ᠬᠠᠭᠠᠳ ᠤᠨ ᠳᠡᠳ᠋ ᠬᠣᠷᠢᠨ ᠭᠤᠷᠪᠠ
ᠶᠣᠰᠢᠶ᠎ᠠ ᠶᠢᠨ ᠰᠢᠨᠡᠴᠢᠯᠡᠯᠲᠡ
1 ᠬᠠᠭᠠᠨ ᠶᠦᠳᠠ ᠪᠣᠯᠣᠨ ᠶᠧᠷᠦ᠋ᠰᠠᠯᠧᠮ ᠤᠨ ᠪᠦᠬᠦ ᠠᠬᠠᠮᠠᠳ ᠢ ᠥᠪᠡᠷ ᠤᠷᠤᠭᠤ ᠪᠠᠨ ᠳᠠᠭᠤᠳᠠᠨ ᠴᠤᠭᠯᠠᠭᠤᠯᠪᠠ᠃ 2 ᠬᠠᠭᠠᠨ ᠪᠡᠷ ᠶᠦᠳᠠ ᠶᠢᠨ ᠪᠦᠬᠦ ᠡᠷ᠎ᠡ᠂ ᠶᠧᠷᠦ᠋ᠰᠠᠯᠧᠮ ᠤᠨ ᠪᠦᠬᠦ ᠰᠠᠭᠤᠭᠠᠯᠢ᠂ ᠮᠥᠨ ᠲᠠᠬᠢᠯᠴᠢᠳ᠂ ᠡᠰᠢ ᠦᠵᠡᠭᠦᠯᠦᠭᠴᠢᠳ ᠪᠣᠯᠣᠨ ᠬᠥᠭᠰᠢᠨ ᠵᠠᠯᠠᠭᠤ ᠢᠯᠭᠠᠯ ᠦᠭᠡᠢ ᠪᠦᠬᠦ ᠠᠷᠠᠳ ᠲᠠᠢ ᠬᠠᠮᠲᠤ ᠶᠣᠬᠣᠸᠠ ᠶᠢᠨ ᠥᠷᠭᠥᠭᠡ ᠥᠭᠡᠳᠡ ᠣᠴᠢᠵᠤ᠂ ᠶᠣᠬᠣᠸᠠ ᠶᠢᠨ ᠥᠷᠭᠥᠭᠡᠨ ᠡᠴᠡ ᠣᠯᠳᠠᠭᠰᠠᠨ ᠭᠡᠷ᠎ᠡ ᠶᠢᠨ ᠨᠣᠮ ᠤᠨ ᠪᠦᠬᠦ ᠦᠭᠡ ᠶᠢ ᠤᠩ᠋ᠰᠢᠵᠦ᠂ ᠲᠡᠳᠡᠨ ᠳᠦ ᠰᠣᠨᠣᠰᠬᠠᠪᠠ᠃ 3 ᠬᠠᠭᠠᠨ ᠲᠡᠢᠰᠠᠨ ᠳᠡᠭᠡᠷ᠎ᠡ ᠵᠣᠭᠰᠣᠭᠠᠳ ᠶᠣᠬᠣᠸᠠ ᠶᠢᠨ ᠡᠮᠦᠨ᠎ᠡ ᠭᠡᠷ᠎ᠡ ᠪᠠᠢᠭᠤᠯᠬᠤ ᠳᠠᠭᠠᠨ᠂ ᠪᠦᠬᠦ ᠵᠢᠷᠦᠬᠡ᠂ ᠪᠦᠬᠦ ᠠᠮᠢ ᠪᠠᠷ ᠢᠶᠠᠨ ᠶᠣᠬᠣᠸᠠ ᠶᠢ ᠳᠠᠭᠠᠵᠤ᠂ ᠲᠡᠭᠦᠨ ᠦ ᠲᠤᠰᠢᠶᠠᠯ᠂ ᠵᠠᠷᠴᠢᠮ᠂ ᠲᠣᠭᠲᠠᠭᠠᠯ ᠤᠳ ᠢ ᠰᠠᠬᠢᠵᠤ᠂ ᠡᠨᠡ ᠨᠣᠮ ᠳᠤ ᠪᠢᠴᠢᠭᠳᠡᠭᠰᠡᠨ ᠭᠡᠷ᠎ᠡ ᠶᠢᠨ ᠦᠭᠡᠰ ᠢ ᠪᠡᠶᠡᠯᠡᠭᠦᠯᠬᠦ ᠪᠡᠷ ᠲᠠᠩ᠋ᠭᠠᠷᠢᠭᠯᠠᠪᠠ᠃ ᠪᠦᠬᠦ ᠠᠷᠠᠳ ᠲᠦᠮᠡᠨ ᠡᠨᠡ ᠭᠡᠷ᠎ᠡ ᠳᠦ ᠨᠢᠭᠡᠳᠦᠭᠰᠡᠨ ᠪᠠᠢᠨ᠎ᠠ᠃
4 ᠲᠡᠭᠡᠭᠡᠳ ᠬᠠᠭᠠᠨ ᠪᠠᠯ᠂ ᠠᠱᠧᠷᠠ ᠪᠣᠯᠣᠨ ᠲᠩᠷᠢ ᠶᠢᠨ ᠠᠯᠢᠪᠠ ᠡᠷᠬᠡᠰ ᠲᠦ ᠵᠣᠷᠢᠭᠤᠯᠤᠭᠰᠠᠨ ᠠᠯᠢᠪᠠ ᠬᠡᠷᠡᠭᠰᠡᠯ ᠢ ᠶᠣᠬᠣᠸᠠ ᠶᠢᠨ ᠥᠷᠭᠥᠭᠡ ᠡᠴᠡ ᠭᠠᠷᠭᠠᠬᠤ ᠶᠢ ᠲᠡᠷᠢᠭᠦᠨ ᠲᠠᠬᠢᠯᠴᠢ ᠾᠢᠯᠺᠢᠶ᠎ᠠ᠂ ᠳᠡᠳ᠋ ᠲᠤᠰᠢᠶᠠᠯ ᠤᠨ ᠲᠠᠬᠢᠯᠴᠢᠳ ᠪᠣᠯᠣᠨ ᠬᠠᠭᠠᠯᠭᠠᠴᠢᠳ ᠲᠤ ᠲᠤᠰᠢᠶᠠᠵᠤ᠂ ᠲᠡᠳᠡᠭᠡᠷ ᠢ ᠶᠧᠷᠦ᠋ᠰᠠᠯᠧᠮ ᠤᠨ ᠭᠠᠳᠠᠨ᠎ᠠ ᠺᠢᠳ᠋ᠷᠣᠨ ᠤ ᠲᠠᠯ᠎ᠠ ᠳᠤ ᠰᠢᠲᠠᠭᠠᠨ᠂ ᠦᠨᠡᠰᠦ ᠶᠢ ᠨᠢ ᠪᠧᠲ᠋ᠧᠯ ᠳᠤ ᠠᠪᠠᠴᠢᠭᠤᠯᠵᠠᠢ᠃ 5 ᠶᠦᠳᠠ ᠶᠢᠨ ᠬᠠᠭᠠᠳ ᠤᠨ ᠲᠣᠮᠢᠯᠠᠭᠰᠠᠨ᠂ ᠶᠦᠳᠠ ᠶᠢᠨ ᠬᠣᠲᠠ ᠨᠤᠭᠤᠳ ᠪᠣᠯᠣᠨ ᠶᠧᠷᠦ᠋ᠰᠠᠯᠧᠮ ᠤᠨ ᠣᠢᠷ᠎ᠠ ᠣᠷᠴᠢᠮ ᠳᠤ ᠮᠥᠷᠭᠥᠯ ᠦᠨ ᠮᠠᠨᠳᠠᠯ ᠤᠳ ᠳᠡᠭᠡᠷ᠎ᠡ ᠤᠲᠤᠯᠭ᠎ᠠ ᠤᠭᠤᠭᠢᠭᠤᠯᠵᠤ ᠪᠠᠢᠭᠰᠠᠨ ᠰᠢᠲᠦᠭᠡᠨ ᠨᠦᠭᠦᠳ ᠦᠨ ᠲᠠᠬᠢᠯᠴᠢᠳ ᠢ᠂ ᠪᠠᠯ᠂ ᠨᠠᠷᠠ᠂ ᠰᠠᠷ᠎ᠠ᠂ ᠣᠳᠣᠨ ᠭᠠᠷᠠᠭ ᠨᠤᠭᠤᠳ ᠵᠡᠷᠭᠡ ᠲᠩᠷᠢ ᠶᠢᠨ ᠪᠦᠬᠦ ᠡᠷᠬᠡᠰ ᠲᠦ ᠤᠲᠤᠯᠭ᠎ᠠ ᠤᠭᠤᠭᠢᠭᠤᠯᠤᠭᠴᠢᠳ ᠢ ᠴᠤ ᠬᠠᠯᠠᠵᠠᠢ᠃ 6 ᠲᠡᠷᠡ ᠪᠡᠷ ᠠᠱᠧᠷᠠ ᠶᠢᠨ ᠱᠣᠩ ᠢ ᠶᠣᠬᠣᠸᠠ ᠶᠢᠨ ᠥᠷᠭᠥᠭᠡᠨ ᠡᠴᠡ ᠶᠧᠷᠦ᠋ᠰᠠᠯᠧᠮ ᠤᠨ ᠭᠠᠳᠠᠨ᠎ᠠ ᠺᠢᠳ᠋ᠷᠣᠨ ᠭᠣᠷᠣᠬ᠎ᠠ ᠤᠷᠤᠭᠤ ᠭᠠᠷᠭᠠᠭᠠᠳ ᠲᠡᠨᠳᠡ ᠰᠢᠲᠠᠭᠠᠨ ᠦᠨᠡᠰᠦ ᠪᠣᠯᠭᠠᠨ ᠪᠤᠲᠠᠯᠵᠤ᠂ ᠦᠨᠡᠰᠦ ᠶᠢ ᠨᠢ ᠡᠭᠡᠯ ᠠᠷᠠᠳ ᠤᠨ ᠪᠤᠯᠠᠰᠢᠨ ᠳᠡᠭᠡᠷ᠎ᠡ ᠰᠠᠴᠤᠵᠠᠢ᠃ 7 ᠲᠡᠷᠡ ᠪᠠᠰᠠ ᠶᠣᠬᠣᠸᠠ ᠶᠢᠨ ᠥᠷᠭᠥᠭᠡᠨ ᠳᠣᠲᠣᠷ᠎ᠠ ᠪᠠᠢᠭᠰᠠᠨ ᠶᠠᠩ᠋ᠬᠠᠨ ᠡᠷᠡᠴᠦᠳ ᠦᠨ ᠪᠠᠢᠷᠢ ᠶᠢ ᠨᠤᠷᠠᠭᠠᠪᠠ᠃ ᠲᠡᠨᠳᠡ ᠡᠮᠡᠭᠲᠡᠢᠴᠦᠳ ᠠᠱᠧᠷᠠ ᠳᠤ ᠵᠣᠷᠢᠭᠤᠯᠤᠨ ᠬᠥᠰᠢᠭᠡ ᠨᠡᠬᠡᠳᠡᠭ ᠪᠠᠢᠭᠰᠠᠨ ᠶᠤᠮ᠃ 8 ᠲᠡᠷᠡ ᠪᠡᠷ ᠶᠦᠳᠠ ᠶᠢᠨ ᠬᠣᠲᠠ ᠨᠤᠭᠤᠳ ᠠᠴᠠ ᠪᠦᠬᠦ ᠲᠠᠬᠢᠯᠴᠢ ᠶᠢ ᠠᠪᠴᠢᠷᠠᠨ᠂ ᠲᠡᠳᠡᠭᠡᠷ ᠲᠠᠬᠢᠯᠴᠢ ᠶᠢᠨ ᠤᠲᠤᠯᠭ᠎ᠠ ᠤᠭᠤᠭᠢᠭᠤᠯᠵᠤ ᠪᠠᠢᠭᠰᠠᠨ ᠭᠧᠪᠠ ᠠᠴᠠ ᠪᠧᠷ ᠱᠧᠪᠠ ᠬᠦᠷᠲᠡᠯᠡᠬᠢ ᠮᠥᠷᠭᠥᠯ ᠦᠨ ᠮᠠᠨᠳᠠᠯ ᠤᠳ ᠢ ᠪᠤᠵᠠᠷᠯᠠᠵᠤ᠂ ᠬᠣᠲᠠ ᠶᠢᠨ ᠬᠠᠭᠠᠯᠭᠠᠨ ᠳᠠᠬᠢ ᠳᠤᠭᠠᠩ ᠨᠤᠭᠤᠳ ᠢ ᠨᠤᠷᠠᠭᠠᠵᠠᠢ᠃ ᠲᠡᠳᠡᠭᠡᠷ ᠳᠤᠭᠠᠩ ᠨᠢ ᠬᠣᠲᠠ ᠶᠢᠨ ᠬᠠᠭᠠᠯᠭᠠᠨ ᠤ ᠵᠡᠭᠦᠨ ᠭᠠᠷ ᠲᠠᠯ᠎ᠠ ᠳᠠᠬᠢ ᠬᠣᠲᠠ ᠶᠢᠨ ᠵᠠᠬᠢᠷᠤᠭᠴᠢ ᠶᠣᠱᠦ᠋ᠶ᠎ᠠ ᠶᠢᠨ ᠬᠠᠭᠠᠯᠭᠠᠨ ᠲᠤᠰᠢᠶ᠎ᠠ ᠪᠠᠢᠭᠰᠠᠨ᠃ 9 ᠮᠥᠷᠭᠥᠯ ᠦᠨ ᠮᠠᠨᠳᠠᠯ ᠤᠳ ᠤᠨ ᠲᠠᠬᠢᠯᠴᠢᠳ ᠤᠨ ᠶᠧᠷᠦ᠋ᠰᠠᠯᠧᠮ ᠳᠠᠬᠢ ᠶᠣᠬᠣᠸᠠ ᠶᠢᠨ ᠲᠠᠬᠢᠯ ᠤᠨ ᠰᠢᠷᠡᠭᠡ ᠥᠭᠡᠳᠡ ᠣᠴᠢᠬᠤ ᠶᠢ ᠵᠥᠪᠰᠢᠶᠡᠷᠡᠭᠰᠡᠨ ᠦᠭᠡᠢ ᠪᠣᠯᠪᠠᠴᠤ ᠠᠬ᠎ᠠ ᠳᠡᠭᠦᠦᠰ ᠦᠨ ᠢᠶᠠᠨ ᠳᠤᠮᠳᠠ ᠢᠰᠭᠡᠭᠡ ᠦᠭᠡᠢ ᠪᠣᠣᠪᠣ ᠢᠳᠡᠬᠦ ᠶᠢ ᠨᠢ ᠵᠥᠪᠰᠢᠶᠡᠷᠡᠵᠡᠢ᠃ 10 ᠮᠥᠨ ᠪᠧᠨ ᠾᠢᠨᠣᠮ ᠤᠨ ᠬᠥᠨᠳᠡᠢ ᠳᠠᠬᠢ ᠲᠣᠹᠧᠲ ᠢ ᠪᠤᠵᠠᠷᠯᠠᠵᠤ᠂ ᠬᠥᠮᠦᠰ ᠦᠨ ᠬᠦᠦ ᠥᠬᠢᠨ ᠢᠶᠠᠨ ᠮᠣᠯᠧᠺ ᠲᠤ ᠵᠣᠷᠢᠭᠤᠯᠤᠨ ᠭᠠᠯ ᠳᠤᠮᠳᠠᠭᠤᠷ ᠥᠩᠭᠡᠷᠡᠭᠡᠬᠦ ᠶᠢ ᠪᠣᠯᠢᠭᠤᠯᠪᠠ᠃ 11 ᠮᠥᠨ ᠨᠠᠷᠠᠨ ᠳᠤ ᠵᠣᠷᠢᠭᠤᠯᠤᠨ ᠶᠦᠳᠠ ᠶᠢᠨ ᠬᠠᠭᠠᠳ ᠤᠨ ᠡᠷᠭᠦᠭᠰᠡᠨ ᠮᠣᠷᠢᠨ ᠬᠥᠰᠢᠶ᠎ᠡ ᠨᠦᠭᠦᠳ ᠢ ᠤᠰᠠᠳᠬᠠᠪᠠ᠃ ᠲᠡᠳᠡᠭᠡᠷ ᠨᠢ ᠶᠣᠬᠣᠸᠠ ᠶᠢᠨ ᠥᠷᠭᠥᠭᠡᠨ ᠦ ᠣᠷᠣᠬᠤ ᠡᠭᠦᠳᠡᠨ ᠳᠦ᠂ ᠲᠠᠢᠭᠠᠨ ᠨᠠᠲ᠋ᠠᠨ ᠮᠧᠯᠧᠺ ᠤᠨ ᠲᠠᠩᠬᠢᠮ ᠪᠠᠢᠳᠠᠭ ᠬᠦᠷᠢᠶᠡᠨ ᠳᠦ ᠪᠠᠢᠭᠰᠠᠨ᠃ ᠶᠣᠰᠢᠶ᠎ᠠ ᠨᠠᠷᠠᠨ ᠳᠤ ᠵᠣᠷᠢᠭᠤᠯᠤᠭᠰᠠᠨ ᠲᠡᠷᠭᠡ ᠨᠦᠭᠦᠳ ᠢ ᠴᠤ ᠰᠢᠲᠠᠭᠠᠪᠠ᠃ 12 ᠪᠠᠰᠠ ᠠᠬᠠᠽ ᠤᠨ ᠲᠠᠩᠬᠢᠮ ᠤᠨ ᠳᠡᠭᠡᠪᠦᠷ ᠳᠡᠭᠡᠷ᠎ᠡ ᠶᠦᠳᠠ ᠶᠢᠨ ᠬᠠᠭᠠᠳ ᠤᠨ ᠪᠣᠰᠬᠠᠭᠰᠠᠨ ᠲᠠᠬᠢᠯ ᠤᠨ ᠰᠢᠷᠡᠭᠡ ᠨᠦᠭᠦᠳ ᠬᠢᠭᠡᠳ ᠶᠣᠬᠣᠸᠠ ᠶᠢᠨ ᠥᠷᠭᠥᠭᠡᠨ ᠦ ᠬᠣᠶᠠᠷ ᠬᠦᠷᠢᠶᠡᠨ ᠳᠣᠲᠣᠷ᠎ᠠ ᠮᠠᠨᠠᠰᠧ ᠶᠢᠨ ᠪᠣᠰᠬᠠᠭᠰᠠᠨ ᠲᠠᠬᠢᠯ ᠤᠨ ᠰᠢᠷᠡᠭᠡ ᠨᠦᠭᠦᠳ ᠢ ᠨᠤᠷᠠᠭᠠᠪᠠ᠃ ᠲᠡᠳᠡᠭᠡᠷ ᠢ ᠲᠡᠨᠳᠡ ᠡᠴᠡ ᠵᠠᠢᠯᠠᠭᠤᠯᠤᠭᠠᠳ ᠬᠡᠮᠬᠡᠯᠡᠵᠦ᠂ ᠲᠡᠷᠡ ᠬᠡᠮᠬᠡᠳᠡᠭ ᠢ ᠺᠢᠳ᠋ᠷᠣᠨ ᠭᠣᠷᠣᠬ᠎ᠠ ᠤᠷᠤᠭᠤ ᠬᠠᠶᠠᠵᠠᠢ᠃ 13 ᠬᠠᠭᠠᠨ ᠪᠠᠰᠠ ᠶᠧᠷᠦ᠋ᠰᠠᠯᠧᠮ ᠤᠨ ᠵᠡᠭᠦᠨ ᠵᠦᠭ ᠳᠠᠬᠢ ᠮᠥᠬᠥᠯ ᠦᠨ ᠠᠭᠤᠯᠠ ᠶᠢᠨ ᠪᠠᠷᠠᠭᠤᠨ ᠭᠠᠷ ᠲᠠᠯ᠎ᠠ ᠳᠤ ᠪᠠᠢᠭ᠎ᠠ ᠮᠥᠷᠭᠥᠯ ᠦᠨ ᠮᠠᠨᠳᠠᠯ ᠤᠳ ᠢ ᠪᠤᠵᠠᠷᠯᠠᠪᠠ᠃ ᠡᠳᠡᠭᠡᠷ ᠢ ᠢᠰᠷᠧᠯ ᠤᠨ ᠬᠠᠭᠠᠨ ᠰᠣᠯᠣᠮᠣᠨ ᠰᠢᠢᠳᠣᠨᠴᠤᠳ ᠤᠨ ᠵᠢᠭᠰᠢᠭᠦᠷᠢᠲᠦ ᠠᠱᠲ᠋ᠣᠷᠧᠲ᠂ ᠮᠣᠶᠠᠪᠴᠤᠳ ᠤᠨ ᠵᠢᠭᠰᠢᠭᠦᠷᠢᠲᠦ ᠺᠧᠮᠣᠱ᠂ ᠠᠮᠣᠨᠴᠤᠳ ᠤᠨ ᠵᠢᠭᠰᠢᠭᠦᠷᠢᠲᠦ ᠮᠣᠯᠧᠺ ᠨᠠᠷ ᠲᠤ ᠵᠣᠷᠢᠭᠤᠯᠤᠨ ᠪᠣᠰᠬᠠᠭᠰᠠᠨ ᠠᠵᠢ᠃ 14 ᠶᠣᠰᠢᠶ᠎ᠠ ᠴᠢᠯᠠᠭᠤᠨ ᠪᠠᠭᠠᠨ᠎ᠠ ᠨᠤᠭᠤᠳ ᠢ ᠪᠤᠲᠠᠯᠵᠤ᠂ ᠠᠱᠧᠷᠠ ᠶᠢᠨ ᠮᠣᠳᠣᠨ ᠱᠣᠩ ᠤᠳ ᠢ ᠴᠠᠪᠴᠢᠵᠤ᠂ ᠲᠡᠳᠡᠭᠡᠷ ᠭᠠᠵᠠᠷ ᠢ ᠬᠥᠮᠦᠨ ᠦ ᠶᠠᠰᠤ ᠪᠠᠷ ᠳᠦᠭᠦᠷᠭᠡᠪᠡ᠃
15 ᠲᠡᠭᠦᠨᠴᠢᠯᠡᠨ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠧᠪᠠᠲ ᠤᠨ ᠬᠦᠦ ᠶᠧᠷᠣᠪᠣᠶᠠᠮ ᠤᠨ ᠪᠧᠲ᠋ᠧᠯ ᠳᠤ ᠪᠣᠰᠬᠠᠭᠰᠠᠨ ᠲᠠᠬᠢᠯ ᠤᠨ ᠰᠢᠷᠡᠭᠡ ᠪᠣᠯᠣᠨ ᠮᠥᠷᠭᠥᠯ ᠦᠨ ᠮᠠᠨᠳᠠᠯ ᠤᠳ ᠢ ᠬᠦᠷᠲᠡᠯ᠎ᠡ ᠨᠤᠷᠠᠭᠠᠵᠤ᠂ ᠲᠡᠳᠡᠭᠡᠷ ᠮᠥᠷᠭᠥᠯ ᠦᠨ ᠮᠠᠨᠳᠠᠯ ᠢ ᠰᠢᠲᠠᠭᠠᠵᠤ ᠦᠨᠡᠰᠦ ᠪᠣᠯᠭᠠᠨ ᠪᠤᠲᠠᠯᠤᠭᠰᠠᠨ ᠪᠥᠭᠡᠳ ᠠᠱᠧᠷᠠ ᠶᠢᠨ ᠱᠣᠩ ᠢ ᠴᠤ ᠰᠢᠲᠠᠭᠠᠵᠠᠢ᠃ 16 ᠶᠣᠰᠢᠶ᠎ᠠ ᠠᠭᠤᠯᠠᠨ ᠳᠡᠭᠡᠷᠡᠬᠢ ᠪᠤᠯᠠᠰᠢ ᠨᠤᠭᠤᠳ ᠢ ᠡᠷᠭᠢᠨ ᠬᠠᠷᠠᠭᠠᠳ ᠬᠥᠮᠦᠨ ᠢᠯᠡᠭᠡᠨ ᠪᠤᠯᠠᠰᠢᠨ ᠠᠴᠠ ᠶᠠᠰᠤ ᠨᠤᠭᠤᠳ ᠢ ᠠᠪᠴᠢᠷᠠᠭᠤᠯᠵᠤ᠂ ᠲᠠᠬᠢᠯ ᠤᠨ ᠰᠢᠷᠡᠭᠡᠨ ᠳᠡᠭᠡᠷ᠎ᠡ ᠰᠢᠲᠠᠭᠠᠨ᠂ ᠲᠡᠷᠡ ᠲᠠᠬᠢᠯ ᠤᠨ ᠰᠢᠷᠡᠭᠡ ᠶᠢ ᠪᠤᠵᠠᠷᠯᠠᠪᠠ᠃ ᠪᠤᠷᠬᠠᠨ ᠤ ᠬᠥᠮᠦᠨ ᠦ ᠤᠷᠢᠳᠤ ᠠᠴᠠ ᠲᠤᠩ᠋ᠬᠠᠭᠯᠠᠭᠰᠠᠨ ᠡᠳᠡᠭᠡᠷ ᠶᠠᠪᠤᠳᠠᠯ ᠲᠡᠢᠨ ᠬᠦ ᠲᠡᠭᠦᠨ ᠦ ᠲᠤᠩ᠋ᠬᠠᠭᠯᠠᠭᠰᠠᠨ ᠶᠣᠬᠣᠸᠠ ᠶᠢᠨ ᠦᠭᠡᠨ ᠦ ᠳᠠᠭᠠᠤ ᠪᠡᠶᠡᠯᠡᠭᠳᠡᠵᠡᠢ᠃ 17 ᠶᠣᠰᠢᠶ᠎ᠠ᠄ 《ᠮᠢᠨᠦ ᠬᠠᠷᠠᠵᠤ ᠪᠤᠢ ᠲᠡᠷᠡ ᠬᠥᠰᠢᠶ᠎ᠡ ᠶᠠᠭᠤ ᠪᠤᠢ︖》 ᠬᠡᠮᠡᠨ ᠠᠰᠠᠭᠤᠭᠰᠠᠨ ᠳᠤ᠂ ᠲᠡᠷᠡ ᠬᠣᠲᠠ ᠶᠢᠨ ᠬᠢᠨ ᠲᠡᠭᠦᠨ ᠳᠦ᠄ 《ᠪᠧᠲ᠋ᠧᠯ ᠤᠨ ᠲᠠᠬᠢᠯ ᠤᠨ ᠰᠢᠷᠡᠭᠡᠨ ᠳᠦ ᠲᠠᠨ ᠤ ᠬᠢᠭᠰᠡᠨ ᠡᠳᠡᠭᠡᠷ ᠵᠦᠢᠯᠡᠰ ᠢ ᠤᠷᠢᠳᠴᠢᠯᠠᠨ ᠲᠤᠩ᠋ᠬᠠᠭᠯᠠᠬᠤ ᠪᠠᠷ ᠶᠦᠳᠠ ᠠᠴᠠ ᠢᠷᠡᠭᠰᠡᠨ ᠪᠤᠷᠬᠠᠨ ᠤ ᠬᠥᠮᠦᠨ ᠦ ᠬᠢ》 ᠭᠡᠵᠡᠭᠡᠪᠡ᠃ 18 ᠬᠠᠭᠠᠨ᠄ 《ᠲᠡᠭᠦᠨ ᠢ ᠦᠯᠡᠳᠡᠭᠡ᠃ ᠲᠡᠭᠦᠨ ᠦ ᠶᠠᠰᠤ ᠶᠢ ᠬᠡᠨ ᠴᠤ ᠪᠦᠦ ᠬᠥᠨᠳᠡᠭ》 ᠭᠡᠪᠡ᠃ ᠢᠩᠭᠢᠭᠡᠳ ᠲᠡᠳᠡ ᠲᠡᠭᠦᠨ ᠦ ᠶᠠᠰᠤ ᠶᠢ ᠰᠠᠮᠠᠷᠢᠶ᠎ᠠ ᠠᠴᠠ ᠢᠷᠡᠭᠰᠡᠨ ᠡᠰᠢ ᠦᠵᠡᠭᠦᠯᠦᠭᠴᠢ ᠶᠢᠨ ᠶᠠᠰᠤᠨ ᠤ ᠬᠠᠮᠲᠤ ᠬᠥᠨᠳᠡᠯ ᠦᠭᠡᠢ ᠦᠯᠡᠳᠡᠭᠡᠪᠡ᠃ 19 ᠶᠣᠰᠢᠶ᠎ᠠ ᠪᠧᠲ᠋ᠧᠯ ᠳᠤ ᠦᠢᠯᠡᠳᠦᠭᠰᠡᠨ ᠦ ᠪᠠᠨ ᠠᠳᠠᠯᠢ ᠪᠠᠷ ᠰᠠᠮᠠᠷᠢᠶ᠎ᠠ ᠶᠢᠨ ᠬᠣᠲᠠ ᠨᠤᠭᠤᠳ ᠲᠤ ᠢᠰᠷᠧᠯ ᠤᠨ ᠬᠠᠭᠠᠳ ᠤᠨ ᠪᠣᠰᠬᠠᠵᠤ ᠶᠣᠬᠣᠸᠠ ᠶᠢ ᠬᠢᠯᠢᠩᠨᠡᠭᠦᠯᠦᠭᠰᠡᠨ ᠮᠥᠷᠭᠥᠯ ᠦᠨ ᠮᠠᠨᠳᠠᠯ ᠤᠳ ᠤᠨ ᠳᠤᠭᠠᠩ ᠬᠦᠷᠲᠡᠯ᠎ᠡ ᠪᠦᠭᠦᠳᠡ ᠶᠢ ᠨᠤᠷᠠᠭᠠᠵᠤ ᠪᠤᠵᠠᠷᠯᠠᠵᠠᠢ᠃ 20 ᠶᠣᠰᠢᠶ᠎ᠠ ᠲᠡᠨᠳᠡᠬᠢ ᠶᠢᠨ ᠮᠥᠷᠭᠥᠯ ᠦᠨ ᠮᠠᠨᠳᠠᠯ ᠤᠨ ᠲᠠᠬᠢᠯᠴᠢᠳ ᠢ ᠪᠦᠭᠦᠳᠡ ᠶᠢ ᠲᠠᠬᠢᠯ ᠤᠨ ᠰᠢᠷᠡᠭᠡᠨ ᠳᠡᠭᠡᠷ᠎ᠡ ᠴᠠᠭᠠᠵᠠᠯᠠᠭᠤᠯᠵᠤ᠂ ᠲᠡᠳᠡᠭᠡᠷ ᠰᠢᠷᠡᠭᠡᠨ ᠳᠡᠭᠡᠷ᠎ᠡ ᠬᠥᠮᠦᠨ ᠦ ᠶᠠᠰᠤ ᠶᠢ ᠰᠢᠲᠠᠭᠠᠭᠰᠠᠨ ᠤ ᠳᠠᠷᠠᠭ᠎ᠠ ᠶᠧᠷᠦ᠋ᠰᠠᠯᠧᠮ ᠥᠭᠡᠳᠡ ᠪᠤᠴᠠᠪᠠ᠃
21 ᠬᠠᠭᠠᠨ ᠪᠦᠬᠦ ᠠᠷᠠᠳ ᠲᠦᠮᠡᠨ ᠳᠡᠭᠡᠨ᠄ 《ᠡᠨᠡ ᠭᠡᠷ᠎ᠡ ᠶᠢᠨ ᠨᠣᠮ ᠳᠤ ᠪᠢᠴᠢᠭᠳᠡᠭᠰᠡᠨ ᠶᠣᠰᠣᠭᠠᠷ ᠪᠤᠷᠬᠠᠨ ᠶᠣᠬᠣᠸᠠ ᠳᠠᠭᠠᠨ ᠭᠡᠲᠦᠯᠭᠡᠭᠰᠡᠨ ᠦ ᠪᠠᠶᠠᠷ ᠢ ᠲᠡᠮᠳᠡᠭᠯᠡᠭᠲᠦᠨ》 ᠭᠡᠵᠦ ᠲᠤᠰᠢᠶᠠᠪᠠ᠃ 22 ᠦᠨᠡᠨ ᠳᠡᠭᠡᠨ ᠢᠰᠷᠧᠯ ᠢ ᠰᠢᠭᠦᠭᠴᠢᠳ ᠵᠠᠬᠢᠷᠤᠭᠰᠠᠨ ᠡᠳᠦᠷ ᠡᠴᠡ ᠬᠣᠢᠰᠢ᠂ ᠢᠰᠷᠧᠯ ᠤᠨ ᠬᠠᠭᠠᠳ ᠤᠨ ᠦᠶ᠎ᠡ ᠳᠦ ᠴᠤ᠂ ᠶᠦᠳᠠ ᠶᠢᠨ ᠬᠠᠭᠠᠳ ᠤᠨ ᠦᠶ᠎ᠡ ᠳᠦ ᠴᠤ ᠭᠡᠲᠦᠯᠭᠡᠭᠰᠡᠨ ᠦ ᠪᠠᠶᠠᠷ ᠡᠨᠡ ᠮᠡᠲᠦ ᠲᠡᠮᠳᠡᠭᠯᠡᠭᠳᠡᠵᠦ ᠪᠠᠢᠭ᠎ᠠ ᠦᠭᠡᠢ ᠪᠢᠯᠡ᠃ 23 ᠶᠣᠰᠢᠶ᠎ᠠ ᠬᠠᠭᠠᠨ ᠤ ᠠᠷᠪᠠᠨ ᠨᠠᠢ᠌ᠮᠠᠳᠤᠭᠠᠷ ᠣᠨ ᠳᠤ᠂ ᠡᠢᠮᠦᠷᠬᠦ ᠭᠡᠲᠦᠯᠭᠡᠭᠰᠡᠨ ᠦ ᠪᠠᠶᠠᠷ ᠶᠧᠷᠦ᠋ᠰᠠᠯᠧᠮ ᠳᠤ ᠶᠣᠬᠣᠸᠠ ᠶᠢᠨ ᠡᠮᠦᠨ᠎ᠡ ᠲᠡᠮᠳᠡᠭᠯᠡᠭᠳᠡᠭᠰᠡᠨ ᠶᠤᠮ᠃
24 ᠶᠣᠰᠢᠶ᠎ᠠ ᠪᠠᠷ ᠲᠠᠬᠢᠯᠴᠢ ᠾᠢᠯᠺᠢᠶ᠎ᠠ ᠶᠢᠨ ᠶᠣᠬᠣᠸᠠ ᠶᠢᠨ ᠥᠷᠭᠥᠭᠡᠨ ᠡᠴᠡ ᠣᠯᠣᠭᠰᠠᠨ ᠨᠣᠮ ᠳᠤ ᠪᠢᠴᠢᠭᠳᠡᠭᠰᠡᠨ ᠬᠠᠤᠯᠢ ᠶᠢᠨ ᠦᠭᠡᠰ ᠢ ᠬᠡᠷᠡᠭᠵᠢᠭᠦᠯᠬᠦ ᠶᠢᠨ ᠲᠤᠯᠠᠳᠠ ᠶᠦᠳᠠ ᠪᠣᠯᠣᠨ ᠶᠧᠷᠦ᠋ᠰᠠᠯᠧᠮ ᠤᠨ ᠭᠠᠵᠠᠷ ᠲᠤ ᠦᠵᠡᠭᠳᠡᠭᠰᠡᠨ ᠪᠦᠬᠦ ᠰᠦᠨᠡᠰᠦ ᠳᠠᠭᠤᠳᠠᠭᠴᠢ᠂ ᠪᠥᠭᠡ ᠢᠳᠤᠭᠠᠨ᠂ ᠭᠡᠷ ᠦᠨ ᠬᠥᠷᠥᠭ᠂ ᠰᠢᠲᠦᠭᠡᠨ ᠪᠣᠯᠣᠨ ᠠᠯᠢᠪᠠ ᠵᠢᠭᠰᠢᠭᠦᠷᠢᠲᠦ ᠵᠦᠢᠯ ᠢ ᠠᠷᠢᠯᠭᠠᠵᠠᠢ᠃ 25 ᠶᠣᠰᠢᠶ᠎ᠠ ᠰᠢᠭ᠋ ᠪᠦᠬᠦ ᠵᠢᠷᠦᠬᠡ᠂ ᠪᠦᠬᠦ ᠠᠮᠢ᠂ ᠪᠦᠬᠦ ᠬᠦᠴᠦ ᠪᠡᠷ ᠢᠶᠠᠨ ᠮᠣᠰᠧ ᠶᠢᠨ ᠪᠦᠬᠦ ᠬᠠᠤᠯᠢ ᠶᠢ ᠳᠠᠭᠠᠨ ᠶᠣᠬᠣᠸᠠ ᠤᠷᠤᠭᠤ ᠡᠷᠭᠢᠭᠰᠡᠨ ᠬᠠᠭᠠᠨ ᠲᠡᠭᠦᠨ ᠡᠴᠡ ᠡᠮᠦᠨ᠎ᠡ ᠴᠤ᠂ ᠲᠡᠭᠦᠨ ᠡᠴᠡ ᠬᠣᠢᠰᠢ ᠴᠤ ᠪᠠᠢᠭᠰᠠᠨ ᠦᠭᠡᠢ᠃
26 ᠭᠡᠪᠡᠴᠦ ᠮᠠᠨᠠᠰᠧ ᠬᠢᠭᠰᠡᠨ ᠪᠦᠬᠦᠨ ᠢᠶᠡᠷ ᠢᠶᠠᠨ ᠶᠣᠬᠣᠸᠠ ᠶᠢ ᠬᠢᠯᠢᠩᠨᠡᠭᠦᠯᠦᠭᠰᠡᠨ ᠤᠴᠢᠷ ᠠᠴᠠ ᠶᠦᠳᠠ ᠶᠢᠨ ᠡᠰᠡᠷᠭᠦ ᠳᠦᠷᠡᠯᠵᠡᠭᠰᠡᠨ ᠶᠡᠬᠡ ᠬᠢᠯᠢᠩ ᠡᠴᠡ ᠪᠡᠨ ᠶᠣᠬᠣᠸᠠ ᠪᠤᠴᠠᠭᠰᠠᠨ ᠦᠭᠡᠢ᠃ 27 ᠶᠣᠬᠣᠸᠠ ᠠᠢᠯᠠᠳᠬᠤ ᠳᠠᠭᠠᠨ᠄ 《ᠪᠢ ᠢᠰᠷᠧᠯ ᠢ ᠵᠠᠢᠯᠠᠭᠤᠯᠤᠭᠰᠠᠨ ᠰᠢᠭ᠋ ᠢᠶᠠᠨ ᠶᠦᠳᠠ ᠶᠢ ᠴᠤ ᠥᠪᠡᠷ ᠦᠨ ᠢᠶᠠᠨ ᠣᠷᠣᠰᠢᠬᠤᠢ ᠠᠴᠠ ᠵᠠᠢᠯᠠᠭᠤᠯᠤᠨ᠎ᠠ᠂ ᠥᠪᠡᠷ ᠦᠨ ᠢᠶᠠᠨ ᠰᠣᠩ᠋ᠭᠣᠭᠰᠠᠨ ᠬᠣᠲᠠ ᠶᠧᠷᠦ᠋ᠰᠠᠯᠧᠮ ᠢ ᠴᠤ᠂ ᠨᠡᠷ᠎ᠡ ᠪᠡᠨ ᠪᠠᠢᠯᠭᠠᠬᠤ ᠭᠡᠰᠡᠨ ᠡᠨᠡ ᠥᠷᠭᠥᠭᠡ ᠶᠢ ᠴᠤ ᠣᠭᠣᠷᠣᠨᠠ》 ᠭᠡᠰᠡᠨ ᠶᠤᠮ᠃
28 ᠶᠣᠰᠢᠶ᠎ᠠ ᠶᠢᠨ ᠪᠤᠰᠤᠳ ᠶᠠᠪᠤᠳᠠᠯ ᠪᠣᠯᠣᠨ ᠲᠡᠭᠦᠨ ᠦ ᠬᠢᠭᠰᠡᠨ ᠪᠦᠭᠦᠳᠡ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 29 ᠲᠡᠭᠦᠨ ᠦ ᠡᠳᠦᠷ ᠤᠳ ᠲᠤ ᠶᠧᠵᠢᠫᠲ ᠤᠨ ᠬᠠᠭᠠᠨ ᠹᠠᠷᠠᠣ᠋ ᠨᠧᠺᠣ ᠠᠰᠢᠷᠢᠶ᠎ᠠ ᠶᠢᠨ ᠬᠠᠭᠠᠨ ᠳᠤ ᠲᠤᠰᠠᠯᠠᠬᠤ ᠪᠠᠷ ᠡᠶᠦ᠋ᠹᠷᠠᠲ᠋ᠧᠰ ᠮᠥᠷᠡᠨ ᠲᠡᠰᠢ ᠳᠡᠪᠰᠢᠪᠡ᠃ ᠶᠣᠰᠢᠶ᠎ᠠ ᠬᠠᠭᠠᠨ ᠲᠡᠭᠦᠨ ᠲᠡᠢ ᠲᠤᠯᠤᠯᠳᠤᠬᠤ ᠪᠠᠷ ᠣᠴᠢᠬᠤ ᠳᠤ᠂ ᠹᠠᠷᠠᠣ᠋ ᠲᠡᠭᠦᠨ ᠢ ᠦᠵᠡᠭᠡᠳ ᠮᠧᠭᠢᠳᠣ᠋ ᠳᠤ ᠠᠯᠠᠪᠠ᠃ 30 ᠶᠣᠰᠢᠶ᠎ᠠ ᠶᠢᠨ ᠲᠦᠰᠢᠮᠡᠳ ᠲᠡᠭᠦᠨ ᠦ ᠴᠣᠭᠴᠠ ᠶᠢ ᠲᠡᠷᠭᠡᠨ ᠳᠡᠭᠡᠷ᠎ᠡ ᠲᠠᠯᠪᠢᠵᠤ᠂ ᠮᠧᠭᠢᠳᠣ᠋ ᠡᠴᠡ ᠶᠧᠷᠦ᠋ᠰᠠᠯᠧᠮ ᠳᠤ ᠠᠪᠴᠢᠷᠠᠭᠠᠳ ᠥᠪᠡᠷ ᠦᠨ ᠬᠢᠨᠢ ᠪᠤᠯᠠᠰᠢᠨ ᠳᠤ ᠣᠷᠣᠰᠢᠭᠤᠯᠵᠠᠢ᠃ ᠲᠡᠷᠡ ᠭᠠᠵᠠᠷ ᠤᠨ ᠠᠷᠠᠳ ᠲᠦᠮᠡᠨ ᠶᠣᠰᠢᠶ᠎ᠠ ᠶᠢᠨ ᠬᠦᠦ ᠶᠧᠬᠣᠶᠠᠬᠠᠽ ᠢ ᠠᠪᠴᠢᠷᠠᠵᠤ᠂ ᠲᠡᠭᠦᠨ ᠢ ᠲᠣᠰᠣᠯᠠᠨ᠂ ᠡᠴᠢᠭᠡ ᠶᠢᠨ ᠬᠢᠨᠢ ᠣᠷᠣᠨ ᠳᠤ ᠬᠠᠭᠠᠨ ᠪᠣᠯᠭᠠᠪᠠ᠃
ᠶᠦᠳᠠ ᠶᠢᠨ ᠰᠡᠭᠦᠯᠴᠢ ᠶᠢᠨ ᠳᠥᠷᠪᠡᠨ ᠬᠠᠭᠠᠨ
31 ᠶᠧᠬᠣᠶᠠᠬᠠᠽ ᠬᠣᠷᠢᠨ ᠭᠤᠷᠪᠠᠨ ᠨᠠᠰᠤᠲᠠᠢ ᠳᠠᠭᠠᠨ ᠬᠠᠭᠠᠨ ᠪᠣᠯᠵᠤ ᠶᠧᠷᠦ᠋ᠰᠠᠯᠧᠮ ᠳᠤ ᠭᠤᠷᠪᠠᠨ ᠰᠠᠷ᠎ᠠ ᠬᠠᠭᠠᠨᠴᠢᠯᠠᠵᠠᠢ᠃ ᠡᠬᠡ ᠨᠢ ᠯᠢᠪᠨᠠ ᠬᠥᠮᠦᠨ ᠶᠧᠷᠧᠮᠢᠶ᠎ᠠ ᠶᠢᠨ ᠥᠬᠢᠨ ᠬᠠᠮᠦ᠋ᠲ᠋ᠠᠯ ᠪᠠᠢᠪᠠ᠃ 32 ᠲᠡᠷᠡ ᠪᠡᠷ ᠡᠴᠢᠭᠡ ᠡᠪᠦᠭᠡᠳ ᠦᠨ ᠢᠶᠠᠨ ᠦᠢᠯᠡᠳᠦᠭᠰᠡᠨ ᠪᠦᠬᠦᠨ ᠢ ᠳᠠᠭᠤᠷᠢᠶᠠᠨ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠴᠡᠢ᠃ 33 ᠹᠠᠷᠠᠣ᠋ ᠨᠧᠺᠣ ᠲᠡᠭᠦᠨ ᠢ ᠬᠠᠮᠠᠲ ᠨᠤᠲᠤᠭ ᠳᠠᠬᠢ ᠷᠢᠪᠯᠠ ᠳᠤ ᠬᠣᠷᠢᠭᠰᠠᠨ ᠲᠤᠯᠠ ᠲᠡᠷᠡ ᠶᠧᠷᠦ᠋ᠰᠠᠯᠧᠮ ᠳᠤ ᠬᠠᠭᠠᠨᠴᠢᠯᠠᠵᠤ ᠴᠢᠳᠠᠭᠰᠠᠨ ᠦᠭᠡᠢ᠃ ᠹᠠᠷᠠᠣ᠋ ᠶᠦᠳᠠ ᠠᠴᠠ ᠵᠠᠭᠤᠨ ᠲᠠᠯᠠᠨᠲ 26 ᠮᠥᠩᠭᠥ᠂ ᠨᠢᠭᠡ ᠲᠠᠯᠠᠨᠲ 27 ᠠᠯᠲᠠᠨ ᠤ ᠲᠣᠷᠭᠠᠭᠤᠯᠢ ᠨᠣᠭᠳᠠᠭᠤᠯᠪᠠ᠃ 34 ᠹᠠᠷᠠᠣ᠋ ᠨᠧᠺᠣ ᠶᠣᠰᠢᠶ᠎ᠠ ᠶᠢᠨ ᠬᠦᠦ ᠡᠯᠢᠶᠠᠺᠢᠮ ᠢ ᠡᠴᠢᠭᠡ ᠶᠢᠨ ᠬᠢᠨᠢ ᠣᠷᠣᠨ ᠳᠤ ᠬᠠᠭᠠᠨ ᠪᠣᠯᠭᠠᠵᠤ᠂ ᠲᠡᠭᠦᠨ ᠦ ᠨᠡᠷ᠎ᠡ ᠶᠢ ᠶᠧᠬᠣᠢᠶᠠᠺᠢᠮ ᠭᠡᠵᠦ ᠬᠠᠯᠠᠭᠰᠠᠨ ᠪᠥᠭᠡᠳ ᠶᠧᠬᠣᠶᠠᠬᠠᠽ ᠢ ᠶᠧᠵᠢᠫᠲ ᠲᠤ ᠠᠪᠠᠴᠢᠭᠰᠠᠨ ᠳᠤ᠂ ᠲᠡᠷᠡ ᠲᠡᠨᠳᠡ ᠪᠡᠨ ᠦᠬᠦᠪᠡ᠃ 35 ᠢᠩᠭᠢᠭᠡᠳ ᠶᠧᠬᠣᠢᠶᠠᠺᠢᠮ ᠹᠠᠷᠠᠣ᠋ ᠳᠤ ᠠᠯᠲᠠ᠂ ᠮᠥᠩᠭᠥ ᠥᠭᠬᠦ ᠪᠣᠯᠵᠠᠢ᠃ ᠹᠠᠷᠠᠣ᠋ ᠶᠢᠨ ᠱᠠᠭᠠᠷᠳᠠᠯᠭ᠎ᠠ ᠶᠢ ᠳᠠᠭᠠᠵᠤ ᠲᠡᠷᠡ ᠮᠥᠩᠭᠥ ᠶᠢ ᠥᠭᠬᠦ ᠶᠢᠨ ᠲᠤᠯᠠᠳᠠ ᠲᠡᠷᠡ ᠪᠡᠷ ᠭᠠᠵᠠᠷ ᠨᠤᠲᠤᠭ ᠲᠠᠭᠠᠨ ᠲᠠᠲᠠᠪᠤᠷᠢ ᠨᠣᠭᠳᠠᠭᠤᠯᠪᠠ᠃ ᠲᠡᠷᠡ ᠹᠠᠷᠠᠣ᠋ ᠨᠧᠺᠣ ᠳᠤ ᠥᠭᠬᠦ ᠶᠢᠨ ᠲᠤᠯᠠᠳᠠ ᠭᠠᠵᠠᠷ ᠨᠤᠲᠤᠭ ᠤᠨ ᠢᠶᠠᠨ ᠠᠷᠠᠳ ᠲᠦᠮᠡᠨ ᠦ ᠬᠥᠮᠦᠨ ᠪᠦᠷᠢ ᠡᠴᠡ ᠴᠢᠳᠠᠯ ᠤᠨ ᠬᠢᠨᠢ ᠬᠢᠷᠢ ᠪᠠᠷ ᠠᠯᠲᠠ ᠮᠥᠩᠭᠥ ᠬᠤᠷᠢᠶᠠᠪᠠ᠃
36 ᠶᠧᠬᠣᠢᠶᠠᠺᠢᠮ ᠬᠣᠷᠢᠨ ᠲᠠᠪᠤᠨ ᠨᠠᠰᠤᠲᠠᠢ ᠳᠠᠭᠠᠨ ᠬᠠᠭᠠᠨ ᠪᠣᠯᠵᠤ᠂ ᠶᠧᠷᠦ᠋ᠰᠠᠯᠧᠮ ᠳᠤ ᠠᠷᠪᠠᠨ ᠨᠢᠭᠡᠨ ᠵᠢᠯ ᠬᠠᠭᠠᠨᠴᠢᠯᠠᠪᠠ᠃ ᠡᠬᠡ ᠨᠢ ᠷᠦᠮᠠ ᠬᠥᠮᠦᠨ ᠫᠧᠳᠠᠶᠠ ᠶᠢᠨ ᠥᠬᠢᠨ ᠽᠧᠪᠢᠳᠠ ᠪᠠᠢᠪᠠ᠃ 37 ᠲᠡᠷᠡ ᠪᠡᠷ ᠡᠴᠢᠭᠡ ᠡᠪᠦᠭᠡᠳ ᠦᠨ ᠢᠶᠠᠨ ᠦᠢᠯᠡᠳᠦᠭᠰᠡᠨ ᠪᠦᠬᠦᠨ ᠢ ᠳᠠᠭᠤᠷᠢᠶᠠᠨ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠴᠡᠢ᠃