ᠬᠠᠭᠠᠳ ᠤᠨ ᠳᠡᠳ᠋ ᠵᠢᠷᠭᠤᠭ᠎ᠠ
ᠤᠰᠤᠨ ᠳᠡᠭᠡᠷ᠎ᠡ ᠬᠥᠪᠪᠥᠭᠰᠡᠨ ᠰᠦᠬᠡ
1 ᠡᠰᠢ ᠦᠵᠡᠭᠦᠯᠦᠭᠴᠢ ᠱᠠᠪᠢ ᠨᠠᠷ ᠡᠯᠢᠱᠠ ᠳᠤ ᠬᠠᠨᠳᠤᠨ᠄ 《ᠬᠠᠷ᠎ᠠ᠂ ᠲᠠ ᠪᠢᠳᠡᠨ ᠦ ᠰᠠᠭᠤᠵᠤ ᠪᠠᠢᠭ᠎ᠠ ᠭᠠᠵᠠᠷ ᠳᠠᠪᠴᠢᠭᠤ ᠪᠠᠢᠨ᠎ᠠ᠃ 2 ᠪᠢᠳᠡ ᠶᠣᠷᠳᠠᠨ ᠤᠷᠤᠭᠤ ᠶᠠᠪᠤᠶ᠎ᠠ᠃ ᠬᠥᠮᠦᠨ ᠪᠣᠯᠭᠠᠨ ᠲᠡᠨᠳᠡ ᠡᠴᠡ ᠨᠢᠷᠤᠭᠤ ᠮᠣᠳᠣ ᠠᠪᠴᠤ᠂ ᠥᠪᠡᠷᠰᠡᠳ ᠦᠨ ᠢᠶᠠᠨ ᠣᠷᠣᠨ ᠰᠠᠭᠤᠴᠠ ᠶᠢ ᠲᠡᠨᠳᠡ ᠪᠠᠷᠢᠶ᠎ᠠ》 ᠭᠡᠯᠴᠡᠭᠰᠡᠨ ᠳᠦ᠂ ᠲᠡᠷᠡ᠄ 《ᠶᠠᠪᠤᠵᠠᠭ᠎ᠠ》 ᠭᠡᠵᠦ ᠬᠠᠷᠢᠭᠤᠯᠵᠠᠢ᠃ 3 ᠨᠢᠭᠡ ᠨᠢ᠄ 《ᠲᠠ ᠪᠠᠰᠠ ᠵᠠᠷᠤᠴᠠ ᠨᠠᠷ ᠲᠠᠢ ᠪᠠᠨ ᠬᠠᠮᠲᠤ ᠶᠠᠪᠤᠬᠤ ᠦᠭᠡᠢ ᠤᠤ︖》 ᠭᠡᠰᠡᠨ ᠳᠦ᠂ ᠡᠯᠢᠱᠠ᠄ 《ᠪᠢ ᠶᠠᠪᠤᠨ᠎ᠠ》 ᠭᠡᠳ 4 ᠲᠡᠳᠡᠨ ᠲᠡᠢ ᠬᠠᠮᠲᠤ ᠶᠠᠪᠤᠵᠠᠢ᠃ ᠲᠡᠳᠡ ᠶᠣᠷᠳᠠᠨ ᠳᠤ ᠬᠦᠷᠴᠦ ᠮᠣᠳᠣ ᠴᠠᠪᠴᠢᠵᠤ ᠡᠬᠢᠯᠡᠪᠡ᠃ 5 ᠨᠢᠭᠡ ᠨᠢ ᠨᠢᠷᠤᠭᠤ ᠤᠨᠠᠭᠠᠵᠤ ᠪᠠᠢᠲᠠᠯ᠎ᠠ ᠰᠦᠬᠡᠨ ᠦ ᠬᠢᠨᠢ ᠲᠣᠯᠣᠭᠠᠢ ᠤᠰᠤᠨ ᠳᠤ ᠤᠨᠠᠪᠠ᠃ ᠲᠡᠷᠡ᠄ 《ᠶᠠᠭᠠᠬᠢᠨ᠎ᠠ ᠪᠤᠢ︖ ᠡᠵᠡᠨ ᠮᠢᠨᠢ᠂ ᠡᠭᠦᠨ ᠢ ᠵᠢᠭᠡᠯᠡᠭᠰᠡᠨ ᠶᠤᠮ》 ᠭᠡᠵᠦ ᠤᠤᠯᠭ᠎ᠠ ᠠᠯᠳᠠᠵᠠᠢ᠃ 6 ᠪᠤᠷᠬᠠᠨ ᠤ ᠬᠥᠮᠦᠨ᠄ 《ᠰᠦᠬᠡ ᠴᠢᠨᠢ ᠬᠠᠮᠢᠭ᠎ᠠ ᠤᠨᠠᠭᠰᠠᠨ ᠪᠤᠢ︖》 ᠭᠡᠬᠦ ᠳᠦ᠂ ᠲᠡᠷᠡ ᠬᠥᠮᠦᠨ ᠲᠡᠷᠡ ᠭᠠᠵᠠᠷ ᠢ ᠵᠢᠭᠠᠵᠤ ᠥᠭᠪᠡ᠃ ᠡᠯᠢᠱᠠ ᠮᠣᠳᠣᠨ ᠰᠠᠯᠠᠭ᠎ᠠ ᠳᠠᠭᠠᠷᠢᠵᠤ ᠲᠡᠰᠢ ᠪᠠᠨ ᠰᠢᠳᠡᠨ᠂ ᠨᠥᠭᠥᠭᠡ ᠲᠡᠮᠦᠷ ᠰᠦᠬᠡ ᠶᠢ ᠬᠥᠪᠪᠥᠭᠦᠯᠦᠭᠡᠳ᠄ 7 《ᠭᠠᠷᠭᠠᠵᠤ ᠠᠪ》 ᠭᠡᠪᠡ᠃ ᠢᠩᠭᠢᠭᠡᠳ ᠲᠡᠷᠡ ᠬᠥᠮᠦᠨ ᠭᠠᠷ ᠢᠶᠠᠨ ᠰᠤᠩ᠋ᠭᠠᠨ ᠰᠦᠬᠡ ᠪᠡᠨ ᠠᠪᠴᠠᠢ᠃
ᠡᠯᠢᠱᠠ ᠬᠢᠭᠡᠳ ᠠᠷᠠᠮ ᠤᠨ ᠴᠡᠷᠢᠭ
8 ᠠᠷᠠᠮ ᠤᠨ ᠬᠠᠭᠠᠨ ᠢᠰᠷᠧᠯ ᠲᠠᠢ ᠪᠠᠢᠯᠳᠤᠵᠤ ᠪᠠᠢᠯ᠎ᠠ᠃ ᠲᠡᠷᠡ ᠲᠦᠰᠢᠮᠡᠳ ᠲᠡᠢ ᠪᠡᠨ ᠵᠥᠪᠯᠡᠯᠳᠦᠨ᠄ 《ᠪᠢ ᠡᠢᠮᠦ ᠡᠢᠮᠦ ᠭᠠᠵᠠᠷ ᠤᠳ ᠲᠤ ᠬᠤᠸᠠᠷᠠᠩᠨᠠᠬᠤ ᠪᠣᠯᠣᠨ᠎ᠠ》 ᠭᠡᠪᠡ᠃ 9 ᠬᠠᠷᠢᠨ ᠪᠤᠷᠬᠠᠨ ᠤ ᠬᠥᠮᠦᠨ ᠢᠰᠷᠧᠯ ᠤᠨ ᠬᠠᠭᠠᠨ ᠳᠤ ᠦᠭᠡ ᠢᠯᠡᠭᠡᠨ᠄ 《ᠪᠣᠯᠭᠣᠮᠵᠢᠲᠠᠢ ᠪᠠᠢ᠂ ᠠᠷᠠᠮᠴᠤᠳ ᠡᠨᠡ ᠡᠨᠡ ᠭᠠᠵᠠᠷ ᠲᠤ ᠪᠠᠭᠤᠬᠤ ᠲᠤᠯᠠ ᠲᠠ ᠲᠡᠷᠡ ᠭᠠᠵᠠᠷ ᠢᠶᠠᠷ ᠪᠢᠲᠡᠭᠡᠢ ᠥᠩᠭᠡᠷᠡ》 ᠭᠡᠵᠦ ᠬᠡᠯᠡᠭᠦᠯᠪᠡ᠃ 10 ᠢᠰᠷᠧᠯ ᠤᠨ ᠬᠠᠭᠠᠨ ᠪᠤᠷᠬᠠᠨ ᠤ ᠬᠥᠮᠦᠨ ᠦ ᠰᠠᠨᠠᠭᠤᠯᠤᠭᠰᠠᠨ ᠲᠡᠷᠡ ᠭᠠᠵᠠᠷ ᠤᠷᠤᠭᠤ ᠬᠥᠮᠦᠨ ᠢᠯᠡᠭᠡᠪᠡ᠃ ᠲᠡᠢᠨ ᠬᠦ ᠬᠠᠭᠠᠨ ᠡᠯᠢᠱᠠ ᠶᠢᠨ ᠰᠠᠨᠠᠭᠤᠯᠤᠭᠰᠠᠨ ᠭᠠᠵᠠᠷ ᠤᠳ ᠢ ᠬᠠᠮᠠᠭᠠᠯᠠᠭᠤᠯᠳᠠᠭ ᠪᠠᠢᠵᠠᠢ᠃ ᠡᠨᠡ ᠮᠡᠲᠦ ᠪᠡᠷ ᠭᠠᠭᠴᠠ ᠬᠣᠶᠠᠷ ᠤᠳᠠᠭ᠎ᠠ ᠪᠢᠰᠢ ᠪᠣᠯᠬᠤ ᠳᠤ᠂ 11 ᠠᠷᠠᠮ ᠤᠨ ᠬᠠᠭᠠᠨ ᠠᠭᠤᠷᠯᠠᠭᠠᠳ ᠵᠠᠷᠤᠴᠠ ᠨᠠᠷ ᠢᠶᠠᠨ ᠳᠠᠭᠤᠳᠠᠨ᠂ ᠲᠡᠳᠡᠨ ᠳᠦ᠄ 《ᠮᠠᠨ ᠤ ᠬᠡᠨ ᠨᠢ ᠢᠰᠷᠧᠯ ᠤᠨ ᠬᠠᠭᠠᠨ ᠤ ᠲᠠᠯ᠎ᠠ ᠳᠤ ᠪᠠᠢᠭ᠎ᠠ ᠶᠢ ᠨᠠᠳᠠ ᠳᠤ ᠬᠡᠯᠡᠬᠦ ᠦᠭᠡᠢ ᠤᠤ︖》 ᠭᠡᠪᠡ᠃ 12 ᠲᠦᠰᠢᠮᠡᠳ ᠦᠨ ᠬᠢᠨᠢ ᠨᠢᠭᠡ ᠨᠢ᠄ 《ᠦᠭᠡᠢ᠂ ᠡᠵᠡᠨ ᠬᠠᠭᠠᠨ ᠮᠢᠨᠢ᠂ ᠢᠰᠷᠧᠯ ᠳᠤ ᠪᠠᠢᠭ᠎ᠠ ᠡᠰᠢ ᠦᠵᠡᠭᠦᠯᠦᠭᠴᠢ ᠡᠯᠢᠱᠠ ᠲᠠᠨ ᠤ ᠤᠨᠲᠠᠯᠭ᠎ᠠ ᠶᠢᠨ ᠥᠷᠥᠭᠡᠨ ᠳᠡᠭᠡᠨ ᠶᠠᠷᠢᠭᠰᠠᠨ ᠦᠭᠡ ᠶᠢ ᠬᠦᠷᠲᠡᠯ᠎ᠡ ᠢᠰᠷᠧᠯ ᠤᠨ ᠬᠠᠭᠠᠨ ᠳᠤ ᠬᠡᠯᠡᠳᠡᠭ ᠶᠤᠮ》 ᠬᠡᠮᠡᠨ ᠠᠢᠯᠠᠳᠬᠠᠪᠠ᠃ 13 ᠠᠷᠠᠮ ᠤᠨ ᠬᠠᠭᠠᠨ᠄ 《ᠲᠠ ᠨᠠᠷ ᠶᠠᠪᠤᠵᠤ᠂ ᠲᠡᠭᠦᠨ ᠦ ᠬᠠᠮᠢᠭ᠎ᠠ ᠪᠠᠢᠭ᠎ᠠ ᠶᠢ ᠮᠡᠳᠡᠵᠦ ᠠᠪ᠃ ᠪᠢ ᠬᠥᠮᠦᠨ ᠶᠠᠪᠤᠭᠤᠯᠵᠤ ᠲᠡᠭᠦᠨ ᠢ ᠪᠠᠷᠢᠭᠤᠯᠤᠶ᠎ᠠ》 ᠭᠡᠯᠡ᠃ ᠬᠡᠨ ᠨᠢᠭᠡ ᠨᠢ ᠬᠠᠭᠠᠨ ᠳᠤ᠄ 《ᠬᠠᠷ᠎ᠠ᠂ ᠲᠡᠷᠡ ᠳ᠋ᠣᠲ᠋ᠠᠨ ᠳᠤ ᠪᠠᠢᠨ᠎ᠠ》 ᠭᠡᠵᠦ ᠳᠤᠭᠤᠯᠭᠠᠬᠤ ᠳᠤ᠂ 14 ᠲᠡᠷᠡ ᠪᠡᠷ ᠲᠡᠰᠢ ᠪᠠᠨ ᠮᠣᠷᠢᠳ᠂ ᠲᠡᠷᠭᠡ ᠨᠦᠭᠦᠳ ᠪᠣᠯᠣᠨ ᠶᠡᠬᠡ ᠴᠡᠷᠢᠭ ᠢᠯᠡᠭᠡᠵᠡᠢ᠃ ᠲᠡᠳᠡ ᠰᠥᠨᠢ ᠪᠠᠷ ᠢᠷᠡᠵᠦ᠂ ᠬᠣᠲᠠ ᠶᠢ ᠪᠦᠰᠡᠯᠡᠪᠡ᠃
15 ᠪᠤᠷᠬᠠᠨ ᠤ ᠬᠥᠮᠦᠨ ᠦ ᠵᠠᠷᠤᠴᠠ ᠡᠷᠲᠡ ᠪᠣᠰᠣᠭᠠᠳ ᠭᠠᠳᠠᠭᠰᠢ ᠭᠠᠷᠴᠤ ᠦᠵᠡᠬᠦ ᠳᠦ᠂ ᠲᠡᠷᠭᠡ ᠮᠣᠷᠢᠳ ᠲᠠᠢ ᠶᠡᠬᠡ ᠴᠡᠷᠢᠭ ᠬᠣᠲᠠ ᠶᠢ ᠪᠦᠰᠡᠯᠡᠭᠡᠳ ᠪᠠᠢᠪᠠ︕ ᠵᠠᠷᠤᠴᠠ ᠨᠢ ᠡᠯᠢᠱᠠ ᠳᠤ᠄ 《ᠶᠠᠭᠠᠬᠢᠨ᠎ᠠ ᠪᠤᠢ︖ ᠡᠵᠡᠨ ᠮᠢᠨᠢ᠂ ᠪᠢᠳᠡ ᠶᠠᠭᠠᠬᠢᠬᠤ ᠪᠢᠯᠡ︖》 ᠭᠡᠬᠦ ᠳᠦ᠂ 16 ᠲᠡᠷᠡ᠄ 《ᠪᠦᠦ ᠠᠶᠤ᠃ ᠪᠢᠳᠡᠨ ᠲᠡᠢ ᠬᠠᠮᠲᠤ ᠪᠠᠢᠭᠴᠢᠳ ᠨᠢ ᠲᠡᠳᠡᠨ ᠲᠡᠢ ᠬᠠᠮᠲᠤ ᠪᠠᠢᠭᠴᠢᠳ ᠠᠴᠠ ᠣᠯᠠᠨ ᠶᠤᠮ》 ᠭᠡᠪᠡ᠃ 17 ᠡᠯᠢᠱᠠ ᠳᠠᠭᠠᠳᠬᠠᠨ᠄ 《ᠶᠣᠬᠣᠸᠠ᠂ ᠨᠢᠳᠦ ᠶᠢ ᠨᠢ ᠨᠡᠭᠡᠭᠡᠵᠦ ᠲᠡᠭᠦᠨ ᠳᠦ ᠬᠠᠷᠠᠭᠤᠯᠤᠭᠠᠴᠢ》 ᠭᠡᠵᠦ ᠭᠤᠶᠤᠬᠤ ᠳᠤ᠂ ᠶᠣᠬᠣᠸᠠ ᠵᠠᠷᠤᠴᠠ ᠶᠢᠨ ᠬᠢᠨᠢ ᠨᠢᠳᠦ ᠶᠢ ᠨᠡᠭᠡᠭᠡᠵᠦ ᠬᠠᠷᠠᠭᠤᠯᠤᠯ᠎ᠠ᠃ ᠲᠡᠷᠡ ᠦᠵᠡᠬᠦ ᠳᠦ᠂ ᠭᠠᠯᠲᠤ ᠮᠣᠷᠢᠳ ᠪᠣᠯᠣᠨ ᠲᠡᠷᠭᠡ ᠨᠦᠭᠦᠳ ᠡᠯᠢᠱᠠ ᠶᠢ ᠬᠦᠷᠢᠶᠡᠯᠡᠨ ᠪᠦᠬᠦ ᠲᠣᠯᠣᠭᠠᠳ ᠢ ᠳᠦᠭᠦᠷᠭᠡᠭᠰᠡᠨ ᠪᠠᠢᠯ᠎ᠠ︕
18 ᠲᠡᠳᠡ ᠥᠪᠡᠷ ᠤᠷᠤᠭᠤ ᠨᠢ ᠣᠢᠷᠠᠲᠤᠨ ᠢᠷᠡᠬᠦ ᠳᠦ᠂ ᠡᠯᠢᠱᠠ ᠶᠣᠬᠣᠸᠠ ᠳᠤ ᠳᠠᠭᠠᠳᠬᠠᠨ᠄ 《ᠡᠨᠡ ᠬᠥᠮᠦᠰ ᠦᠨ ᠨᠢᠳᠦ ᠶᠢ ᠬᠠᠭᠠᠭᠠᠴᠢ》 ᠭᠡᠵᠦ ᠭᠤᠶᠤᠭᠰᠠᠨ ᠳᠤ᠂ ᠶᠣᠬᠣᠸᠠ ᠡᠯᠢᠱᠠ ᠶᠢᠨ ᠦᠭᠡ ᠪᠡᠷ ᠲᠡᠳᠡᠨ ᠦ ᠨᠢᠳᠦ ᠶᠢ ᠬᠠᠭᠠᠵᠠᠢ᠃ 19 ᠡᠯᠢᠱᠠ ᠲᠡᠳᠡᠨ ᠳᠦ᠄ 《ᠡᠨᠡ ᠴᠢᠨᠢ ᠲᠡᠷᠡ ᠵᠠᠮ ᠪᠢᠰᠢ᠂ ᠲᠡᠷᠡ ᠬᠣᠲᠠ ᠴᠤ ᠪᠢᠰᠢ᠃ ᠨᠠᠮᠠᠶᠢ ᠳᠠᠭᠠᠭᠠᠴᠢ᠂ ᠬᠠᠢᠵᠤ ᠪᠤᠢ ᠲᠡᠷᠡ ᠬᠥᠮᠦᠨ ᠤᠷᠤᠭᠤ ᠴᠢᠨᠢ ᠪᠢ ᠲᠠ ᠨᠠᠷ ᠢ ᠠᠪᠠᠴᠢᠶ᠎ᠠ》 ᠭᠡᠳ ᠲᠡᠳᠡᠨ ᠢ ᠰᠠᠮᠠᠷᠢᠶ᠎ᠠ ᠤᠷᠤᠭᠤ ᠠᠪᠠᠴᠢᠪᠠ᠃ 20 ᠲᠡᠳᠡ ᠰᠠᠮᠠᠷᠢᠶ᠎ᠠ ᠳᠤ ᠣᠷᠣᠭᠰᠠᠨ ᠤ ᠳᠠᠷᠠᠭ᠎ᠠ᠂ ᠡᠯᠢᠱᠠ᠄ 《ᠶᠣᠬᠣᠸᠠ᠂ ᠡᠨᠡ ᠬᠥᠮᠦᠰ ᠦᠨ ᠨᠢᠳᠦ ᠶᠢ ᠨᠡᠭᠡᠭᠡᠵᠦ ᠲᠡᠳᠡᠨ ᠳᠦ ᠬᠠᠷᠠᠭᠤᠯᠤᠭᠠᠴᠢ》 ᠭᠡᠬᠦ ᠳᠦ᠂ ᠶᠣᠬᠣᠸᠠ ᠲᠡᠳᠡᠨ ᠦ ᠨᠢᠳᠦ ᠶᠢ ᠨᠡᠭᠡᠭᠡᠵᠦ ᠲᠡᠳᠡᠨ ᠳᠦ ᠬᠠᠷᠠᠭᠤᠯᠵᠠᠢ᠃ ᠲᠡᠳᠡ ᠦᠵᠡᠬᠦ ᠳᠦ᠂ ᠥᠪᠡᠷᠰᠡᠳ ᠢᠶᠡᠨ ᠰᠠᠮᠠᠷᠢᠶ᠎ᠠ ᠶᠢᠨ ᠭᠣᠣᠯ ᠳᠤᠮᠳᠠ ᠪᠠᠢᠯ᠎ᠠ︕ 21 ᠢᠰᠷᠧᠯ ᠤᠨ ᠬᠠᠭᠠᠨ ᠲᠡᠳᠡᠨ ᠢ ᠬᠠᠷᠠᠭᠠᠳ ᠡᠯᠢᠱᠠ ᠠᠴᠠ᠄ 《ᠡᠴᠢᠭᠡ ᠮᠢᠨᠢ᠂ ᠪᠢ ᠲᠡᠳᠡᠨ ᠢ ᠠᠯᠠᠬᠤ ᠤᠤ︖ ᠲᠡᠳᠡᠨ ᠢ ᠠᠯᠠᠬᠤ ᠤᠤ︖》 ᠭᠡᠪᠡ᠃ 22 ᠡᠯᠢᠱᠠ᠄ 《ᠠᠯᠠᠵᠤ ᠪᠣᠯᠬᠤ ᠦᠭᠡᠢ᠃ ᠲᠠ ᠲᠡᠳᠡᠨ ᠢ ᠥᠪᠡᠷ ᠦᠨ ᠢᠶᠠᠨ ᠢᠯᠳᠦ᠂ ᠥᠪᠡᠷ ᠦᠨ ᠢᠶᠠᠨ ᠨᠤᠮᠤ ᠰᠤᠮᠤ ᠪᠠᠷ ᠣᠯᠵᠠᠯᠠᠭᠰᠠᠨ ᠶᠤᠮ ᠤᠤ︖ ᠶᠠᠭᠤᠨ ᠳᠤ ᠲᠡᠳᠡᠨ ᠢ ᠠᠯᠠᠬᠤ ᠪᠤᠢ︖ ᠲᠡᠳᠡᠨ ᠦ ᠡᠮᠦᠨ᠎ᠡ ᠪᠣᠣᠪᠣ᠂ ᠤᠮᠳᠠᠭᠠᠨ ᠲᠠᠯᠪᠢᠵᠤ ᠢᠳᠡᠭᠦᠯᠵᠦ ᠤᠤᠭᠤᠭᠤᠯᠭᠠᠭᠠᠳ ᠡᠵᠡᠨ ᠤᠷᠤᠭᠤ ᠨᠢ ᠪᠤᠴᠠᠭᠠᠭᠲᠤᠨ》 ᠭᠡᠵᠡᠢ᠃ 23 ᠲᠡᠷᠡ ᠲᠡᠳᠡᠨ ᠦ ᠲᠥᠯᠥᠭᠡ ᠶᠡᠬᠡ ᠨᠠᠢᠷ ᠪᠡᠯᠡᠳᠬᠡᠭᠰᠡᠨ ᠪᠥᠭᠡᠳ ᠲᠡᠳᠡ ᠢᠳᠡᠵᠦ᠂ ᠤᠤᠭᠤᠵᠠᠭᠠᠯᠠ᠃ ᠡᠭᠦᠨ ᠦ ᠳᠠᠷᠠᠭ᠎ᠠ ᠲᠡᠳᠡᠨ ᠢ ᠶᠠᠪᠤᠭᠤᠯᠤᠭᠰᠠᠨ ᠳᠤ᠂ ᠲᠡᠳᠡ ᠡᠵᠡᠨ ᠤᠷᠤᠭᠤ ᠪᠠᠨ ᠪᠤᠴᠠᠪᠠ᠃ ᠢᠩᠭᠢᠭᠡᠳ ᠠᠷᠠᠮᠴᠤᠳ ᠤᠨ ᠳᠡᠭᠡᠷᠡᠮ ᠦᠨ ᠪᠦᠯᠦᠭ ᠤᠳ ᠢᠰᠷᠧᠯ ᠤᠨ ᠨᠤᠲᠤᠭ ᠤᠷᠤᠭᠤ ᠬᠠᠯᠳᠠᠵᠤ ᠣᠷᠣᠬᠤ ᠪᠠᠨ ᠪᠣᠯᠢᠭᠰᠠᠨ ᠪᠠᠢᠨ᠎ᠠ᠃
ᠰᠠᠮᠠᠷᠢᠶ᠎ᠠ ᠶᠢᠨ ᠶᠡᠬᠡ ᠥᠯᠥᠰᠬᠥᠯᠡᠩ
24 ᠬᠡᠰᠡᠭ ᠬᠤᠭᠤᠴᠠᠭᠠᠨ ᠤ ᠳᠠᠷᠠᠭ᠎ᠠ᠂ ᠠᠷᠠᠮ ᠤᠨ ᠬᠠᠭᠠᠨ ᠪᠧᠨ ᠬᠠᠳᠠᠳ᠋ ᠪᠦᠬᠦ ᠴᠡᠷᠢᠭ ᠢᠶᠠᠨ ᠳᠠᠢᠴᠢᠯᠠᠨ ᠢᠷᠡᠵᠦ ᠰᠠᠮᠠᠷᠢᠶ᠎ᠠ ᠶᠢ ᠪᠦᠰᠡᠯᠡᠭᠰᠡᠨ ᠳᠦ᠂ 25 ᠰᠠᠮᠠᠷᠢᠶ᠎ᠠ ᠳᠤ ᠶᠡᠬᠡ ᠥᠯᠥᠰᠬᠥᠯᠡᠩ ᠪᠣᠯᠪᠠ᠃ ᠲᠡᠳᠡ ᠬᠣᠲᠠ ᠶᠢ ᠪᠦᠰᠡᠯᠡᠭᠡᠳ ᠪᠠᠢᠬᠤ ᠳᠤ᠂ ᠡᠯᠵᠢᠭᠡᠨ ᠲᠣᠯᠣᠭᠠᠢ ᠨᠠᠶᠠᠨ ᠮᠥᠩᠭᠥᠨ ᠱᠧᠺᠧᠯ 9 ᠂ ᠺᠠᠪ 10 ᠤᠨ ᠳᠥᠷᠪᠡᠨ ᠦ ᠨᠢᠭᠡ ᠶᠢᠨ ᠲᠠᠭᠲᠠᠭᠠᠨ ᠤ ᠪᠠᠭᠠᠰᠤ 11 ᠲᠠᠪᠤᠨ ᠮᠥᠩᠭᠥᠨ ᠱᠧᠺᠧᠯ 12 ᠬᠦᠷᠴᠦ ᠪᠠᠢᠪᠠ᠃ 26 ᠢᠰᠷᠧᠯ ᠤᠨ ᠬᠠᠭᠠᠨ ᠬᠡᠷᠡᠮ ᠳᠡᠭᠡᠭᠦᠷ ᠶᠠᠪᠤᠵᠤ ᠪᠠᠢᠲᠠᠯ᠎ᠠ᠂ ᠨᠢᠭᠡᠨ ᠡᠮᠡᠭᠲᠡᠢ ᠲᠡᠭᠦᠨ ᠤᠷᠤᠭᠤ ᠬᠠᠰᠬᠢᠷᠴᠤ᠄ 《ᠮᠢᠨᠦ ᠡᠵᠡᠨ᠂ ᠬᠠᠭᠠᠨᠲᠠᠨ᠂ ᠲᠤᠰᠠᠯᠠᠭᠠᠴᠢ︕》 ᠭᠡᠪᠡ᠃ 27 ᠬᠠᠭᠠᠨ᠄ 《ᠶᠣᠬᠣᠸᠠ ᠴᠢᠮ᠎ᠠ ᠳᠤ ᠲᠤᠰᠠᠯᠠᠬᠤ ᠦᠭᠡᠢ ᠪᠠᠢᠬᠤ ᠳᠤ᠂ ᠪᠢ ᠬᠠᠮᠢᠭ᠎ᠠ ᠠᠴᠠ ᠶᠠᠭᠤᠮ᠎ᠠ ᠣᠯᠵᠤ ᠴᠢᠮ᠎ᠠ ᠳᠤ ᠲᠤᠰᠠᠯᠠᠬᠤ ᠪᠤᠢ︖ ᠦᠲᠦᠷᠮ᠎ᠡ ᠡᠴᠡ ᠤᠤ︖ ᠡᠰᠡᠪᠡᠯ ᠦᠵᠦᠮ ᠦᠨ ᠰᠢᠬᠠᠭᠤᠷᠭ᠎ᠠ ᠠᠴᠠ ᠤᠤ︖》 ᠭᠡᠵᠡᠢ᠃ 28 ᠬᠠᠭᠠᠨ ᠲᠡᠭᠦᠨ ᠳᠦ᠄ 《ᠴᠢᠮ᠎ᠠ ᠳᠤ ᠶᠠᠮᠠᠷ ᠬᠡᠷᠡᠭ ᠲᠣᠬᠢᠶᠠᠯᠳᠤᠭᠰᠠᠨ ᠪᠤᠢ︖》 ᠭᠡᠬᠦ ᠳᠦ᠂ ᠲᠡᠷᠡ᠄ 《ᠡᠨᠡ ᠡᠮᠡᠭᠲᠡᠢ ᠨᠠᠳᠠ ᠳᠤ᠄ 〈ᠴᠢ ᠬᠦᠦ ᠪᠡᠨ ᠥᠭᠭᠥᠭᠡᠴᠢ᠃ ᠥᠨᠥᠳᠥᠷ ᠪᠢᠳᠡ ᠴᠢᠨᠦ ᠬᠦᠦ ᠶᠢ ᠢᠳᠡᠵᠦ᠂ ᠮᠠᠷᠭᠠᠰᠢ ᠮᠢᠨᠦ ᠬᠦᠦ ᠶᠢ ᠢᠳᠡᠵᠡᠭᠡᠶ᠎ᠡ〉 ᠭᠡᠵᠦ ᠬᠡᠯᠡᠭᠰᠡᠨ ᠲᠤᠯᠠ 29 ᠪᠢᠳᠡ ᠮᠢᠨᠦ ᠬᠦᠦ ᠶᠢ ᠴᠢᠨᠠᠵᠤ ᠢᠳᠡᠭᠰᠡᠨ ᠶᠤᠮ᠃ ᠳᠠᠷᠠᠭ᠎ᠠ ᠡᠳᠦᠷ ᠨᠢ ᠪᠢ ᠲᠡᠭᠦᠨ ᠳᠦ᠄ 〈ᠬᠦᠦ ᠪᠡᠨ ᠥᠭ᠃ ᠪᠢᠳᠡ ᠲᠡᠭᠦᠨ ᠢ ᠢᠳᠡᠵᠡᠭᠡᠶ᠎ᠡ〉 ᠭᠡᠬᠦ ᠳᠦ᠂ ᠲᠡᠷᠡ ᠬᠦᠦ ᠪᠡᠨ ᠨᠢᠭᠤᠴᠢᠬᠠᠭᠰᠠᠨ》 ᠭᠡᠪᠡ᠃ 30 ᠬᠠᠭᠠᠨ ᠲᠡᠭᠦᠨ ᠦ ᠦᠭᠡ ᠶᠢ ᠰᠣᠨᠣᠰᠣᠭᠠᠳ᠂ ᠬᠤᠪᠴᠠᠰᠤ ᠪᠠᠨ ᠤᠷᠠᠵᠠᠢ᠃ ᠡᠢᠮᠦ ᠡᠴᠡ ᠲᠡᠭᠦᠨ ᠢ ᠬᠡᠷᠡᠮ ᠳᠡᠭᠡᠭᠦᠷ ᠥᠩᠭᠡᠷᠡᠵᠦ ᠪᠠᠢᠬᠤ ᠳᠤ᠂ ᠠᠷᠠᠳ ᠲᠦᠮᠡᠨ ᠲᠡᠭᠦᠨ ᠦ ᠪᠡᠶ᠎ᠡ ᠳᠡᠭᠡᠨ ᠡᠮᠦᠰᠦᠭᠰᠡᠨ ᠲᠠᠭᠠᠷ ᠢ ᠬᠠᠷᠠᠪᠠ᠃ 31 ᠬᠠᠷᠢᠨ ᠲᠡᠷᠡ᠄ 《ᠱᠠᠹᠠᠲ ᠤᠨ ᠬᠦᠦ ᠡᠯᠢᠱᠠ ᠶᠢᠨ ᠲᠣᠯᠣᠭᠠᠢ ᠶᠢ ᠥᠨᠥᠳᠥᠷ ᠮᠥᠷᠥᠨ ᠳᠡᠭᠡᠷ᠎ᠡ ᠨᠢ ᠦᠯᠡᠳᠡᠭᠡᠪᠡᠯ ᠪᠤᠷᠬᠠᠨ ᠨᠠᠮᠠᠶᠢ ᠬᠠᠲᠠᠭᠤ ᠰᠢᠳᠬᠡᠬᠦ ᠪᠣᠯᠲᠤᠭᠠᠢ︕》 ᠭᠡᠪᠡ᠃
32 ᠲᠡᠷᠡ ᠦᠶ᠎ᠡ ᠳᠦ ᠡᠯᠢᠱᠠ ᠭᠡᠷ ᠲᠡᠭᠡᠨ ᠰᠠᠭᠤᠵᠤ ᠪᠠᠢᠯ᠎ᠠ᠂ ᠠᠬᠠᠯᠠᠭᠴᠢᠳ ᠴᠤ ᠲᠡᠭᠦᠨ ᠲᠡᠢ ᠬᠠᠮᠲᠤ ᠰᠠᠭᠤᠵᠤ ᠪᠠᠢᠵᠠᠢ᠃ ᠬᠠᠭᠠᠨ ᠪᠠᠢᠭ᠎ᠠ ᠭᠠᠵᠠᠷ ᠠᠴᠠ ᠪᠠᠨ ᠡᠯᠴᠢ ᠢᠯᠡᠭᠡᠭᠰᠡᠨ ᠪᠥᠭᠡᠳ ᠡᠯᠴᠢ ᠢᠷᠡᠬᠦ ᠡᠴᠡ ᠡᠮᠦᠨ᠎ᠡ ᠡᠯᠢᠱᠠ ᠠᠬᠠᠯᠠᠭᠴᠢᠳ ᠲᠤ᠄ 《ᠥᠨᠥᠬᠢ ᠠᠯᠠᠭᠤᠷᠴᠢᠨ ᠤ ᠬᠦᠦ ᠮᠢᠨᠦ ᠲᠣᠯᠣᠭᠠᠢ ᠶᠢ ᠠᠪᠤᠭᠤᠯᠬᠤ ᠪᠠᠷ ᠬᠥᠮᠦᠨ ᠢᠯᠡᠭᠡᠭᠰᠡᠨ ᠢ ᠲᠠ ᠨᠠᠷ ᠮᠡᠳᠡᠵᠦ ᠪᠠᠢᠨ᠎ᠠ ᠤᠤ︖ ᠬᠠᠷ᠎ᠠ᠂ ᠲᠡᠷᠡ ᠡᠯᠴᠢ ᠢᠷᠡᠬᠦ ᠳᠦ ᠲᠠ ᠨᠠᠷ ᠬᠠᠭᠠᠯᠭ᠎ᠠ ᠪᠠᠨ ᠬᠠᠭᠠᠵᠤ᠂ ᠲᠡᠭᠦᠨ ᠢ ᠬᠠᠭᠠᠯᠭ᠎ᠠ ᠪᠠᠷ ᠣᠷᠣᠭᠤᠯᠬᠤ ᠦᠭᠡᠢ ᠪᠠᠢᠭᠠᠷᠠᠢ᠃ ᠲᠡᠭᠦᠨ ᠦ ᠠᠷᠤ ᠳᠤ ᠡᠵᠡᠨ ᠦ ᠬᠢᠨᠢ ᠬᠥᠯ ᠦᠨ ᠴᠢᠮᠡᠭᠡ ᠪᠠᠢᠭ᠎ᠠ ᠪᠢᠰᠢ ᠤᠤ︖》 ᠭᠡᠪᠡ᠃ 33 ᠲᠡᠭᠦᠨ ᠢ ᠠᠬᠠᠯᠠᠭᠴᠢᠳ ᠲᠠᠢ ᠶᠠᠷᠢᠯᠴᠠᠵᠤ ᠪᠠᠢᠲᠠᠯ᠎ᠠ ᠥᠨᠥᠬᠢ ᠡᠯᠴᠢ ᠲᠡᠭᠦᠨ ᠤᠷᠤᠭᠤ ᠢᠷᠡᠯ᠎ᠡ︕ ᠬᠠᠭᠠᠨ᠄ 《ᠬᠠᠷ᠎ᠠ᠂ ᠡᠨᠡ ᠭᠠᠢ ᠭᠠᠮᠰᠢᠭ ᠶᠣᠬᠣᠸᠠ ᠠᠴᠠ ᠢᠷᠡᠭᠰᠡᠨ︕ ᠪᠢ ᠶᠠᠭᠠᠬᠢᠨ ᠶᠣᠬᠣᠸᠠ ᠳᠤ ᠨᠠᠢᠳᠠᠭᠠᠳ ᠯᠠ ᠪᠠᠢᠵᠤ ᠪᠣᠯᠬᠤ ᠪᠢᠯᠡ︖》 ᠭᠡᠵᠡᠢ᠃