᠰᠷᠧᠯ ᠤᠨ ᠰᠡᠭᠦᠯᠴᠢ ᠶᠢᠨ ᠬᠠᠭᠠᠨ ᠬᠣᠱᠧᠶ᠎ᠠ

1 ᠶᠦᠳᠠ ᠶᠢᠨ ᠬᠠᠭᠠᠨ ᠠᠬᠠᠽ ᠤᠨ ᠠᠷᠪᠠᠨ ᠬᠣᠶᠠᠳᠤᠭᠠᠷ ᠣᠨ ᠳᠤ᠂ ᠡᠯᠠ ᠶᠢᠨ ᠬᠦᠦ ᠬᠣᠱᠧᠶ᠎ᠠ ᠰᠠᠮᠠᠷᠢᠶ᠎ᠠ ᠳᠤ ᠢᠰᠷᠧᠯ ᠤᠨ ᠬᠠᠭᠠᠨ ᠪᠣᠯᠵᠤ᠂ ᠶᠢᠰᠦᠨ ᠵᠢᠯ ᠬᠠᠭᠠᠨᠴᠢᠯᠠᠪᠠ᠃ 2 ᠲᠡᠷᠡ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠦᠭᠰᠡᠨ ᠴᠤ ᠥᠪᠡᠷ ᠡᠴᠡ ᠨᠢ ᠤᠷᠢᠳᠤ ᠪᠠᠢᠭᠰᠠᠨ ᠢᠰᠷᠧᠯ ᠤᠨ ᠬᠠᠭᠠᠳ ᠤᠨ ᠰᠢᠭ᠋ ᠪᠠᠢᠭ᠎ᠠ ᠦᠭᠡᠢ᠃ 3 ᠠᠰᠢᠷᠢᠶ᠎ᠠ ᠶᠢᠨ ᠬᠠᠭᠠᠨ ᠱᠠᠯᠮᠠᠨᠧᠰᠧᠷ ᠲᠡᠭᠦᠨ ᠢ ᠳᠣᠪᠲᠣᠯᠬᠤ ᠪᠠᠷ ᠢᠷᠡᠭᠰᠡᠨ ᠳᠦ᠂ ᠬᠣᠱᠧᠶ᠎ᠠ ᠲᠡᠭᠦᠨ ᠦ ᠵᠠᠷᠤᠴᠠ ᠪᠣᠯᠵᠤ᠂ ᠲᠡᠭᠦᠨ ᠳᠦ ᠠᠯᠪᠠ ᠭᠤᠪᠴᠢᠭᠤᠷ ᠥᠭᠬᠦ ᠪᠣᠯᠪᠠ᠃

4 ᠭᠡᠲᠡᠯ᠎ᠡ ᠬᠣᠱᠧᠶ᠎ᠠ ᠶᠧᠵᠢᠫᠲ ᠤᠨ ᠬᠠᠭᠠᠨ ᠰᠣ ᠤᠷᠤᠭᠤ ᠡᠯᠴᠢ ᠢᠯᠡᠭᠡᠨ᠂ ᠠᠰᠢᠷᠢᠶ᠎ᠠ ᠶᠢᠨ ᠬᠠᠭᠠᠨ ᠳᠤ ᠵᠢᠯ ᠤᠨ ᠵᠢᠯ ᠠᠯᠪᠠ ᠭᠤᠪᠴᠢᠭᠤᠷ ᠡᠷᠭᠦᠳᠡᠭ ᠪᠠᠢᠭᠰᠠᠨ ᠢᠶᠠᠨ ᠪᠣᠯᠢᠭᠰᠠᠨ ᠳᠤ᠂ ᠠᠰᠢᠷᠢᠶ᠎ᠠ ᠶᠢᠨ ᠬᠠᠭᠠᠨ ᠲᠡᠭᠦᠨ ᠦ ᠤᠷᠪᠠᠬᠤ ᠰᠠᠨᠠᠭ᠎ᠠ ᠶᠢ ᠮᠡᠳᠡᠭᠡᠳ ᠲᠡᠭᠦᠨ ᠢ ᠪᠠᠷᠢᠵᠤ ᠭᠢᠨᠳᠠᠨ ᠳᠤ ᠬᠣᠷᠢᠵᠠᠢ᠃ 5 ᠠᠰᠢᠷᠢᠶ᠎ᠠ ᠶᠢᠨ ᠬᠠᠭᠠᠨ ᠪᠦᠬᠦ ᠨᠤᠲᠤᠭ ᠢ ᠳᠠᠭᠠᠷᠢᠵᠤ᠂ ᠰᠠᠮᠠᠷᠢᠶ᠎ᠠ ᠤᠷᠤᠭᠤ ᠣᠴᠢᠭᠠᠳ ᠭᠤᠷᠪᠠᠨ ᠵᠢᠯ ᠪᠦᠰᠡᠯᠡᠵᠡᠢ᠃ 6 ᠬᠣᠱᠧᠶ᠎ᠠ ᠶᠢᠨ ᠶᠢᠰᠦᠳᠡᠬᠢ ᠵᠢᠯ ᠳᠤ ᠠᠰᠢᠷᠢᠶ᠎ᠠ ᠶᠢᠨ ᠬᠠᠭᠠᠨ ᠰᠠᠮᠠᠷᠢᠶ᠎ᠠ ᠶᠢ ᠡᠵᠡᠯᠡᠭᠡᠳ ᠢᠰᠷᠧᠯᠴᠦᠳ ᠢ ᠠᠰᠢᠷᠢᠶ᠎ᠠ ᠤᠷᠤᠭᠤ ᠴᠥᠯᠡᠵᠦ᠂ ᠭᠣᠽᠠᠨ ᠭᠣᠣᠯ ᠤᠨ ᠳᠡᠷᠭᠡᠳᠡᠬᠢ ᠾᠠᠯᠠ ᠪᠠ ᠾᠠᠪᠣᠷ ᠲᠤ᠂ ᠮᠥᠨ ᠮᠧᠳᠧᠴᠤᠳ ᠤᠨ ᠬᠣᠲᠠ ᠨᠤᠭᠤᠳ ᠲᠤ ᠰᠠᠭᠤᠷᠢᠰᠢᠭᠤᠯᠪᠠ᠃
 ᠢᠰᠷᠧᠯ ᠭᠡᠮ ᠡᠴᠡ ᠪᠡᠨ ᠪᠣᠯᠵᠤ ᠴᠥᠯᠡᠭᠳᠡᠪᠡ

7 ᠡᠢᠮᠦ ᠪᠣᠯᠣᠭᠰᠠᠨ ᠨᠢ ᠢᠰᠷᠧᠯᠴᠦᠳ ᠥᠪᠡᠷᠰᠡᠳ ᠢ ᠨᠢ ᠶᠧᠵᠢᠫᠲ ᠤᠨ ᠬᠠᠭᠠᠨ ᠹᠠᠷᠠᠣ᠋ ᠶᠢᠨ ᠭᠠᠷ ᠳᠣᠣᠷ᠎ᠠ ᠠᠴᠠ ᠭᠠᠷᠭᠠᠵᠤ᠂ ᠶᠧᠵᠢᠫᠲ ᠡᠴᠡ ᠠᠪᠴᠢᠷᠠᠭᠰᠠᠨ ᠶᠣᠬᠣᠸᠠ ᠪᠤᠷᠬᠠᠨ ᠤ ᠪᠠᠨ ᠡᠮᠦᠨ᠎ᠡ ᠨᠢᠭᠦᠯ ᠦᠢᠯᠡᠳᠦᠭᠰᠡᠨ ᠦ ᠤᠴᠢᠷ ᠶᠤᠮ᠃ ᠲᠡᠳᠡ ᠥᠭᠡᠷ᠎ᠡ ᠪᠤᠷᠬᠠᠳ ᠲᠤ ᠮᠥᠷᠭᠥᠵᠦ᠂ 8 ᠢᠰᠷᠧᠯᠴᠦᠳ ᠦᠨ ᠡᠮᠦᠨ᠎ᠡ ᠡᠴᠡ ᠶᠣᠬᠣᠸᠠ ᠶᠢᠨ ᠵᠠᠢᠯᠠᠭᠤᠯᠤᠭᠰᠠᠨ ᠦᠨᠳᠦᠰᠦᠲᠡᠨ ᠨᠦᠭᠦᠳ ᠦᠨ ᠶᠣᠰᠣ ᠵᠢᠷᠤᠮ᠂ ᠢᠰᠷᠧᠯ ᠤᠨ ᠬᠠᠭᠠᠳ ᠤᠨ ᠵᠣᠬᠢᠶᠠᠭᠰᠠᠨ ᠲᠣᠭᠲᠠᠭᠠᠯ ᠤᠳ ᠢ ᠮᠥᠷᠳᠡᠳᠡᠭ ᠪᠠᠢᠯ᠎ᠠ᠃ 9 ᠢᠰᠷᠧᠯᠴᠦᠳ ᠶᠣᠬᠣᠸᠠ ᠪᠤᠷᠬᠠᠨ ᠳᠠᠭᠠᠨ ᠬᠢᠵᠦ ᠪᠣᠯᠬᠤ ᠦᠭᠡᠢ ᠵᠦᠢᠯᠡᠰ ᠢ ᠨᠢᠭᠤᠴᠠ ᠪᠠᠷ ᠬᠢᠭᠰᠡᠨ ᠶᠤᠮ᠃ ᠲᠡᠳᠡ ᠬᠠᠷᠠᠭᠤᠯ ᠤᠨ ᠴᠠᠮᠬᠠᠭ ᠠᠴᠠ ᠡᠬᠢᠯᠡᠭᠡᠳ ᠪᠡᠬᠢᠯᠡᠯᠲᠡᠲᠦ ᠬᠣᠲᠠ ᠬᠦᠷᠲᠡᠯᠡᠬᠢ ᠪᠦᠬᠦ ᠬᠣᠲᠠ ᠰᠠᠭᠤᠷᠢᠨ ᠳᠠᠭᠠᠨ ᠥᠪᠡᠷᠰᠡᠳ ᠦᠨ ᠢᠶᠠᠨ ᠲᠥᠯᠥᠭᠡ ᠮᠥᠷᠭᠥᠯ ᠦᠨ ᠮᠠᠨᠳᠠᠯ ᠤᠳ ᠢ ᠪᠠᠷᠢᠨ᠂ 10 ᠥᠨᠳᠥᠷ ᠲᠣᠯᠣᠭᠠᠳ ᠪᠣᠯᠣᠨ ᠱᠠᠩᠰᠢ ᠮᠣᠳᠣ ᠪᠦᠷᠢ ᠶᠢᠨ ᠳᠣᠣᠷ᠎ᠠ ᠥᠪᠡᠷᠰᠡᠳ ᠲᠡᠭᠡᠨ ᠵᠣᠷᠢᠭᠤᠯᠤᠨ ᠴᠢᠯᠠᠭᠤᠨ ᠪᠠᠭᠠᠨ᠎ᠠ ᠨᠤᠭᠤᠳ ᠪᠠ ᠠᠱᠧᠷᠠ ᠶᠢᠨ ᠱᠣᠩ ᠤᠳ ᠢ ᠪᠣᠰᠬᠠᠵᠤ᠂ 11 ᠥᠪᠡᠷᠰᠡᠳ ᠦᠨ ᠬᠢᠨᠢ ᠡᠮᠦᠨ᠎ᠡ ᠡᠴᠡ ᠶᠣᠬᠣᠸᠠ ᠶᠢᠨ ᠬᠥᠭᠡᠭᠡᠨ ᠭᠠᠷᠭᠠᠭᠰᠠᠨ ᠦᠨᠳᠦᠰᠦᠲᠡᠨ ᠨᠦᠭᠦᠳ ᠦᠨ ᠠᠳᠠᠯᠢ ᠪᠦᠬᠦ ᠮᠥᠷᠭᠥᠯ ᠦᠨ ᠮᠠᠨᠳᠠᠯ ᠳᠡᠭᠡᠷ᠎ᠡ ᠤᠲᠤᠯᠭ᠎ᠠ ᠤᠭᠤᠭᠢᠭᠤᠯᠤᠭᠰᠠᠨ ᠠᠵᠢ᠃ ᠡᠢᠨ ᠬᠦ ᠲᠡᠳᠡ ᠶᠣᠬᠣᠸᠠ ᠶᠢ ᠬᠢᠯᠢᠩᠨᠡᠭᠦᠯᠬᠦ ᠪᠤᠵᠠᠷ ᠮᠠᠭᠤ ᠶᠢ ᠦᠢᠯᠡᠳᠴᠦ 12 ᠰᠢᠲᠦᠭᠡᠨ ᠨᠦᠭᠦᠳ ᠲᠦ ᠮᠥᠷᠭᠥᠵᠡᠢ᠃ ᠡᠨᠡ ᠲᠠᠯ᠎ᠠ ᠪᠠᠷ ᠶᠣᠬᠣᠸᠠ᠄ 《ᠲᠡᠭᠦᠨ ᠢ ᠦᠢᠯᠡᠳᠴᠦ ᠪᠣᠯᠬᠤ ᠦᠭᠡᠢ》 ᠭᠡᠵᠦ ᠠᠢᠯᠠᠳᠤᠭᠰᠠᠨ ᠪᠢᠯᠡ᠃ 13 ᠶᠣᠬᠣᠸᠠ ᠥᠪᠡᠷ ᠦᠨ ᠪᠦᠬᠦ ᠡᠰᠢ ᠦᠵᠡᠭᠦᠯᠦᠭᠴᠢ ᠪᠣᠯᠣᠨ ᠪᠣᠱᠣᠭᠴᠢ ᠪᠠᠷ ᠳᠠᠮᠵᠢᠭᠤᠯᠤᠨ ᠢᠰᠷᠧᠯ ᠪᠠ ᠶᠦᠳᠠ ᠳᠤ ᠠᠩ᠋ᠬᠠᠷᠤᠭᠤᠯᠵᠤ᠄ 《ᠲᠠ ᠨᠠᠷ ᠪᠤᠵᠠᠷ ᠮᠠᠭᠤ ᠵᠠᠮ ᠠᠴᠠ ᠪᠠᠨ ᠡᠷᠭᠢᠵᠡᠭᠡ᠂ ᠡᠴᠢᠭᠡ ᠡᠪᠦᠭᠡᠳ ᠲᠦ ᠴᠢᠨᠢ ᠥᠭᠭᠥᠭᠰᠡᠨ ᠮᠢᠨᠦ ᠲᠤᠰᠢᠶᠠᠯ᠂ ᠮᠢᠨᠦ ᠵᠠᠷᠤᠴᠠ ᠡᠰᠢ ᠦᠵᠡᠭᠦᠯᠦᠭᠴᠢᠳ ᠤᠨ ᠲᠠ ᠨᠠᠷ ᠲᠤ ᠳᠠᠮᠵᠢᠭᠤᠯᠤᠭᠰᠠᠨ ᠠᠯᠢᠪᠠ ᠵᠢᠭᠠᠪᠤᠷᠢ ᠶᠢᠨ ᠳᠠᠭᠠᠤ ᠮᠢᠨᠦ ᠲᠤᠰᠢᠶᠠᠯ᠂ ᠮᠢᠨᠦ ᠲᠣᠭᠲᠠᠭᠠᠯ ᠤᠳ ᠢ ᠰᠠᠬᠢᠭᠲᠤᠨ》 ᠭᠡᠵᠦ ᠠᠢᠯᠠᠳᠳᠠᠭ ᠪᠠᠢᠭᠰᠠᠨ ᠪᠣᠯᠪᠠᠴᠤ 14 ᠲᠡᠳᠡ ᠰᠣᠨᠣᠰᠣᠭᠰᠠᠨ ᠦᠭᠡᠢ᠂ ᠶᠣᠬᠣᠸᠠ ᠪᠤᠷᠬᠠᠨ ᠳᠠᠭᠠᠨ ᠢᠲᠡᠭᠡᠭᠰᠡᠨ ᠦᠭᠡᠢ ᠡᠴᠢᠭᠡ ᠡᠪᠦᠭᠡᠳ ᠲᠡᠢ ᠪᠡᠨ ᠠᠳᠠᠯᠢ ᠪᠠᠷ ᠰᠢᠯᠢ ᠪᠠᠨ ᠲᠠᠲᠠᠭᠰᠠᠨ ᠪᠢᠯᠡ᠃ 15 ᠲᠡᠳᠡ ᠶᠣᠬᠣᠸᠠ ᠶᠢᠨ ᠲᠣᠭᠲᠠᠭᠠᠯ ᠤᠳ᠂ ᠡᠴᠢᠭᠡ ᠡᠪᠦᠭᠡᠳ ᠲᠡᠢ ᠨᠢ ᠲᠡᠭᠦᠨ ᠦ ᠪᠠᠢᠭᠤᠯᠤᠭᠰᠠᠨ ᠭᠡᠷ᠎ᠡ ᠪᠣᠯᠣᠨ ᠲᠡᠳᠡᠨ ᠳᠦ ᠠᠩ᠋ᠬᠠᠷᠤᠭᠤᠯᠤᠭᠰᠠᠨ ᠦᠭᠡᠰ ᠢ ᠣᠭᠣᠷᠴᠤ᠂ ᠳᠡᠮᠡᠢ ᠬᠣᠭᠣᠰᠣᠨ ᠰᠢᠲᠦᠭᠡᠨ ᠨᠦᠭᠦᠳ ᠢ ᠳᠠᠭᠠᠵᠤ᠂ ᠥᠪᠡᠷᠰᠡᠳ ᠢᠶᠡᠨ ᠳᠡᠮᠡᠢ ᠬᠣᠭᠣᠰᠣᠨ ᠪᠣᠯᠣᠭᠠᠳ ᠡᠷᠭᠢᠨ ᠲᠣᠭᠣᠷᠢᠨ ᠤ ᠪᠠᠨ ᠬᠠᠷᠢ ᠦᠨᠳᠦᠰᠦᠲᠡᠨ ᠨᠦᠭᠦᠳ ᠢ ᠳᠠᠭᠠᠵᠤ᠂ ᠶᠣᠬᠣᠸᠠ ᠶᠢᠨ ᠤᠷᠢᠳᠤ ᠨᠢ 〈ᠲᠡᠳᠡᠨ ᠢ ᠪᠦᠦ ᠳᠠᠭᠤᠷᠢᠶᠠ〉 ᠭᠡᠵᠦ ᠲᠤᠰᠢᠶᠠᠭᠰᠠᠨ ᠤ ᠳᠠᠭᠠᠤ ᠦᠢᠯᠡᠳᠦᠭᠡ ᠦᠭᠡᠢ᠃ 16 ᠲᠡᠳᠡ ᠶᠣᠬᠣᠸᠠ ᠪᠤᠷᠬᠠᠨ ᠤ ᠪᠠᠨ ᠪᠦᠬᠦ ᠲᠤᠰᠢᠶᠠᠯ ᠢ ᠣᠷᠬᠢᠨ ᠥᠪᠡᠷᠰᠡᠳ ᠲᠡᠭᠡᠨ ᠵᠣᠷᠢᠭᠤᠯᠤᠨ ᠲᠤᠭᠤᠯ ᠤᠨ ᠲᠥᠷᠬᠥ ᠲᠠᠢ ᠬᠣᠶᠠᠷ ᠴᠢᠳᠬᠤᠮᠠᠯ ᠰᠢᠲᠦᠭᠡᠨ᠂ ᠮᠥᠨ ᠠᠱᠧᠷᠠ ᠶᠢᠨ ᠱᠣᠩ ᠢ ᠪᠦᠲᠦᠭᠡᠵᠦ᠂ ᠲᠩᠷᠢ ᠶᠢᠨ ᠠᠯᠢᠪᠠ ᠡᠷᠬᠡᠰ ᠲᠦ ᠮᠥᠷᠭᠥᠵᠦ᠂ ᠪᠠᠯ ᠳᠤ ᠦᠢᠯᠡᠴᠢᠯᠡᠪᠡ᠂ 17 ᠲᠡᠳᠡ ᠥᠪᠡᠷᠰᠡᠳ ᠦᠨ ᠢᠶᠠᠨ ᠬᠥᠪᠡᠭᠦᠳ ᠥᠬᠢᠳ ᠢ ᠭᠠᠯ ᠳᠤᠮᠳᠠᠭᠤᠷ ᠥᠩᠭᠡᠷᠡᠭᠦᠯᠦᠭᠰᠡᠨ ᠪᠥᠭᠡᠳ ᠮᠡᠷᠭᠡ ᠲᠥᠯᠭᠡ᠂ ᠷᠢᠳᠢ ᠰᠢᠳᠢ ᠦᠢᠯᠡᠳᠴᠦ᠂ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠬᠦ ᠳᠦ ᠥᠪᠡᠷ ᠢ ᠪᠠᠨ ᠬᠤᠳᠠᠯᠳᠤᠨ ᠲᠡᠭᠦᠨ ᠢ ᠬᠢᠯᠢᠩᠨᠡᠭᠦᠯᠵᠡᠢ᠃ 18 ᠶᠣᠬᠣᠸᠠ ᠢᠰᠷᠧᠯ ᠳᠤ ᠮᠠᠰᠢ ᠶᠡᠬᠡ ᠠᠭᠤᠷᠯᠠᠨ᠂ ᠲᠡᠳᠡᠨ ᠢ ᠥᠪᠡᠷ ᠦᠨ ᠢᠶᠠᠨ ᠮᠡᠯᠮᠡᠢ ᠶᠢᠨ ᠡᠮᠦᠨ᠎ᠡ ᠡᠴᠡ ᠵᠠᠢᠯᠠᠭᠤᠯᠤᠭᠰᠠᠨ ᠳᠤ᠂ ᠶᠦᠳᠠ ᠣᠪᠣᠭ ᠯᠠ ᠦᠯᠡᠳᠡᠵᠡᠢ᠃

19 ᠶᠦᠳᠠ ᠴᠤ ᠥᠪᠡᠷᠰᠡᠳ ᠦᠨ ᠶᠣᠬᠣᠸᠠ ᠪᠤᠷᠬᠠᠨ ᠤ ᠲᠤᠰᠢᠶᠠᠯ ᠤᠳ ᠢ ᠰᠠᠬᠢᠯ ᠦᠭᠡᠢ᠂ ᠬᠠᠷᠢᠨ ᠢᠰᠷᠧᠯᠴᠦᠳ ᠦᠨ ᠵᠣᠬᠢᠶᠠᠭᠰᠠᠨ ᠶᠣᠰᠣ ᠵᠢᠷᠤᠮ ᠢ ᠳᠠᠭᠠᠭᠰᠠᠨ ᠪᠣᠯᠬᠣᠷ 20 ᠶᠣᠬᠣᠸᠠ ᠢᠰᠷᠧᠯ ᠤᠨ ᠪᠦᠬᠦ ᠦᠷ᠎ᠡ ᠤᠳᠤᠮ ᠢ ᠣᠭᠣᠷᠴᠤ᠂ ᠵᠣᠪᠠᠯᠠᠩ ᠳᠤ ᠣᠷᠣᠭᠤᠯᠤᠨ ᠲᠡᠳᠡᠨ ᠢ ᠳᠡᠭᠡᠷᠡᠮᠴᠢᠳ ᠤᠨ ᠭᠠᠷ ᠲᠤ ᠲᠤᠰᠢᠶᠠᠵᠤ ᠬᠣᠵᠢᠮ ᠨᠢ ᠥᠪᠡᠷ ᠦᠨ ᠢᠶᠠᠨ ᠣᠷᠣᠰᠢᠬᠤᠢ ᠠᠴᠠ ᠬᠥᠭᠡᠭᠡᠭᠰᠡᠨ ᠶᠤᠮ᠃

21 ᠶᠣᠬᠣᠸᠠ ᠢᠰᠷᠧᠯ ᠢ ᠳ᠋ᠠᠸᠢᠳ᠋ ᠤᠨ ᠭᠡᠷ ᠡᠴᠡ ᠲᠠᠰᠤᠯᠬᠤ ᠳᠤ᠂ ᠲᠡᠳᠡ ᠨᠧᠪᠠᠲ ᠤᠨ ᠬᠦᠦ ᠶᠧᠷᠣᠪᠣᠶᠠᠮ ᠢ ᠬᠠᠭᠠᠨ ᠢᠶᠠᠷ ᠡᠷᠭᠦᠮᠵᠢᠯᠡᠭᠰᠡᠨ ᠪᠢᠯᠡ᠃ ᠬᠠᠷᠢᠨ ᠶᠧᠷᠣᠪᠣᠶᠠᠮ ᠢᠰᠷᠧᠯ ᠢ ᠶᠣᠬᠣᠸᠠ ᠶᠢ ᠳᠠᠭᠠᠬᠤ ᠠᠴᠠ ᠬᠣᠯᠠᠳᠠᠭᠤᠯᠵᠤ᠂ ᠶᠡᠬᠡ ᠨᠢᠭᠦᠯ ᠦᠢᠯᠡᠳᠦᠭᠦᠯᠪᠡ᠃ 22 ᠢᠰᠷᠧᠯᠴᠦᠳ ᠶᠧᠷᠣᠪᠣᠶᠠᠮ ᠤᠨ ᠦᠢᠯᠡᠳᠦᠭᠰᠡᠨ ᠪᠦᠬᠦ ᠨᠢᠭᠦᠯ ᠳᠦ ᠣᠷᠣᠯᠴᠠᠵᠤ᠂ ᠲᠡᠳᠡᠭᠡᠷ ᠡᠴᠡ ᠰᠠᠯᠬᠤ ᠦᠭᠡᠢ ᠪᠠᠢᠭᠰᠠᠨ ᠳᠤ᠂ 23 ᠬᠣᠵᠢᠮ ᠨᠢ ᠶᠣᠬᠣᠸᠠ ᠢᠰᠷᠧᠯ ᠢ ᠥᠪᠡᠷ ᠦᠨ ᠢᠶᠠᠨ ᠮᠡᠯᠮᠡᠢ ᠶᠢᠨ ᠡᠮᠦᠨ᠎ᠡ ᠡᠴᠡ ᠬᠥᠭᠡᠭᠡᠭᠰᠡᠨ ᠢᠶᠡᠷ ᠡᠨᠡ ᠨᠢ ᠶᠣᠬᠣᠸᠠ ᠥᠪᠡᠷ ᠦᠨ ᠪᠦᠬᠦ ᠵᠠᠷᠤᠴᠠ ᠡᠰᠢ ᠦᠵᠡᠭᠦᠯᠦᠭᠴᠢ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠪᠣᠯᠵᠠᠢ᠃ ᠲᠡᠢᠨ ᠬᠦ ᠢᠰᠷᠧᠯ ᠡᠬᠡ ᠨᠤᠲᠤᠭ ᠠᠴᠠ ᠪᠠᠨ ᠠᠰᠢᠷᠢᠶ᠎ᠠ ᠤᠷᠤᠭᠤ ᠴᠥᠯᠡᠭᠳᠡᠭᠡᠳ ᠥᠨᠥᠳᠥᠷ ᠬᠦᠷᠲᠡᠯ᠎ᠡ ᠲᠡᠨᠳᠡ ᠪᠠᠢᠭ᠎ᠠ ᠶᠤᠮ᠃
 ᠬᠠᠷᠢᠴᠤᠳ ᠰᠠᠮᠠᠷᠢᠶ᠎ᠠ ᠳᠤ ᠰᠠᠭᠤᠷᠢᠰᠢᠪᠠ

24 ᠠᠰᠢᠷᠢᠶ᠎ᠠ ᠶᠢᠨ ᠬᠠᠭᠠᠨ ᠨᠢ ᠪᠠᠪᠢᠯᠣᠨ᠂ ᠺᠦᠲ᠋ᠠ᠂ ᠠᠸᠠ᠂ ᠬᠠᠮᠠᠲ ᠪᠣᠯᠣᠨ ᠰᠧᠹᠠᠷ ᠸᠠᠢᠮ ᠠᠴᠠ ᠬᠥᠮᠦᠨ ᠠᠪᠴᠢᠷᠠᠵᠤ᠂ ᠰᠠᠮᠠᠷᠢᠶ᠎ᠠ ᠶᠢᠨ ᠬᠣᠲᠠ ᠨᠤᠭᠤᠳ ᠲᠤ ᠢᠰᠷᠧᠯᠴᠦᠳ ᠦᠨ ᠣᠷᠣᠨ ᠳᠤ ᠰᠠᠭᠤᠷᠢᠰᠢᠭᠤᠯᠤᠭᠰᠠᠨ ᠳᠤ᠂ ᠲᠡᠳᠡ ᠰᠠᠮᠠᠷᠢᠶ᠎ᠠ ᠶᠢ ᠡᠵᠡᠮᠰᠢᠨ᠂ ᠬᠣᠲᠠ ᠨᠤᠭᠤᠳ ᠲᠤᠨᠢ ᠰᠠᠭᠤᠪᠠ᠃ 25 ᠲᠡᠳᠡ ᠲᠡᠨᠳᠡ ᠰᠠᠭᠤᠭᠰᠠᠨ ᠡᠬᠢᠨ ᠤ ᠦᠶ᠎ᠡ ᠳᠦ᠂ ᠶᠣᠬᠣᠸᠠ ᠠᠴᠠ ᠡᠮᠢᠶᠡᠳᠡᠭ ᠦᠭᠡᠢ ᠪᠠᠢᠪᠠ᠃ ᠲᠡᠢᠮᠦ ᠡᠴᠡ ᠶᠣᠬᠣᠸᠠ ᠲᠡᠳᠡᠨ ᠦ ᠳᠤᠮᠳᠠ ᠠᠷᠰᠯᠠᠨ ᠨᠤᠭᠤᠳ ᠢ ᠢᠯᠡᠭᠡᠭᠰᠡᠨ ᠳᠦ᠂ ᠲᠡᠳᠡᠨ ᠦ ᠵᠠᠷᠢᠮ ᠨᠢ ᠠᠷᠰᠯᠠᠨ ᠳᠤ ᠪᠠᠷᠢᠭᠳᠠᠵᠤ ᠪᠠᠢᠯ᠎ᠠ᠃ 26 ᠬᠥᠮᠦᠰ ᠠᠰᠢᠷᠢᠶ᠎ᠠ ᠶᠢᠨ ᠬᠠᠭᠠᠨ ᠳᠤ᠄ 《ᠰᠠᠮᠠᠷᠢᠶ᠎ᠠ ᠶᠢᠨ ᠬᠣᠲᠠ ᠨᠤᠭᠤᠳ ᠤᠷᠤᠭᠤ ᠲᠠᠨ ᠤ ᠨᠡᠭᠦᠯᠭᠡᠭᠰᠡᠨ ᠦᠨᠳᠦᠰᠦᠲᠡᠨ ᠨᠦᠭᠦᠳ ᠲᠡᠷᠡ ᠨᠤᠲᠤᠭ ᠤᠨ ᠪᠤᠷᠬᠠᠨ ᠤ ᠶᠣᠰᠣ ᠵᠢᠷᠤᠮ ᠢ ᠮᠡᠳᠡᠳᠡᠭ ᠦᠭᠡᠢ᠃ ᠲᠡᠳᠡ ᠲᠡᠷᠡ ᠨᠤᠲᠤᠭ ᠤᠨ ᠪᠤᠷᠬᠠᠨ ᠤ ᠶᠣᠰᠣ ᠵᠢᠷᠤᠮ ᠢ ᠮᠡᠳᠡᠬᠦ ᠦᠭᠡᠢ ᠪᠣᠯᠬᠣᠷ ᠲᠡᠷᠡ ᠪᠤᠷᠬᠠᠨ ᠲᠡᠳᠡᠨ ᠦ ᠳᠤᠮᠳᠠ ᠠᠷᠰᠯᠠᠨ ᠨᠤᠭᠤᠳ ᠢ ᠢᠯᠡᠭᠡᠵᠦ᠂ ᠠᠷᠰᠯᠠᠨ ᠨᠤᠭᠤᠳ ᠲᠡᠳᠡᠨ ᠢ ᠪᠠᠷᠢᠵᠤ ᠪᠠᠢᠨ᠎ᠠ ᠰᠢᠦ︕》 ᠭᠡᠵᠦ ᠠᠢᠯᠠᠳᠬᠠᠭᠰᠠᠨ ᠳᠤ᠂ 27 ᠠᠰᠢᠷᠢᠶ᠎ᠠ ᠶᠢᠨ ᠬᠠᠭᠠᠨ᠄ 《ᠲᠡᠨᠳᠡ ᠡᠴᠡ ᠠᠪᠴᠢᠷᠠᠭᠰᠠᠨ ᠲᠠᠬᠢᠯᠴᠢᠳ ᠤᠨ ᠨᠢᠭᠡ ᠶᠢ ᠲᠡᠰᠢ ᠶᠠᠪᠤᠭᠤᠯᠤᠭᠲᠤᠨ᠃ ᠲᠡᠷᠡ ᠶᠠᠪᠤᠭᠠᠳ ᠲᠡᠨᠳᠡ ᠰᠠᠭᠤᠵᠤ᠂ ᠲᠡᠷᠡ ᠨᠤᠲᠤᠭ ᠤᠨ ᠪᠤᠷᠬᠠᠨ ᠤ ᠶᠣᠰᠣ ᠵᠢᠷᠤᠮ ᠢ ᠲᠡᠳᠡᠨ ᠳᠦ ᠰᠤᠷᠭᠠᠭ》 ᠭᠡᠵᠦ ᠲᠤᠰᠢᠶᠠᠪᠠ᠃ 28 ᠢᠩᠭᠢᠭᠡᠳ ᠰᠠᠮᠠᠷᠢᠶ᠎ᠠ ᠠᠴᠠ ᠴᠥᠯᠡᠭᠳᠡᠭᠰᠡᠨ ᠲᠠᠬᠢᠯᠴᠢᠳ ᠤᠨ ᠨᠢᠭᠡ ᠨᠢ ᠶᠠᠪᠤᠭᠠᠳ ᠪᠧᠲ᠋ᠧᠯ ᠳᠤ ᠰᠠᠭᠤᠵᠤ᠂ ᠶᠣᠬᠣᠸᠠ ᠠᠴᠠ ᠬᠡᠷᠬᠢᠨ ᠡᠮᠢᠶᠡᠬᠦ ᠶᠣᠰᠣᠲᠠᠢ ᠶᠢ ᠲᠡᠳᠡᠨ ᠳᠦ ᠰᠤᠷᠭᠠᠪᠠ᠃

29 ᠭᠡᠪᠡᠴᠦ ᠦᠨᠳᠦᠰᠦᠲᠡᠨ ᠪᠦᠷᠢ ᠥᠪᠡᠷᠰᠡᠳ ᠦᠨ ᠢᠶᠠᠨ ᠪᠤᠷᠬᠠᠳ ᠢ ᠪᠦᠲᠦᠭᠡᠭᠰᠡᠭᠡᠷ ᠪᠠᠢᠵᠤ᠂ ᠲᠡᠳᠡᠨ ᠢ ᠪᠠᠨ ᠰᠠᠮᠠᠷᠢᠶᠠᠴᠤᠳ ᠤᠨ ᠪᠣᠰᠬᠠᠭᠰᠠᠨ ᠮᠥᠷᠭᠥᠯ ᠦᠨ ᠮᠠᠨᠳᠠᠯ ᠳᠡᠭᠡᠷᠡᠬᠢ ᠳᠤᠭᠠᠩ ᠳᠠᠭᠠᠨ ᠲᠠᠯᠪᠢᠳᠠᠭ ᠪᠠᠢᠯ᠎ᠠ᠃ ᠦᠨᠳᠦᠰᠦᠲᠡᠨ ᠪᠦᠷᠢ ᠥᠪᠡᠷ ᠦᠨ ᠢᠶᠠᠨ ᠰᠠᠭᠤᠳᠠᠭ ᠬᠣᠲᠠ ᠳᠠᠭᠠᠨ ᠲᠡᠢᠨ ᠬᠦ ᠦᠢᠯᠡᠳᠴᠡᠢ᠃ 30 ᠪᠠᠪᠢᠯᠣᠨᠴᠤᠳ ᠨᠢ ᠰᠦᠺᠣᠲ ᠪᠧᠨᠣᠲ ᠢ᠂ ᠺᠦᠲ᠋ᠴᠦᠳ ᠨᠢ ᠨᠧᠷᠭᠠᠯ ᠢ᠂ ᠬᠠᠮᠠᠲ᠋ᠴᠤᠳ ᠨᠢ ᠠᠱᠢᠮᠠ ᠶᠢ᠂ 31 ᠠᠸᠢᠴᠤᠳ ᠨᠢ ᠨᠢᠪᠬᠠᠽ ᠪᠠ ᠲᠠᠷᠲ᠋ᠠᠺ ᠢ ᠪᠦᠲᠦᠭᠡᠭᠰᠡᠨ ᠪᠥᠭᠡᠳ ᠰᠧᠹᠠᠷ ᠸᠠᠢᠮᠴᠤᠳ ᠨᠢ ᠬᠡᠦᠬᠡᠳ ᠤᠳ ᠢᠶᠠᠨ ᠥᠪᠡᠷᠰᠡᠳ ᠦᠨ ᠪᠤᠷᠬᠠᠳ ᠪᠣᠯᠬᠤ ᠠᠳ᠋ᠷᠠᠮᠧᠯᠧᠺ᠂ ᠠᠨᠠᠮᠧᠯᠧᠺ ᠨᠠᠷ ᠲᠤ ᠡᠷᠭᠦᠬᠦ ᠲᠠᠬᠢᠯ ᠪᠣᠯᠭᠠᠨ ᠭᠠᠯ ᠳᠤ ᠰᠢᠲᠠᠭᠠᠵᠤ ᠪᠠᠢᠪᠠ᠃ 32 ᠲᠡᠳᠡ ᠶᠣᠬᠣᠸᠠ ᠠᠴᠠ ᠴᠤ ᠡᠮᠢᠶᠡᠵᠦ ᠪᠠᠢᠯ᠎ᠠ᠂ ᠲᠡᠳᠡ ᠥᠪᠡᠷᠰᠡᠳ ᠦᠨ ᠢᠶᠠᠨ ᠳᠤᠮᠳᠠ ᠠᠴᠠ ᠣᠯᠠᠨ ᠲᠥᠷᠥᠯ ᠦᠨ ᠬᠥᠮᠦᠨ ᠢ ᠮᠥᠷᠭᠥᠯ ᠦᠨ ᠮᠠᠨᠳᠠᠯ ᠤᠨ ᠲᠠᠬᠢᠯᠴᠢ ᠪᠠᠷ ᠲᠣᠮᠢᠯᠠᠭᠠᠳ ᠮᠥᠷᠭᠥᠯ ᠦᠨ ᠮᠠᠨᠳᠠᠯ ᠳᠠᠬᠢ ᠳᠤᠭᠠᠩ ᠳᠤ ᠥᠪᠡᠷᠰᠡᠳ ᠦᠨ ᠢᠶᠠᠨ ᠲᠥᠯᠥᠭᠡ ᠦᠢᠯᠡᠴᠢᠯᠡᠭᠦᠯᠵᠦ ᠪᠠᠢᠪᠠ᠃ 33 ᠡᠢᠨ ᠬᠦ ᠲᠡᠳᠡ ᠶᠣᠬᠣᠸᠠ ᠠᠴᠠ ᠡᠮᠢᠶᠡᠬᠦ ᠶᠢᠨ ᠬᠠᠵᠠᠭᠤ ᠪᠠᠷ ᠨᠡᠭᠦᠵᠦ ᠢᠷᠡᠬᠦ ᠶᠢᠨ ᠢᠶᠠᠨ ᠡᠮᠦᠨᠡᠬᠢ ᠣᠷᠣᠨ ᠤ ᠪᠠᠨ ᠶᠣᠰᠣ ᠵᠢᠷᠤᠮ ᠢ ᠳᠠᠭᠠᠨ ᠥᠪᠡᠷᠰᠡᠳ ᠦᠨ ᠪᠤᠷᠬᠠᠳ ᠲᠤ ᠴᠤ ᠦᠢᠯᠡᠴᠢᠯᠡᠵᠦ ᠪᠠᠢᠪᠠ᠃ 34 ᠥᠨᠥᠳᠥᠷ ᠬᠦᠷᠲᠡᠯ᠎ᠡ ᠲᠡᠳᠡ ᠤᠷᠢᠳᠤ ᠶᠢᠨ ᠢᠶᠠᠨ ᠶᠣᠰᠣ ᠵᠢᠷᠤᠮ ᠢ ᠳᠠᠭᠠᠭᠰᠠᠭᠠᠷ ᠶᠣᠬᠣᠸᠠ ᠠᠴᠠ ᠦᠯᠦ ᠡᠮᠢᠶᠡᠨ᠂ ᠶᠣᠬᠣᠸᠠ ᠶᠢᠨ 《ᠢᠰᠷᠧᠯ》 ᠭᠡᠵᠦ ᠨᠡᠷᠡᠯᠡᠭᠰᠡᠨ ᠶᠠᠺᠣᠪ ᠤᠨ ᠦᠷ᠎ᠡ ᠤᠳᠤᠮ ᠳᠤ ᠲᠤᠰᠢᠶᠠᠭᠰᠠᠨ ᠲᠣᠭᠲᠠᠭᠠᠯ᠂ ᠵᠠᠷᠴᠢᠮ᠂ ᠰᠤᠷᠭᠠᠯ ᠪᠣᠯᠣᠨ ᠵᠢᠭᠠᠪᠤᠷᠢ ᠨᠤᠭᠤᠳ ᠢ ᠦᠯᠦ ᠳᠠᠭᠠᠵᠤ ᠪᠠᠢᠨ᠎ᠠ᠃ 35 ᠶᠣᠬᠣᠸᠠ ᠢᠰᠷᠧᠯᠴᠦᠳ ᠲᠡᠢ ᠭᠡᠷ᠎ᠡ ᠪᠠᠢᠭᠤᠯᠬᠤ ᠳᠠᠭᠠᠨ ᠲᠡᠳᠡᠨ ᠳᠦ ᠲᠤᠰᠢᠶᠠᠨ᠄ 《ᠥᠭᠡᠷ᠎ᠡ ᠪᠤᠷᠬᠠᠳ ᠠᠴᠠ ᠪᠦᠦ ᠡᠮᠢᠶᠡ᠂ ᠲᠡᠳᠡᠨ ᠳᠦ ᠪᠦᠦ ᠪᠥᠬᠥᠢ᠂ ᠲᠡᠳᠡᠨ ᠳᠦ ᠪᠦᠦ ᠦᠢᠯᠡᠴᠢᠯᠡ᠂ ᠪᠦᠦ ᠲᠠᠬᠢᠯ ᠡᠷᠭᠦ᠂ 36 ᠬᠠᠷᠢᠨ ᠠᠭᠤᠤ ᠶᠡᠬᠡ ᠬᠦᠴᠦᠲᠦ ᠮᠤᠲᠤᠷ ᠢᠶᠠᠨ ᠰᠤᠩ᠋ᠭᠠᠨ ᠲᠠ ᠨᠠᠷ ᠢ ᠶᠧᠵᠢᠫᠲ ᠡᠴᠡ ᠠᠪᠴᠢᠷᠠᠭᠰᠠᠨ ᠶᠣᠬᠣᠸᠠ ᠠᠴᠠ ᠯᠠ ᠡᠮᠢᠶᠡᠵᠦ᠂ ᠲᠡᠭᠦᠨ ᠳᠦ ᠯᠠ ᠮᠡᠬᠦᠢᠨ᠂ ᠲᠡᠭᠦᠨ ᠳᠦ ᠯᠠ ᠲᠠᠬᠢᠯ ᠡᠷᠭᠦ᠂ 37 ᠲᠠ ᠨᠠᠷ ᠲᠤ ᠵᠣᠷᠢᠭᠤᠯᠤᠨ ᠲᠡᠭᠦᠨ ᠦ ᠪᠢᠴᠢᠭᠰᠡᠨ ᠲᠣᠭᠲᠠᠭᠠᠯ᠂ ᠵᠠᠷᠴᠢᠮ᠂ ᠰᠤᠷᠭᠠᠯ ᠪᠣᠯᠣᠨ ᠵᠢᠭᠠᠪᠤᠷᠢ ᠨᠤᠭᠤᠳ ᠢ ᠦᠷᠭᠦᠯᠵᠢ ᠬᠢᠴᠢᠶᠡᠩᠭᠦᠢᠯᠡᠨ ᠪᠡᠶᠡᠯᠡᠭᠦᠯ᠃ ᠥᠭᠡᠷ᠎ᠡ ᠪᠤᠷᠬᠠᠳ ᠠᠴᠠ ᠪᠦᠦ ᠡᠮᠢᠶᠡ᠃ 38 ᠮᠢᠨᠦ ᠲᠠ ᠨᠠᠷ ᠲᠠᠢ ᠪᠠᠢᠭᠤᠯᠤᠭᠰᠠᠨ ᠭᠡᠷ᠎ᠡ ᠶᠢ ᠲᠠ ᠨᠠᠷ ᠪᠦᠦ ᠮᠠᠷᠲᠠ᠂ ᠥᠭᠡᠷ᠎ᠡ ᠪᠤᠷᠬᠠᠳ ᠠᠴᠠ ᠪᠦᠦ ᠡᠮᠢᠶᠡ᠃ 39 ᠭᠠᠭᠴᠠ ᠬᠦ ᠶᠣᠬᠣᠸᠠ ᠪᠤᠷᠬᠠᠨ ᠠᠴᠠ ᠪᠠᠨ ᠡᠮᠢᠶᠡ᠃ ᠲᠠ ᠨᠠᠷ ᠢ ᠠᠯᠢᠪᠠ ᠳᠠᠢᠰᠤᠨ ᠤ ᠴᠢᠨᠢ ᠭᠠᠷ ᠠᠴᠠ ᠴᠢᠯᠥᠭᠡᠯᠡᠭᠴᠢ ᠨᠢ ᠲᠡᠷᠡ ᠪᠢᠯᠡ》 ᠭᠡᠵᠦ ᠠᠢᠯᠠᠳᠤᠭᠰᠠᠨ ᠶᠤᠮ᠃ 40 ᠭᠡᠪᠡᠴᠦ ᠲᠡᠳᠡ ᠰᠣᠨᠣᠰᠣᠭᠰᠠᠨ ᠦᠭᠡᠢ᠂ ᠬᠠᠷᠢᠨ ᠡᠷᠲᠡᠨ ᠦ ᠶᠣᠰᠣ ᠵᠢᠷᠤᠮ ᠢᠶᠠᠨ ᠯᠠ ᠳᠠᠭᠠᠭᠰᠠᠭᠠᠷ ᠪᠠᠢᠵᠠᠢ᠃

41 ᠲᠡᠢᠨ ᠬᠦ ᠲᠡᠳᠡᠭᠡᠷ ᠦᠨᠳᠦᠰᠦᠲᠡᠨ ᠶᠣᠬᠣᠸᠠ ᠠᠴᠠ ᠡᠮᠢᠶᠡᠬᠦ ᠶᠢᠨ ᠬᠠᠵᠠᠭᠤ ᠪᠠᠷ ᠥᠪᠡᠷᠰᠡᠳ ᠦᠨ ᠢᠶᠠᠨ ᠰᠡᠢᠯᠦᠮᠡᠯ ᠰᠢᠲᠦᠭᠡᠨ ᠨᠦᠭᠦᠳ ᠲᠦ ᠮᠥᠨ ᠦᠢᠯᠡᠴᠢᠯᠡᠪᠡ᠃ ᠲᠡᠳᠡᠨ ᠦ ᠦᠷ᠎ᠡ ᠬᠡᠦᠬᠡᠳ᠂ ᠠᠴᠢ ᠭᠤᠴᠢ ᠨᠠᠷ ᠮᠥᠨ ᠡᠴᠢᠭᠡ ᠡᠪᠦᠭᠡᠳ ᠦᠨ ᠢᠶᠠᠨ ᠦᠢᠯᠡᠳᠦᠭᠰᠡᠨ ᠶᠣᠰᠣᠭᠠᠷ ᠦᠢᠯᠡᠳᠴᠦ ᠥᠨᠥᠳᠥᠷ ᠬᠦᠷᠦᠯ᠎ᠡ᠃