1 2 3 4 5 6 7 8 9 10 11 12 13 14 15 16 17 18 19 20 21 22 23 24 25


ᠬᠠᠭᠠᠳ ᠤᠨ ᠳᠡᠳ᠋ ᠶᠢᠰᠦ
 ᠢᠰᠷᠧᠯ ᠤᠨ ᠬᠠᠭᠠᠨ ᠪᠣᠯᠬᠤ ᠪᠠᠷ ᠲᠣᠰᠣᠯᠠᠭᠳᠠᠭᠰᠠᠨ ᠶᠧᠾᠦ᠋

1 ᠡᠰᠢ ᠦᠵᠡᠭᠦᠯᠦᠭᠴᠢ ᠡᠯᠢᠱᠠ ᠡᠰᠢ ᠦᠵᠡᠭᠦᠯᠦᠭᠴᠢ ᠱᠠᠪᠢ ᠨᠠᠷ ᠤᠨ ᠨᠢᠭᠡ ᠶᠢ ᠳᠠᠭᠤᠳᠠᠭᠠᠳ᠂ ᠲᠡᠭᠦᠨ ᠳᠦ᠄ 《ᠬᠣᠷᠮᠣᠢ ᠪᠠᠨ ᠰᠢᠭᠤᠨ ᠪᠦᠰᠡᠯᠡᠵᠦ᠂ ᠭᠠᠷ ᠲᠠᠭᠠᠨ ᠡᠨᠡ ᠰᠠᠪᠠ ᠲᠠᠢ ᠲᠣᠰᠣ ᠶᠢ ᠪᠠᠷᠢᠨ ᠷᠠᠮᠣᠲ ᠭᠢᠯᠧᠶᠠᠳ᠋ ᠤᠷᠤᠭᠤ ᠶᠠᠪᠤ᠃ 2 ᠴᠢ ᠲᠡᠨᠳᠡ ᠬᠦᠷᠦᠭᠡᠳ ᠨᠢᠮᠱᠢ ᠶᠢᠨ ᠠᠴᠢ᠂ ᠶᠧᠬᠣᠱᠠᠹᠠᠲ ᠤᠨ ᠬᠦᠦ ᠶᠧᠾᠦ᠋ ᠶᠢ ᠬᠠᠢᠵᠤ ᠣᠴᠢ᠃ ᠲᠡᠭᠦᠨ ᠢ ᠠᠬ᠎ᠠ ᠳᠡᠭᠦᠦᠰ ᠦᠨ ᠬᠢᠨᠢ ᠳᠤᠮᠳᠠ ᠠᠴᠠ ᠭᠠᠷᠭᠠᠵᠤ᠂ ᠳᠣᠲᠣᠭᠠᠳᠤ ᠥᠷᠥᠭᠡ ᠤᠷᠤᠭᠤ ᠨᠢ ᠣᠷᠣ᠃ 3 ᠲᠡᠭᠡᠭᠡᠳ ᠰᠠᠪᠠ ᠲᠠᠢ ᠲᠣᠰᠣ ᠪᠠᠨ ᠠᠪᠴᠤ᠂ ᠲᠣᠯᠣᠭᠠᠢ ᠳᠡᠭᠡᠷ᠎ᠡ ᠨᠢ ᠴᠢᠳᠬᠤᠨ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠪᠢ ᠴᠢᠮᠠᠶᠢ ᠢᠰᠷᠧᠯ ᠤᠨ ᠬᠠᠭᠠᠨ ᠪᠣᠯᠭᠠᠨ ᠲᠣᠰᠣᠯᠠᠯ᠎ᠠ〉 ᠭᠡᠵᠦ ᠬᠡᠯᠡ᠂ ᠲᠡᠭᠡᠭᠡᠳ ᠬᠠᠭᠠᠯᠭ᠎ᠠ ᠶᠢ ᠨᠡᠭᠡᠭᠡᠳ ᠵᠢᠭᠤᠲᠠ᠂ ᠪᠦᠦ ᠠᠯᠭᠤᠷᠯᠠ》 ᠭᠡᠪᠡ᠃

4 ᠢᠩᠭᠢᠭᠡᠳ ᠲᠡᠷᠡ ᠵᠠᠯᠠᠭᠤ ᠡᠰᠢ ᠦᠵᠡᠭᠦᠯᠦᠭᠴᠢ ᠷᠠᠮᠣᠲ ᠭᠢᠯᠧᠶᠠᠳ᠋ ᠤᠷᠤᠭᠤ ᠶᠠᠪᠤᠵᠠᠢ᠃ 5 ᠲᠡᠨᠳᠡ ᠬᠦᠷᠦᠭᠡᠳ ᠦᠵᠡᠬᠦ ᠳᠦ᠂ ᠴᠡᠷᠢᠭ ᠤᠨ ᠵᠠᠩᠵᠤᠨ ᠨᠠᠷ ᠰᠠᠭᠤᠵᠤ ᠪᠠᠢᠪᠠ᠃ ᠲᠡᠷᠡ᠄ 《ᠵᠠᠩᠵᠤᠨ ᠡ᠂ ᠲᠠᠨ ᠳᠤ ᠬᠡᠯᠡᠬᠦ ᠦᠭᠡ ᠪᠠᠢᠨ᠎ᠠ》 ᠭᠡᠰᠡᠨ ᠳᠦ᠂ ᠶᠧᠾᠦ᠋᠄ 《ᠪᠢᠳᠡᠨ ᠦ ᠬᠡᠨ ᠳᠦᠨᠢ ᠶᠤᠮ ᠪᠤᠢ︖》 ᠭᠡᠵᠦ ᠠᠰᠠᠭᠤᠬᠤ ᠪᠠᠷ ᠨᠢ᠄ 《ᠵᠠᠩᠵᠤᠨ ᠡ᠂ ᠲᠠᠨ ᠳᠤ》 ᠭᠡᠪᠡ᠃ 6 ᠶᠧᠾᠦ᠋ ᠪᠣᠰᠴᠤ ᠭᠡᠷ ᠲᠦ ᠣᠷᠣᠪᠠ᠃ ᠡᠰᠢ ᠦᠵᠡᠭᠦᠯᠦᠭᠴᠢ ᠲᠡᠭᠦᠨ ᠦ ᠲᠣᠯᠣᠭᠠᠢ ᠳᠡᠭᠡᠷ᠎ᠡ ᠲᠣᠰᠣ ᠴᠢᠳᠬᠤᠨ᠂ ᠲᠡᠭᠦᠨ ᠳᠦ᠄ 《ᠢᠰᠷᠧᠯ ᠤᠨ ᠪᠤᠷᠬᠠᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠴᠢᠮᠠᠶᠢ ᠶᠣᠬᠣᠸᠠ ᠶᠢᠨ ᠠᠷᠠᠳ ᠲᠦᠮᠡᠨ ᠢᠰᠷᠧᠯ ᠤᠨ ᠳᠡᠭᠡᠷ᠎ᠡ ᠬᠠᠭᠠᠨ ᠪᠣᠯᠭᠠᠨ ᠲᠣᠰᠣᠯᠠᠯ᠎ᠠ᠃ 7 ᠴᠢ ᠥᠪᠡᠷ ᠦᠨ ᠢᠶᠠᠨ ᠡᠵᠡᠨ ᠠᠬᠠᠪ ᠤᠨ ᠭᠡᠷ ᠢ ᠴᠣᠬᠢᠭᠲᠤᠨ᠃ ᠲᠡᠢᠨ ᠬᠦ ᠪᠢ ᠶᠧᠽᠧᠪᠧᠯ ᠤᠨ ᠭᠠᠷ ᠲᠤ ᠦᠷᠡᠭᠳᠡᠭᠰᠡᠨ ᠵᠠᠷᠤᠴᠠ ᠡᠰᠢ ᠦᠵᠡᠭᠦᠯᠦᠭᠴᠢᠳ ᠤᠨ ᠢᠶᠠᠨ ᠴᠢᠰᠤ᠂ ᠶᠣᠬᠣᠸᠠ ᠶᠢᠨ ᠪᠦᠬᠦ ᠵᠠᠷᠤᠴᠠ ᠶᠢᠨ ᠴᠢᠰᠤᠨ ᠥᠰᠢᠶ᠎ᠡ ᠶᠢ ᠠᠪᠤᠨ᠎ᠠ᠃ 8 ᠠᠬᠠᠪ ᠤᠨ ᠪᠦᠬᠦ ᠭᠡᠷ ᠮᠥᠬᠥᠬᠦ ᠪᠣᠯᠣᠨ᠎ᠠ᠃ ᠠᠬᠠᠪ ᠤᠨ ᠬᠠᠷᠢᠶ᠎ᠠ ᠡᠷᠡᠴᠦᠳ ᠢ ᠪᠣᠭᠣᠯ᠂ ᠴᠢᠯᠥᠭᠡᠲᠦ ᠭᠡᠵᠦ ᠢᠯᠭᠠᠯ ᠦᠭᠡᠢ ᠪᠦᠬᠦᠨ ᠢ ᠨᠢ ᠪᠢ ᠢᠰᠷᠧᠯ ᠳᠣᠲᠣᠷ᠎ᠠ ᠤᠰᠠᠳᠬᠠᠵᠤ᠂ 9 ᠠᠬᠠᠪ ᠤᠨ ᠭᠡᠷ ᠢ ᠨᠧᠪᠠᠲ ᠤᠨ ᠬᠦᠦ ᠶᠧᠷᠣᠪᠣᠶᠠᠮ ᠤᠨ ᠭᠡᠷ ᠲᠡᠢ ᠠᠳᠠᠯᠢ᠂ ᠮᠥᠨ ᠠᠾᠢᠶᠠ ᠶᠢᠨ ᠬᠦᠦ ᠪᠠᠱᠠ ᠶᠢᠨ ᠭᠡᠷ ᠲᠡᠢ ᠠᠳᠠᠯᠢ ᠪᠣᠯᠭᠠᠨ᠎ᠠ᠃ 10 ᠬᠠᠷᠢᠨ ᠶᠧᠽᠧᠪᠧᠯ ᠶᠧᠽᠷᠧᠯ ᠤᠨ ᠨᠤᠲᠤᠭ ᠲᠤ ᠨᠣᠬᠠᠳ ᠲᠤ ᠢᠳᠡᠭᠳᠡᠬᠦ ᠪᠥᠭᠡᠳ ᠲᠡᠭᠦᠨ ᠢ ᠣᠷᠣᠰᠢᠭᠤᠯᠬᠤ ᠬᠥᠮᠦᠨ ᠦᠭᠡᠢ ᠪᠣᠯᠣᠨ᠎ᠠ〉》 ᠭᠡᠵᠦ ᠬᠡᠯᠡᠪᠡ᠃ ᠲᠡᠭᠡᠭᠡᠳ ᠲᠡᠷᠡ ᠬᠠᠭᠠᠯᠭ᠎ᠠ ᠶᠢ ᠨᠡᠭᠡᠭᠡᠨ ᠵᠢᠭᠤᠲᠠᠵᠠᠢ᠃

11 ᠶᠧᠾᠦ᠋ ᠡᠵᠡᠨ ᠦ ᠪᠠᠨ ᠲᠦᠰᠢᠮᠡᠳ ᠳᠡᠭᠡᠷ᠎ᠡ ᠬᠦᠷᠴᠦ ᠢᠷᠡᠬᠦ ᠳᠦ᠂ ᠨᠢᠭᠡ ᠨᠢ ᠲᠡᠭᠦᠨ ᠡᠴᠡ᠄ 《ᠪᠦᠬᠦ ᠶᠠᠭᠤᠮ᠎ᠠ ᠵᠦᠭᠡᠷ ᠤᠤ︖ ᠲᠡᠷᠡ ᠰᠣᠯᠢᠶᠠᠲᠤ ᠶᠠᠭᠤᠨ ᠳᠤ ᠴᠢᠮ᠎ᠠ ᠤᠷᠤᠭᠤ ᠢᠷᠡᠭᠰᠡᠨ ᠶᠤᠮ ᠪᠤᠢ︖》 ᠭᠡᠵᠦ ᠠᠰᠠᠭᠤᠪᠠ᠃ ᠶᠧᠾᠦ᠋ ᠲᠡᠳᠡᠨ ᠳᠦ᠄ 《ᠲᠠ ᠨᠠᠷ ᠲᠡᠷᠡ ᠬᠥᠮᠦᠨ ᠪᠣᠯᠣᠨ ᠲᠡᠭᠦᠨ ᠦ ᠴᠠᠯᠴᠢᠶ᠎ᠠ ᠶᠢ ᠮᠡᠳᠡᠨ᠎ᠡ ᠰᠢᠦ ᠳᠠ》 ᠭᠡᠰᠡᠨ ᠳᠦ᠂ 12 ᠲᠡᠳᠡ᠄ 《ᠬᠤᠳᠠᠯ ᠡ᠂ ᠪᠢᠳᠡᠨ ᠳᠦ ᠣᠳᠣᠬᠠᠨ ᠬᠡᠯᠡᠭᠡᠴᠢ》 ᠭᠡᠰᠡᠨ ᠳᠦ᠂ ᠶᠧᠾᠦ᠋᠄ 《ᠲᠡᠷᠡ ᠪᠡᠷ ᠨᠠᠳᠠ ᠳᠤ ᠢᠩᠭᠢᠵᠦ ᠲᠡᠭᠡᠵᠦ ᠶᠠᠷᠢᠭᠰᠠᠨ ᠢᠶᠠᠨ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠪᠢ ᠴᠢᠮᠠᠶᠢ ᠢᠰᠷᠧᠯ ᠤᠨ ᠬᠠᠭᠠᠨ ᠪᠣᠯᠭᠠᠨ ᠲᠣᠰᠣᠯᠠᠯ᠎ᠠ〉 ᠭᠡᠰᠡᠨ ᠶᠤᠮ》 ᠭᠡᠪᠡ᠃ 13 ᠲᠡᠭᠡᠬᠦ ᠳᠦ ᠬᠥᠮᠦᠨ ᠪᠦᠷᠢ ᠬᠤᠷᠳᠤᠬᠠᠨ ᠥᠪᠡᠷ ᠥᠪᠡᠷ ᠦᠨ ᠢᠶᠠᠨ ᠳᠡᠪᠡᠯ ᠢ ᠲᠠᠢᠯᠵᠤ᠂ ᠶᠧᠾᠦ᠋ ᠶᠢᠨ ᠬᠥᠯ ᠳᠣᠣᠷ᠎ᠠ᠂ ᠭᠢᠰᠬᠢᠬᠦ ᠭᠠᠵᠠᠷ ᠲᠤᠨᠢ ᠳᠡᠯᠭᠡᠨ ᠳᠡᠪᠢᠰᠦᠭᠡᠳ᠂ ᠪᠦᠷᠢᠶ᠎ᠡ ᠦᠯᠢᠶᠡᠨ᠄ 《ᠶᠧᠾᠦ᠋ ᠬᠠᠭᠠᠨ ᠪᠣᠯᠣᠯ᠎ᠠ》 ᠭᠡᠵᠡᠭᠡᠪᠡ᠃
 ᠶᠧᠾᠦ᠋ ᠬᠣᠶᠠᠷ ᠬᠠᠭᠠᠨ ᠢ ᠬᠣᠷᠣᠭᠠᠪᠠ

14 ᠢᠩᠭᠢᠭᠡᠳ ᠨᠢᠮᠱᠢ ᠶᠢᠨ ᠠᠴᠢ᠂ ᠶᠧᠬᠣᠱᠠᠹᠠᠲ ᠤᠨ ᠬᠦᠦ ᠶᠧᠾᠦ᠋ ᠶᠣᠷᠠᠮ ᠢ ᠤᠨᠠᠭᠠᠬᠤ ᠪᠠᠷ ᠬᠤᠤᠪᠢᠯᠳᠤᠪᠠ᠃ ᠲᠡᠷᠡ ᠦᠶ᠎ᠡ ᠳᠦ ᠶᠣᠷᠠᠮ ᠪᠦᠬᠦ ᠢᠰᠷᠧᠯ ᠲᠠᠢ ᠬᠠᠮᠲᠤ ᠷᠠᠮᠣᠲ ᠭᠢᠯᠧᠶᠠᠳ᠋ ᠢ ᠠᠷᠠᠮ ᠤᠨ ᠬᠠᠭᠠᠨ ᠬᠠᠽᠠᠶᠧᠯ ᠡᠴᠡ ᠬᠠᠮᠠᠭᠠᠯᠠᠬᠤ ᠭᠡᠵᠦ 15 ᠲᠡᠭᠦᠨ ᠲᠡᠢ ᠲᠤᠯᠤᠯᠳᠤᠵᠤ ᠪᠠᠢᠬᠤ ᠳᠠᠭᠠᠨ ᠠᠷᠠᠮᠴᠤᠳ ᠠᠴᠠ ᠣᠯᠣᠭᠰᠠᠨ ᠰᠢᠷᠬ᠎ᠠ ᠪᠠᠨ ᠡᠳᠡᠭᠡᠭᠡᠬᠦ ᠪᠡᠷ ᠶᠧᠽᠷᠧᠯ ᠤᠷᠤᠭᠤ ᠪᠤᠴᠠᠵᠤ ᠢᠷᠡᠭᠰᠡᠨ ᠪᠠᠢᠯ᠎ᠠ᠃ ᠶᠧᠾᠦ᠋᠄ 《ᠬᠡᠷᠪᠡ ᠲᠠ ᠨᠠᠷ ᠤᠨ ᠰᠠᠨᠠᠭ᠎ᠠ ᠡᠢᠮᠦ ᠪᠠᠢᠭ᠎ᠠ ᠪᠣᠯ᠂ ᠨᠢᠭᠡ ᠴᠤ ᠬᠥᠮᠦᠨ ᠡᠨᠡ ᠬᠣᠲᠠ ᠠᠴᠠ ᠵᠢᠭᠤᠲᠠᠨ ᠭᠠᠷᠤᠭᠠᠳ ᠶᠧᠽᠷᠧᠯ ᠳᠤ ᠮᠡᠳᠡᠭᠦᠯᠵᠦ ᠪᠣᠯᠬᠤ ᠦᠭᠡᠢ ᠰᠢᠦ》 ᠭᠡᠵᠦ ᠬᠡᠯᠡᠭᠡᠳ 16 ᠲᠡᠷᠭᠡᠨ ᠳᠦ ᠰᠠᠭᠤᠨ ᠶᠧᠽᠷᠧᠯ ᠤᠷᠤᠭᠤ ᠶᠠᠪᠤᠪᠠ᠃ ᠶᠣᠷᠠᠮ ᠲᠡᠨᠳᠡ ᠬᠡᠪᠲᠡᠵᠦ ᠪᠠᠢᠭᠰᠠᠨ ᠪᠥᠭᠡᠳ ᠶᠦᠳᠠ ᠶᠢᠨ ᠬᠠᠭᠠᠨ ᠠᠬᠠᠽᠢᠶ᠎ᠠ ᠶᠣᠷᠠᠮ ᠲᠠᠢ ᠠᠭᠤᠯᠵᠠᠬᠤ ᠪᠠᠷ ᠪᠠᠭᠤᠵᠤ ᠢᠷᠡᠭᠰᠡᠨ ᠪᠠᠢᠯ᠎ᠠ᠃

17 ᠶᠧᠽᠷᠧᠯ ᠤᠨ ᠴᠠᠮᠬᠠᠭ ᠳᠡᠭᠡᠷ᠎ᠡ ᠵᠣᠭᠰᠣᠵᠤ ᠪᠠᠢᠭᠰᠠᠨ ᠬᠠᠷᠠᠭᠤᠯ ᠶᠧᠾᠦ᠋ ᠶᠢᠨ ᠴᠡᠷᠢᠭ ᠤᠨ ᠢᠷᠡᠵᠦ ᠪᠠᠢᠭ᠎ᠠ ᠶᠢ ᠬᠠᠷᠠᠭᠠᠳ᠄ 《ᠣᠯᠠᠨ ᠬᠥᠮᠦᠨ ᠬᠠᠷᠠᠭᠳᠠᠵᠤ ᠪᠠᠢᠨ᠎ᠠ》 ᠭᠡᠰᠡᠨ ᠳᠦ᠂ ᠶᠣᠷᠠᠮ᠄ 《ᠲᠡᠳᠡᠨ ᠢ ᠤᠭᠲᠤᠭᠤᠯᠬᠤ ᠪᠠᠷ ᠨᠢᠭᠡ ᠮᠣᠷᠢᠲᠠᠨ ᠢᠯᠡᠭᠡᠵᠦ᠄ 〈ᠪᠦᠬᠦ ᠶᠠᠭᠤᠮ᠎ᠠ ᠵᠦᠭᠡᠷ ᠤᠤ︖〉 ᠭᠡᠵᠦ ᠠᠰᠠᠭᠤᠯᠭᠠᠭᠠᠷᠠᠢ》 ᠭᠡᠪᠡ᠃ 18 ᠢᠩᠭᠢᠭᠡᠳ ᠲᠡᠷᠡ ᠮᠣᠷᠢᠲᠠᠨ ᠲᠡᠭᠦᠨ ᠲᠡᠢ ᠠᠭᠤᠯᠵᠠᠬᠤ ᠪᠠᠷ ᠶᠠᠪᠤᠵᠤ᠄ 《ᠬᠠᠭᠠᠨ᠄ 〈ᠪᠦᠬᠦ ᠶᠠᠭᠤᠮ᠎ᠠ ᠵᠦᠭᠡᠷ ᠤᠤ︖〉 ᠭᠡᠵᠦ ᠪᠠᠢᠨ᠎ᠠ》 ᠭᠡᠪᠡ᠃ ᠶᠧᠾᠦ᠋᠄ 《ᠵᠦᠭᠡᠷ ᠪᠠᠢᠬᠤ ᠡᠰᠡᠬᠦ ᠨᠢ ᠴᠢᠮ᠎ᠠ ᠳᠤ ᠬᠠᠮᠢᠶ᠎ᠠ ᠦᠭᠡᠢ᠂ ᠴᠢ ᠮᠢᠨᠦ ᠬᠣᠢᠨ᠎ᠠ ᠠᠴᠠ ᠶᠠᠪᠤ》 ᠭᠡᠪᠡ᠃ ᠨᠥᠭᠥᠭᠡ ᠬᠠᠷᠠᠭᠤᠯ᠄ 《ᠡᠯᠴᠢ ᠲᠡᠳᠡᠨ ᠤᠷᠤᠭᠤ ᠣᠴᠢᠭᠰᠠᠨ ᠪᠣᠯᠪᠠᠴᠤ ᠪᠤᠴᠠᠵᠤ ᠢᠷᠡᠭᠡ ᠦᠭᠡᠢ ᠪᠠᠢᠨ᠎ᠠ》 ᠭᠡᠵᠦ ᠳᠤᠭᠤᠯᠭᠠᠭᠰᠠᠨ ᠳᠤ᠂ 19 ᠬᠠᠭᠠᠨ ᠬᠣᠶᠠᠳᠠᠬᠢ ᠮᠣᠷᠢᠲᠠᠨ ᠢ ᠢᠯᠡᠭᠡᠯ᠎ᠡ᠃ ᠮᠣᠷᠢᠲᠠᠨ ᠲᠡᠳᠡᠨ ᠤᠷᠤᠭᠤ ᠣᠴᠢᠭᠠᠳ᠄ 《ᠬᠠᠭᠠᠨ᠄ 〈ᠪᠦᠬᠦ ᠶᠠᠭᠤᠮ᠎ᠠ ᠵᠦᠭᠡᠷ ᠤᠤ︖〉 ᠭᠡᠵᠦ ᠪᠠᠢᠨ᠎ᠠ》 ᠭᠡᠪᠡ᠃ ᠶᠧᠾᠦ᠋᠄ 《ᠵᠦᠭᠡᠷ ᠪᠠᠢᠬᠤ ᠡᠰᠡᠬᠦ ᠨᠢ ᠴᠢᠮ᠎ᠠ ᠳᠤ ᠬᠠᠮᠢᠶ᠎ᠠ ᠦᠭᠡᠢ᠂ ᠴᠢ ᠮᠢᠨᠦ ᠬᠣᠢᠨ᠎ᠠ ᠠᠴᠠ ᠶᠠᠪᠤ》 ᠭᠡᠪᠡ᠃ 20 ᠬᠠᠷᠠᠭᠤᠯ᠄ 《ᠡᠯᠴᠢ ᠲᠡᠳᠡᠨ ᠤᠷᠤᠭᠤ ᠬᠦᠷᠴᠦ ᠣᠴᠢᠭᠰᠠᠨ ᠪᠣᠯᠪᠠᠴᠤ ᠪᠤᠴᠠᠵᠤ ᠢᠷᠡᠭᠡ ᠦᠭᠡᠢ ᠪᠠᠢᠨ᠎ᠠ᠃ ᠨᠢᠭᠡᠨ ᠦ ᠬᠢᠨᠢ ᠳᠠᠪᠬᠢᠯᠲᠠ ᠨᠢᠮᠱᠢ ᠶᠢᠨ ᠬᠦᠦ ᠶᠧᠾᠦ᠋ ᠶᠢᠨ ᠳᠠᠪᠬᠢᠯᠲᠠ ᠲᠠᠢ ᠠᠳᠠᠯᠢ᠂ ᠶᠠᠭ ᠯᠠ ᠭᠠᠯᠵᠠᠭᠤᠷᠠᠭᠰᠠᠨ ᠮᠡᠲᠦ ᠳᠠᠪᠬᠢᠨ ᠢᠷᠡᠵᠦ ᠪᠠᠢᠨ᠎ᠠ》 ᠭᠡᠯ᠎ᠡ᠃

21 ᠶᠣᠷᠠᠮ᠄ 《ᠲᠡᠷᠭᠡ ᠪᠡᠯᠡᠳᠬᠡᠭᠲᠦᠨ》 ᠭᠡᠬᠦ ᠳᠦ᠂ ᠲᠡᠳᠡ ᠲᠡᠷᠭᠡ ᠪᠡᠯᠡᠳᠬᠡᠪᠡ᠃ ᠢᠰᠷᠧᠯ ᠤᠨ ᠬᠠᠭᠠᠨ ᠶᠣᠷᠠᠮ ᠪᠣᠯᠣᠨ ᠶᠦᠳᠠ ᠶᠢᠨ ᠬᠠᠭᠠᠨ ᠠᠬᠠᠽᠢᠶ᠎ᠠ ᠲᠤᠰ ᠲᠤᠰ ᠤᠨ ᠲᠡᠷᠭᠡᠨ ᠳᠡᠭᠡᠨ ᠰᠠᠭᠤᠨ᠂ ᠶᠧᠾᠦ᠋ ᠶᠢ ᠤᠭᠲᠤᠬᠤ ᠪᠠᠷ ᠭᠠᠷᠴᠤ᠂ ᠶᠧᠽᠷᠧᠯ ᠬᠥᠮᠦᠨ ᠨᠠᠪᠣᠲ ᠤᠨ ᠭᠠᠵᠠᠷ ᠳᠡᠭᠡᠷ᠎ᠡ ᠲᠠᠭᠠᠷᠠᠯᠳᠤᠵᠠᠢ᠃ 22 ᠶᠣᠷᠠᠮ ᠶᠧᠾᠦ᠋ ᠶᠢ ᠬᠠᠷᠠᠭᠠᠳ᠄ 《ᠶᠧᠾᠦ᠋᠂ ᠪᠦᠬᠦ ᠶᠠᠭᠤᠮ᠎ᠠ ᠵᠦᠭᠡᠷ ᠤᠤ︖》 ᠭᠡᠵᠦ ᠠᠰᠠᠭᠤᠪᠠ᠃ ᠶᠧᠾᠦ᠋᠄ 《ᠴᠢᠨᠦ ᠡᠬᠡ ᠶᠧᠽᠧᠪᠧᠯ ᠤᠨ ᠵᠠᠪᠬᠠᠢᠷᠠᠯ ᠪᠣᠯᠣᠨ ᠲᠡᠭᠦᠨ ᠦ ᠷᠢᠳᠢ ᠰᠢᠳᠢ ᠣᠯᠠᠨ ᠪᠣᠯᠣᠭᠰᠠᠨ ᠶᠤᠮ ᠴᠢᠨᠢ ᠶᠠᠭᠤ ᠨᠢ ᠵᠦᠭᠡᠷ ᠪᠠᠢᠬᠤ ᠪᠢᠯᠡ︖》 ᠭᠡᠬᠦ ᠳᠦ᠂ 23 ᠶᠣᠷᠠᠮ ᠡᠷᠭᠢᠨ ᠵᠢᠭᠤᠲᠠᠵᠤ᠂ ᠠᠬᠠᠽᠢᠶ᠎ᠠ ᠳᠤ᠄ 《ᠬᠥᠶᠶ᠂ ᠠᠬᠠᠽᠢᠶ᠎ᠠ᠂ ᠤᠷᠪᠠᠯᠲᠠ︕》 ᠭᠡᠪᠡ᠃ 24 ᠶᠧᠾᠦ᠋ ᠨᠤᠮᠤ ᠪᠠᠨ ᠲᠠᠲᠠᠵᠤ᠂ ᠶᠣᠷᠠᠮ ᠢ ᠬᠣᠶᠠᠷ ᠮᠥᠷᠥ ᠶᠢᠨ ᠬᠢᠨᠢ ᠬᠣᠭᠣᠷᠣᠨᠳᠣᠭᠤᠷ ᠬᠠᠷᠪᠤᠪᠠ᠃ ᠰᠤᠮᠤ ᠲᠡᠭᠦᠨ ᠦ ᠵᠢᠷᠦᠬᠡ ᠶᠢ ᠨᠡᠪᠲᠡᠯᠦᠨ ᠭᠠᠷᠴᠤ᠂ ᠲᠡᠷᠡ ᠪᠡᠷ ᠲᠡᠷᠭᠡᠨ ᠳᠡᠭᠡᠷ᠎ᠡ ᠪᠡᠨ ᠱᠤᠩ᠋ᠭᠤᠨ ᠤᠨᠠᠪᠠ᠃ 25 ᠶᠧᠾᠦ᠋ ᠵᠠᠩᠵᠤᠨ ᠪᠢᠳ᠋ᠺᠠᠷ ᠲᠤᠨᠢ᠄ 《ᠲᠡᠭᠦᠨ ᠢ ᠡᠷᠭᠦᠨ ᠠᠪᠠᠴᠢᠵᠤ ᠶᠧᠽᠷᠧᠯ ᠬᠥᠮᠦᠨ ᠨᠠᠪᠣᠲ ᠤᠨ ᠲᠠᠯᠠᠪᠠᠢ ᠳᠤ ᠬᠠᠶᠠᠭᠲᠤᠨ᠃ ᠴᠢ ᠪᠢᠳᠡ ᠬᠣᠶᠠᠷ ᠲᠡᠭᠦᠨ ᠦ ᠡᠴᠢᠭᠡ ᠠᠬᠠᠪ ᠤᠨ ᠠᠷᠤ ᠠᠴᠠ ᠲᠡᠷᠭᠡᠨ ᠳᠦ ᠰᠠᠭᠤᠨ ᠵᠡᠷᠭᠡᠴᠡᠨ ᠶᠠᠪᠤᠵᠤ ᠪᠠᠢᠬᠤ ᠳᠤ᠂ ᠶᠣᠬᠣᠸᠠ ᠲᠡᠭᠦᠨ ᠦ ᠲᠤᠬᠠᠢ ᠡᠢᠨ ᠬᠦ ᠵᠥᠩᠨᠡᠭᠰᠡᠨ ᠢ ᠴᠢ ᠰᠠᠨᠠᠭᠲᠤᠨ᠄ 26 〈ᠨᠠᠪᠣᠲ ᠪᠣᠯᠣᠨ ᠲᠡᠭᠦᠨ ᠦ ᠬᠥᠪᠡᠭᠦᠳ ᠦᠨ ᠤᠷᠤᠰᠤᠭᠰᠠᠨ ᠴᠢᠰᠤ ᠶᠢ ᠥᠴᠥᠭᠡᠳᠦᠷ ᠪᠢ ᠦᠨᠡᠬᠡᠷ ᠬᠠᠷᠠᠯ᠎ᠠ〉 ᠭᠡᠵᠦ ᠶᠣᠬᠣᠸᠠ ᠠᠢᠯᠠᠳᠤᠭᠰᠠᠨ ᠪᠥᠭᠡᠳ ᠪᠠᠰᠠ 〈ᠪᠢ ᠡᠨᠡ ᠭᠠᠵᠠᠷ ᠳᠡᠭᠡᠷ᠎ᠡ ᠴᠢᠮ᠎ᠠ ᠠᠴᠠ ᠥᠰᠢᠶ᠎ᠡ ᠠᠪᠬᠤ ᠪᠣᠯᠣᠨ᠎ᠠ〉 ᠭᠡᠵᠦ ᠠᠢᠯᠠᠳᠤᠭᠰᠠᠨ ᠪᠢᠯᠡ᠃ ᠣᠳᠣ ᠴᠢ ᠲᠡᠭᠦᠨ ᠢ ᠠᠪᠴᠤ᠂ ᠶᠣᠬᠣᠸᠠ ᠶᠢᠨ ᠦᠭᠡ ᠶᠢᠨ ᠳᠠᠭᠠᠤ ᠲᠡᠷᠡ ᠭᠠᠵᠠᠷ ᠲᠤ ᠬᠠᠶᠠᠭᠲᠤᠨ》 ᠭᠡᠪᠡ᠃

27 ᠶᠦᠳᠠ ᠶᠢᠨ ᠬᠠᠭᠠᠨ ᠠᠬᠠᠽᠢᠶ᠎ᠠ ᠡᠭᠦᠨ ᠢ ᠬᠠᠷᠠᠭᠠᠳ ᠴᠡᠴᠡᠷᠯᠢᠭᠲᠦ ᠭᠡᠷ ᠢ ᠴᠢᠭᠯᠡᠭᠰᠡᠨ ᠵᠠᠮ ᠢᠶᠠᠷ ᠵᠢᠭᠤᠲᠠᠭᠰᠠᠨ ᠳᠤ᠂ ᠶᠧᠾᠦ᠋ ᠲᠡᠭᠦᠨ ᠦ ᠬᠣᠢᠨ᠎ᠠ ᠠᠴᠠ ᠬᠥᠭᠡᠭᠡᠨ᠄ 《ᠲᠡᠭᠦᠨ ᠢ ᠴᠤ ᠠᠯᠠ》 ᠭᠡᠰᠡᠨ ᠳᠦ᠂ ᠴᠡᠷᠢᠭ ᠤᠳ ᠨᠢ ᠢᠪᠯᠧᠶᠠᠮ ᠤᠨ ᠣᠢᠷ᠎ᠠ ᠪᠠᠢᠭ᠎ᠠ ᠬᠥᠭᠥᠷᠭᠡ ᠶᠢᠨ ᠥᠭᠰᠥᠬᠦ ᠬᠡᠰᠡᠭ ᠳᠡᠭᠡᠷ᠎ᠡ ᠠᠬᠠᠽᠢᠶ᠎ᠠ ᠶᠢ ᠲᠡᠷᠭᠡᠨ ᠳᠡᠭᠡᠷ᠎ᠡ ᠨᠢ ᠰᠢᠷᠬᠠᠲᠤᠭᠤᠯᠪᠠ᠃ ᠲᠡᠷᠡ ᠮᠧᠭᠢᠳᠣ᠋ ᠤᠷᠤᠭᠤ ᠵᠢᠭᠤᠲᠠᠵᠤ ᠣᠴᠢᠭᠠᠳ᠂ ᠲᠡᠨᠳᠡ ᠪᠡᠨ ᠦᠬᠦᠵᠡᠢ᠃ 28 ᠲᠦᠰᠢᠮᠡᠳ ᠨᠢ ᠲᠡᠭᠦᠨ ᠢ ᠲᠡᠷᠭᠡ ᠪᠡᠷ ᠶᠧᠷᠦ᠋ᠰᠠᠯᠧᠮ ᠤᠷᠤᠭᠤ ᠠᠪᠠᠴᠢᠵᠤ᠂ ᠳ᠋ᠠᠸᠢᠳ᠋ ᠤᠨ ᠬᠣᠲᠠ ᠳᠤ ᠪᠤᠢ ᠥᠪᠡᠷ ᠦᠨ ᠬᠢᠨᠢ ᠪᠤᠯᠠᠰᠢᠨ ᠳᠤ᠂ ᠡᠴᠢᠭᠡ ᠡᠪᠦᠭᠡᠳ ᠦᠨ ᠬᠢᠨᠢ ᠳᠡᠷᠭᠡᠳᠡ ᠣᠷᠣᠰᠢᠭᠤᠯᠤᠭᠰᠠᠨ ᠶᠤᠮ᠃

29 ᠠᠬᠠᠪ ᠤᠨ ᠬᠦᠦ ᠶᠣᠷᠠᠮ ᠤᠨ ᠠᠷᠪᠠᠨ ᠨᠢᠭᠡᠳᠦᠭᠡᠷ ᠣᠨ ᠳᠤ᠂ ᠠᠬᠠᠽᠢᠶ᠎ᠠ ᠶᠦᠳᠠ ᠶᠢᠨ ᠬᠠᠭᠠᠨ ᠪᠣᠯᠣᠭᠠᠳ ᠪᠠᠢᠭᠰᠠᠨ ᠶᠤᠮ᠃
 ᠶᠧᠽᠧᠪᠧᠯ ᠤᠨ ᠡᠴᠦᠰ

30 ᠳᠠᠷᠠᠭ᠎ᠠ ᠨᠢ ᠶᠧᠾᠦ᠋ ᠶᠧᠽᠷᠧᠯ ᠳᠤ ᠣᠴᠢᠪᠠ᠃ ᠶᠧᠽᠧᠪᠧᠯ ᠡᠭᠦᠨ ᠢ ᠰᠣᠨᠣᠰᠣᠭᠠᠳ ᠨᠢᠳᠦ ᠪᠡᠨ ᠪᠣᠳᠣᠵᠤ᠂ ᠦᠰᠦ ᠪᠡᠨ ᠭᠣᠶᠣᠯᠠᠭᠠᠳ᠂ ᠴᠣᠩ᠋ᠬᠣ ᠪᠠᠷ ᠢᠶᠠᠨ ᠳᠣᠷᠣᠭᠰᠢ ᠬᠠᠷᠠᠪᠠ᠃ 31 ᠶᠧᠾᠦ᠋ ᠬᠠᠭᠠᠯᠭ᠎ᠠ ᠪᠠᠷ ᠣᠷᠣᠵᠤ ᠢᠷᠡᠬᠦ ᠳᠦ᠂ ᠶᠧᠽᠧᠪᠧᠯ᠄ 《ᠡᠵᠡᠨ ᠢ ᠪᠠᠨ ᠬᠣᠷᠣᠭᠠᠭᠰᠠᠨ ᠽᠢᠮᠷᠢ᠂ ᠠᠮᠤᠷ ᠰᠠᠢᠨ ᠪᠠᠢᠨ᠎ᠠ ᠤᠤ︖》 ᠭᠡᠯ᠎ᠡ᠃ 32 ᠶᠧᠾᠦ᠋ ᠲᠣᠯᠣᠭᠠᠢ ᠪᠠᠨ ᠡᠷᠭᠦᠨ ᠴᠣᠩ᠋ᠬᠣ ᠥᠭᠡᠳᠡ᠄ 《ᠬᠡᠨ ᠬᠡᠨ ᠮᠢᠨᠦ ᠲᠠᠯ᠎ᠠ ᠳᠤ ᠣᠷᠣᠬᠤ ᠪᠤᠢ︖》 ᠭᠡᠬᠦ ᠳᠦ᠂ ᠬᠣᠶᠠᠷ ᠭᠤᠷᠪᠠᠨ ᠲᠦᠰᠢᠮᠡᠯ ᠲᠡᠭᠦᠨ ᠤᠷᠤᠭᠤ ᠬᠠᠷᠠᠵᠠᠢ᠃ 33 ᠶᠧᠾᠦ᠋᠄ 《ᠲᠡᠭᠦᠨ ᠢ ᠳᠣᠷᠣᠭᠰᠢ ᠬᠠᠶᠠᠭᠲᠤᠨ》 ᠭᠡᠪᠡ᠃ ᠲᠡᠳᠡ ᠲᠡᠭᠦᠨ ᠢ ᠳᠣᠭᠣᠭᠰᠢ ᠪᠠᠨ ᠬᠠᠶᠠᠭᠰᠠᠨ ᠳᠤ᠂ ᠲᠡᠭᠦᠨ ᠦ ᠴᠢᠰᠤ ᠬᠠᠨᠠᠨ ᠳᠡᠭᠡᠷ᠎ᠡ᠂ ᠮᠥᠨ ᠮᠣᠷᠢᠳ ᠤᠨ ᠳᠡᠭᠡᠷ᠎ᠡ ᠦᠰᠦᠷᠦᠭᠰᠡᠨ ᠪᠥᠭᠡᠳ ᠬᠥᠯ ᠳᠣᠣᠷ᠎ᠠ ᠨᠢ ᠭᠢᠰᠬᠢᠭᠳᠡᠵᠡᠢ᠃ 34 ᠶᠧᠾᠦ᠋ ᠳᠣᠲᠣᠭᠰᠢ ᠣᠷᠣᠵᠤ ᠢᠳᠡᠵᠦ ᠤᠤᠭᠤᠭᠰᠠᠨ ᠢᠶᠠᠨ᠄ 《ᠲᠡᠷᠡ ᠬᠠᠷᠢᠶᠠᠭᠳᠠᠭᠰᠠᠨ ᠡᠮ᠎ᠡ ᠶᠢ ᠡᠷᠢᠵᠦ ᠣᠯᠣᠭᠠᠳ ᠣᠷᠣᠰᠢᠭᠤᠯᠵᠠᠭ᠎ᠠ᠂ ᠲᠡᠷᠡ ᠴᠤ ᠬᠠᠭᠠᠨ ᠤ ᠥᠬᠢᠨ ᠪᠠᠢᠭᠰᠠᠨ》 ᠭᠡᠯ᠎ᠡ᠃ 35 ᠲᠡᠳᠡ ᠲᠡᠭᠦᠨ ᠢ ᠣᠷᠣᠰᠢᠭᠤᠯᠬᠤ ᠪᠠᠷ ᠭᠠᠷᠤᠭᠰᠠᠨ ᠪᠣᠯᠪᠠᠴᠤ ᠲᠡᠭᠦᠨ ᠦ ᠭᠠᠪᠠᠯᠠ ᠶᠢᠨ ᠬᠢᠨᠢ ᠶᠠᠰᠤ᠂ ᠬᠥᠯ ᠦᠨ ᠤᠯᠠ᠂ ᠭᠠᠷ ᠤᠨ ᠠᠯᠠᠭᠠᠨ ᠠᠴᠠ ᠨᠢ ᠥᠭᠡᠷ᠎ᠡ ᠶᠠᠭᠤᠮ᠎ᠠ ᠣᠯᠣᠭᠰᠠᠨ ᠦᠭᠡᠢ᠃ 36 ᠲᠡᠳᠡ ᠪᠤᠴᠠᠵᠤ ᠢᠷᠡᠭᠡᠳ ᠶᠧᠾᠦ᠋ ᠳᠤ ᠳᠤᠭᠤᠯᠭᠠᠭᠰᠠᠨ ᠳᠤ᠂ ᠲᠡᠷᠡ᠄ 《ᠡᠢᠨ ᠬᠦ ᠶᠣᠬᠣᠸᠠ ᠶᠢᠨ ᠦᠭᠡ ᠪᠡᠶᠡᠯᠡᠭᠳᠡᠭᠰᠡᠨ ᠪᠠᠢᠨ᠎ᠠ᠃ ᠲᠡᠷᠡ ᠪᠡᠷ ᠥᠪᠡᠷ ᠦᠨ ᠢᠶᠠᠨ ᠵᠠᠷᠤᠴᠠ ᠲᠢᠱᠪ ᠬᠥᠮᠦᠨ ᠧᠯᠢᠶ᠎ᠠ ᠪᠠᠷ ᠳᠠᠮᠵᠢᠭᠤᠯᠤᠨ᠄ 〈ᠶᠧᠽᠧᠪᠧᠯ ᠤᠨ ᠮᠢᠬ᠎ᠠ ᠶᠢ ᠶᠧᠽᠷᠧᠯ ᠤᠨ ᠲᠠᠯᠠᠪᠠᠢ ᠳᠤ ᠨᠣᠬᠠᠳ ᠢᠳᠡᠬᠦ ᠪᠣᠯᠣᠨ᠎ᠠ᠃ 37 ᠶᠧᠽᠧᠪᠧᠯ ᠤᠨ ᠬᠡᠭᠦᠷ ᠨᠢ ᠶᠧᠽᠷᠧᠯ ᠤᠨ ᠲᠠᠯᠠᠪᠠᠢ ᠳᠡᠭᠡᠷᠡᠬᠢ ᠬᠠᠶᠠᠭᠳᠠᠮᠠᠯ ᠮᠡᠲᠦ ᠪᠣᠯᠣᠨ᠎ᠠ᠂ ᠡᠨᠡ ᠪᠣᠯ ᠶᠧᠽᠧᠪᠧᠯ ᠭᠡᠵᠦ ᠬᠡᠨ ᠴᠤ ᠬᠡᠯᠡᠵᠦ ᠴᠢᠳᠠᠬᠤ ᠦᠭᠡᠢ ᠪᠣᠯᠣᠨ᠎ᠠ〉 ᠭᠡᠰᠡᠨ ᠪᠢᠯᠡ》 ᠭᠡᠪᠡ᠃