1 2 3 4 5 6 7 8 9 10 11 12 13 14 15 16 17 18 19 20 21 22 23 24 25


ᠬᠠᠭᠠᠳ ᠤᠨ ᠳᠡᠳ᠋ ᠠᠷᠪᠠᠨ ᠭᠤᠷᠪᠠ
 ᠢᠰᠷᠧᠯ ᠤᠨ ᠬᠠᠭᠠᠨ ᠶᠧᠬᠣᠶᠠᠬᠠᠽ

1 ᠠᠬᠠᠽᠢᠶ᠎ᠠ ᠶᠢᠨ ᠬᠦᠦ ᠶᠦᠳᠠ ᠶᠢᠨ ᠬᠠᠭᠠᠨ ᠶᠣᠶᠠᠱ ᠤᠨ ᠬᠣᠷᠢᠨ ᠭᠤᠷᠪᠠᠳᠤᠭᠠᠷ ᠣᠨ ᠳᠤ᠂ ᠶᠧᠾᠦ᠋ ᠶᠢᠨ ᠬᠦᠦ ᠶᠧᠬᠣᠶᠠᠬᠠᠽ ᠰᠠᠮᠠᠷᠢᠶ᠎ᠠ ᠳᠤ ᠢᠰᠷᠧᠯ ᠤᠨ ᠬᠠᠭᠠᠨ ᠪᠣᠯᠵᠤ᠂ ᠠᠷᠪᠠᠨ ᠳᠣᠯᠣᠭᠠᠨ ᠵᠢᠯ ᠵᠠᠬᠢᠷᠴᠠᠢ᠃ 2 ᠲᠡᠷᠡ ᠪᠡᠷ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠦᠭᠰᠡᠨ ᠪᠥᠭᠡᠳ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠧᠪᠠᠲ ᠤᠨ ᠬᠦᠦ ᠶᠧᠷᠣᠪᠣᠶᠠᠮ ᠤᠨ ᠨᠢᠭᠦᠯ ᠡᠴᠡ ᠡᠷᠭᠢᠯ ᠦᠭᠡᠢ ᠲᠡᠭᠦᠨ ᠢ ᠮᠥᠷᠳᠡᠵᠡᠢ᠃ 3 ᠲᠡᠢᠮᠦ ᠡᠴᠡ ᠶᠣᠬᠣᠸᠠ ᠶᠢᠨ ᠠᠭᠤᠷ ᠬᠢᠯᠢᠩ ᠢᠰᠷᠧᠯ ᠤᠨ ᠡᠰᠡᠷᠭᠦ ᠳᠦᠷᠡᠯᠵᠡᠵᠦ᠂ ᠶᠣᠬᠣᠸᠠ ᠲᠡᠳᠡᠨ ᠦ ᠪᠦᠬᠦ ᠡᠳᠦᠷ ᠤᠳ ᠢ ᠠᠷᠠᠮ ᠤᠨ ᠬᠠᠭᠠᠨ ᠬᠠᠽᠠᠶᠧᠯ ᠪᠣᠯᠣᠨ ᠲᠡᠭᠦᠨ ᠦ ᠬᠦᠦ ᠪᠧᠨ ᠬᠠᠳᠠᠳ᠋ ᠤᠨ ᠭᠠᠷ ᠲᠤ ᠲᠤᠰᠢᠶᠠᠭᠰᠠᠨ ᠪᠠᠢᠪᠠ᠃ 4 ᠬᠠᠷᠢᠨ ᠶᠧᠬᠣᠶᠠᠬᠠᠽ ᠶᠣᠬᠣᠸᠠ ᠶᠢᠨ ᠲᠠᠭᠠᠯᠠᠯ ᠢ ᠭᠤᠶᠤᠭᠰᠠᠨ ᠳᠤ᠂ ᠶᠣᠬᠣᠸᠠ ᠲᠡᠭᠦᠨ ᠦ ᠬᠢ ᠶᠢ ᠰᠣᠨᠣᠰᠪᠠ᠃ ᠶᠣᠬᠣᠸᠠ ᠢᠰᠷᠧᠯ ᠤᠨ ᠳᠠᠷᠤᠯᠠᠭᠳᠠᠵᠤ ᠪᠠᠢᠬᠤ ᠪᠠ ᠠᠷᠠᠮ ᠤᠨ ᠬᠠᠭᠠᠨ ᠤ ᠳᠣᠣᠷ᠎ᠠ ᠵᠣᠪᠠᠵᠤ ᠪᠠᠢᠬᠤ ᠶᠢ ᠬᠠᠷᠠᠵᠠᠢ᠃ 5 ᠶᠣᠬᠣᠸᠠ ᠢᠰᠷᠧᠯ ᠳᠤ ᠨᠢᠭᠡᠨ ᠠᠪᠤᠷᠠᠭᠴᠢ ᠶᠢ ᠰᠣᠶᠣᠷᠬᠠᠭᠰᠠᠨ ᠳᠤ᠂ ᠲᠡᠳᠡ ᠠᠷᠠᠮᠴᠤᠳ ᠤᠨ ᠭᠠᠷ ᠠᠴᠠ ᠮᠤᠯᠲᠤᠷᠠᠵᠠᠢ᠃ ᠢᠩᠭᠢᠭᠡᠳ ᠢᠰᠷᠧᠯᠴᠦᠳ ᠤᠤᠯ ᠤᠨ ᠢᠶᠠᠨ ᠠᠳᠠᠯᠢ ᠮᠠᠢᠬᠠᠨ ᠳᠠᠭᠠᠨ ᠠᠮᠢᠳᠤᠷᠠᠪᠠ᠃ 6 ᠬᠠᠷᠢᠨ ᠲᠡᠳᠡ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠶᠧᠷᠣᠪᠣᠶᠠᠮ ᠤᠨ ᠭᠡᠷ ᠦᠨ ᠨᠢᠭᠦᠯ ᠡᠴᠡ ᠰᠠᠯᠤᠯ ᠦᠭᠡᠢ᠂ ᠲᠡᠷᠡ ᠬᠦ ᠵᠠᠮ ᠢᠶᠠᠷ ᠶᠠᠪᠤᠭᠰᠠᠭᠠᠷ ᠪᠠᠢᠪᠠ᠃ ᠠᠱᠧᠷᠠ ᠴᠤ ᠰᠠᠮᠠᠷᠢᠶ᠎ᠠ ᠳᠤ ᠬᠡᠪ ᠢᠶᠡᠷ ᠢᠶᠠᠨ ᠦᠯᠡᠳᠡᠵᠡᠢ᠃ 7 ᠬᠣᠵᠢᠮ ᠨᠢ ᠶᠧᠬᠣᠶᠠᠬᠠᠽ ᠶᠢᠨ ᠴᠡᠷᠢᠭ ᠡᠴᠡ ᠲᠠᠪᠢᠨ ᠮᠣᠷᠢᠲᠠᠨ᠂ ᠠᠷᠪᠠᠨ ᠲᠡᠷᠭᠡ ᠪᠣᠯᠣᠨ ᠲᠦᠮᠡᠨ ᠶᠠᠪᠠᠭᠠᠨ ᠴᠡᠷᠢᠭ ᠯᠠ ᠦᠯᠡᠳᠡᠵᠡᠢ᠃ ᠪᠤᠰᠤᠳ ᠢ ᠨᠢ ᠠᠷᠠᠮ ᠤᠨ ᠬᠠᠭᠠᠨ ᠤᠰᠠᠳᠬᠠᠨ ᠦᠲᠦᠷᠮ᠎ᠡ ᠶᠢᠨ ᠬᠣᠭ ᠮᠡᠲᠦ ᠪᠣᠯᠭᠠᠵᠤ ᠣᠷᠬᠢᠭᠰᠠᠨ ᠶᠤᠮ᠃ 8 ᠶᠧᠬᠣᠶᠠᠬᠠᠽ ᠤᠨ ᠪᠤᠰᠤᠳ ᠶᠠᠪᠤᠳᠠᠯ᠂ ᠲᠡᠭᠦᠨ ᠦ ᠬᠢᠭᠰᠡᠨ ᠪᠦᠬᠦ ᠠᠵᠢᠯ ᠪᠣᠯᠣᠨ ᠲᠡᠭᠦᠨ ᠦ ᠡᠷᠬᠡ ᠮᠡᠳᠡᠯ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 9 ᠶᠧᠬᠣᠶᠠᠬᠠᠽ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠥᠮᠦᠰ ᠲᠡᠭᠦᠨ ᠢ ᠰᠠᠮᠠᠷᠢᠶ᠎ᠠ ᠳᠤ ᠣᠷᠣᠰᠢᠭᠤᠯᠪᠠ᠃ ᠬᠦᠦ ᠶᠧᠬᠣᠶᠠᠱ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃
 ᠢᠰᠷᠧᠯ ᠤᠨ ᠬᠠᠭᠠᠨ ᠶᠧᠬᠣᠶᠠᠱ

10 ᠶᠦᠳᠠ ᠶᠢᠨ ᠬᠠᠭᠠᠨ ᠶᠣᠶᠠᠱ ᠤᠨ ᠭᠤᠴᠢᠨ ᠳᠣᠯᠣᠳᠤᠭᠠᠷ ᠣᠨ ᠳᠤ᠂ ᠶᠧᠬᠣᠶᠠᠬᠠᠽ ᠤᠨ ᠬᠦᠦ ᠶᠧᠬᠣᠶᠠᠱ ᠰᠠᠮᠠᠷᠢᠶ᠎ᠠ ᠳᠤ ᠢᠰᠷᠧᠯ ᠤᠨ ᠬᠠᠭᠠᠨ ᠪᠣᠯᠵᠤ᠂ ᠠᠷᠪᠠᠨ ᠵᠢᠷᠭᠤᠭᠠᠨ ᠵᠢᠯ ᠵᠠᠬᠢᠷᠴᠠᠢ᠃ 11 ᠲᠡᠷᠡ ᠪᠡᠷ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠦᠭᠰᠡᠨ ᠪᠥᠭᠡᠳ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠧᠪᠠᠲ ᠤᠨ ᠬᠦᠦ ᠶᠧᠷᠣᠪᠣᠶᠠᠮ ᠤᠨ ᠠᠯᠢᠪᠠ ᠨᠢᠭᠦᠯ ᠡᠴᠡ ᠰᠠᠯᠤᠯ ᠦᠭᠡᠢ᠂ ᠲᠡᠷᠡ ᠬᠦ ᠵᠠᠮ ᠢᠶᠠᠷ ᠶᠠᠪᠤᠭᠰᠠᠭᠠᠷ ᠪᠠᠢᠪᠠ᠃ 12 ᠶᠧᠬᠣᠶᠠᠱ ᠤᠨ ᠪᠤᠰᠤᠳ ᠶᠠᠪᠤᠳᠠᠯ᠂ ᠲᠡᠭᠦᠨ ᠦ ᠬᠢᠭᠰᠡᠨ ᠪᠦᠬᠦ ᠠᠵᠢᠯ᠂ ᠶᠦᠳᠠ ᠶᠢᠨ ᠬᠠᠭᠠᠨ ᠠᠮᠠᠽᠢᠶ᠎ᠠ ᠲᠠᠢ ᠪᠠᠢᠯᠳᠤᠭᠰᠠᠨ ᠦᠶ᠎ᠡ ᠶᠢᠨ ᠲᠡᠭᠦᠨ ᠦ ᠬᠦᠴᠦ ᠴᠢᠳᠠᠯ ᠵᠡᠷᠭᠡ ᠨᠢ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 13 ᠶᠧᠬᠣᠶᠠᠱ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠶᠧᠷᠣᠪᠣᠶᠠᠮ ᠲᠡᠭᠦᠨ ᠦ ᠰᠡᠨᠲᠢ ᠳᠤ ᠰᠠᠭᠤᠵᠠᠢ᠃ ᠶᠧᠬᠣᠶᠠᠱ ᠢ ᠢᠰᠷᠧᠯ ᠤᠨ ᠬᠠᠭᠠᠳ ᠲᠠᠢ ᠬᠠᠮᠲᠤ ᠰᠠᠮᠠᠷᠢᠶ᠎ᠠ ᠳᠤ ᠣᠷᠣᠰᠢᠭᠤᠯᠵᠠᠢ᠃

14 ᠡᠯᠢᠱᠠ ᠳᠤ ᠦᠬᠦᠬᠦ ᠡᠪᠡᠳᠴᠢᠨ ᠲᠤᠰᠴᠤ ᠨᠠᠰᠤ ᠪᠠᠷᠠᠬᠤ ᠪᠣᠯᠣᠯ᠎ᠠ᠃ ᠢᠰᠷᠧᠯ ᠤᠨ ᠬᠠᠭᠠᠨ ᠶᠧᠬᠣᠶᠠᠱ ᠲᠡᠭᠦᠨ ᠤᠷᠤᠭᠤ ᠣᠴᠢᠭᠠᠳ ᠤᠬᠢᠯᠠᠨ᠄ 《ᠠᠪᠤ ᠮᠢᠨᠢ᠂ ᠠᠪᠤ ᠮᠢᠨᠢ᠂ ᠢᠰᠷᠧᠯ ᠤᠨ ᠲᠡᠷᠭᠡ ᠪᠠ ᠲᠡᠭᠦᠨ ᠦ ᠮᠣᠷᠢᠲᠠᠨ ᠢᠶᠠᠨ︕》 ᠭᠡᠪᠡ᠃ 15 ᠡᠯᠢᠱᠠ ᠲᠡᠭᠦᠨ ᠳᠦ᠄ 《ᠨᠤᠮᠤ ᠰᠤᠮᠤ ᠪᠠᠨ ᠠᠪ》 ᠭᠡᠬᠦ ᠳᠦ᠂ ᠲᠡᠷᠡ ᠪᠡᠷ ᠨᠤᠮᠤ ᠰᠤᠮᠤ ᠪᠠᠨ ᠠᠪᠤᠪᠠ᠃ 16 ᠡᠯᠢᠱᠠ ᠢᠰᠷᠧᠯ ᠤᠨ ᠬᠠᠭᠠᠨ ᠳᠤ᠄ 《ᠭᠠᠷ ᠢᠶᠠᠨ ᠨᠤᠮᠤ ᠳᠡᠭᠡᠷ᠎ᠡ ᠲᠠᠯᠪᠢᠭᠲᠤᠨ》 ᠭᠡᠬᠦ ᠳᠦ᠂ ᠲᠡᠷᠡ ᠪᠡᠷ ᠭᠠᠷ ᠢᠶᠠᠨ ᠲᠠᠯᠪᠢᠭᠰᠠᠨ ᠳᠤ᠂ ᠲᠡᠭᠦᠨ ᠦ ᠭᠠᠷ ᠳᠡᠭᠡᠷ᠎ᠡ ᠡᠯᠢᠱᠠ ᠭᠠᠷ ᠢᠶᠠᠨ ᠲᠠᠯᠪᠢᠪᠠ᠃ 17 ᠡᠯᠢᠱᠠ᠄ 《ᠵᠡᠭᠦᠨ ᠲᠡᠰᠢ ᠬᠠᠷᠠᠭᠰᠠᠨ ᠴᠣᠩ᠋ᠬᠣ ᠶᠢ ᠨᠡᠭᠡᠭᠡ》 ᠭᠡᠬᠦ ᠳᠦ᠂ ᠲᠡᠷᠡ ᠨᠡᠭᠡᠭᠡᠪᠡ᠃ ᠲᠡᠭᠡᠭᠡᠳ ᠡᠯᠢᠱᠠ᠄ 《ᠬᠠᠷᠪᠤᠭᠲᠤᠨ︕》 ᠭᠡᠰᠡᠨ ᠳᠦ᠂ ᠲᠡᠷᠡ ᠬᠠᠷᠪᠤᠪᠠ᠃ ᠡᠯᠢᠱᠠ᠄ 《ᠶᠣᠬᠣᠸᠠ ᠶᠢᠨ ᠢᠯᠠᠯᠲᠠ ᠶᠢᠨ ᠰᠤᠮᠤ᠂ ᠠᠷᠠᠮ ᠢ ᠢᠯᠠᠬᠤ ᠢᠯᠠᠯᠲᠠ ᠶᠢᠨ ᠰᠤᠮᠤ᠃ ᠲᠠ ᠠᠹᠧᠺ ᠲᠤ ᠠᠷᠠᠮᠴᠤᠳ ᠢ ᠴᠣᠬᠢᠵᠤ᠂ ᠤᠰᠠᠳᠬᠠᠬᠤ ᠪᠣᠯᠣᠨ᠎ᠠ》 ᠭᠡᠪᠡ᠃ 18 ᠳᠠᠷᠠᠭ᠎ᠠ ᠨᠢ ᠲᠡᠷᠡ᠄ 《ᠰᠤᠮᠤ ᠨᠤᠭᠤᠳ ᠢᠶᠠᠨ ᠠᠪ》 ᠭᠡᠬᠦ ᠳᠦ᠂ ᠬᠠᠭᠠᠨ ᠰᠤᠮᠤ ᠨᠤᠭᠤᠳ ᠢᠶᠠᠨ ᠠᠪᠤᠪᠠ᠃ ᠲᠡᠷᠡ ᠳᠠᠬᠢᠨ ᠢᠰᠷᠧᠯ ᠤᠨ ᠬᠠᠭᠠᠨ ᠳᠤ᠄ 《ᠭᠠᠵᠠᠷ ᠢ ᠴᠣᠬᠢᠭᠲᠤᠨ》 ᠭᠡᠬᠦ ᠳᠦ᠂ ᠬᠠᠭᠠᠨ ᠭᠤᠷᠪᠠ ᠤᠳᠠᠭ᠎ᠠ ᠴᠣᠬᠢᠭᠠᠳ ᠪᠣᠯᠢᠪᠠ᠃ 19 ᠪᠤᠷᠬᠠᠨ ᠤ ᠬᠥᠮᠦᠨ ᠲᠡᠭᠦᠨ ᠳᠦ ᠠᠭᠤᠷᠯᠠᠨ᠄ 《ᠲᠠ ᠲᠠᠪᠤ ᠪᠤᠶᠤ ᠵᠢᠷᠭᠤᠭ᠎ᠠ ᠤᠳᠠᠭ᠎ᠠ ᠴᠣᠬᠢᠬᠤ ᠪᠠᠢᠭᠰᠠᠨ ᠶᠤᠮ᠃ ᠲᠡᠭᠡᠭᠰᠡᠨ ᠪᠣᠯ ᠲᠠ ᠠᠷᠠᠮ ᠢ ᠴᠣᠬᠢᠵᠤ ᠤᠰᠠᠳᠬᠠᠬᠤ ᠪᠠᠢᠭᠰᠠᠨ᠃ ᠣᠳᠣ ᠲᠠ ᠠᠷᠠᠮ ᠢ ᠭᠤᠷᠪᠠᠨ ᠤᠳᠠᠭ᠎ᠠ ᠯᠠ ᠴᠣᠬᠢᠬᠤ ᠪᠣᠯᠣᠨ᠎ᠠ》 ᠭᠡᠵᠦ ᠬᠡᠯᠡᠪᠡ᠃ 20 ᠡᠯᠢᠱᠠ ᠥᠭᠡᠳᠡ ᠪᠣᠯᠣᠭᠰᠠᠨ ᠳᠤ᠂ ᠬᠥᠮᠦᠰ ᠲᠡᠭᠦᠨ ᠢ ᠣᠷᠣᠰᠢᠭᠤᠯᠪᠠ᠃ ᠬᠠᠪᠤᠷ ᠪᠣᠯᠬᠤ ᠪᠦᠷᠢ ᠮᠣᠶᠠᠪ ᠤᠨ ᠳᠡᠭᠡᠷᠡᠮ ᠦᠨ ᠪᠦᠯᠦᠭ ᠤᠳ ᠭᠠᠵᠠᠷ ᠨᠤᠲᠤᠭ ᠲᠤᠨᠢ ᠬᠠᠯᠳᠠᠳᠠᠭ ᠪᠠᠢᠪᠠ᠃ 21 ᠢᠰᠷᠧᠯᠴᠦᠳ ᠨᠢᠭᠡᠨ ᠬᠥᠮᠦᠨ ᠢ ᠣᠷᠣᠰᠢᠭᠤᠯᠵᠤ ᠪᠠᠢᠲᠠᠯ᠎ᠠ ᠳᠡᠭᠡᠷᠡᠮᠴᠢᠳ ᠤᠨ ᠪᠦᠯᠦᠭ ᠬᠠᠷᠠᠭᠳᠠᠬᠤ ᠳᠤ᠂ ᠥᠨᠥᠬᠢ ᠬᠥᠮᠦᠨ ᠢ ᠡᠯᠢᠱᠠ ᠶᠢᠨ ᠪᠤᠯᠠᠰᠢᠨ ᠳᠣᠲᠣᠷ᠎ᠠ ᠬᠠᠶᠠᠵᠠᠢ᠃ ᠬᠠᠷᠢᠨ ᠥᠨᠥᠬᠢ ᠬᠥᠮᠦᠨ ᠡᠯᠢᠱᠠ ᠶᠢᠨ ᠶᠠᠰᠤᠨ ᠳᠡᠭᠡᠷ᠎ᠡ ᠤᠨᠠᠮᠠᠭᠴᠠ ᠠᠮᠢ ᠣᠷᠣᠨ ᠰᠡᠷᠭᠦᠵᠦ᠂ ᠬᠥᠯ ᠳᠡᠭᠡᠷ᠎ᠡ ᠪᠡᠨ ᠪᠣᠰᠪᠠ᠃

22 ᠶᠧᠬᠣᠶᠠᠬᠠᠽ ᠤᠨ ᠪᠦᠬᠦᠢᠯᠡ ᠡᠳᠦᠷ ᠤᠳ ᠲᠤ ᠠᠷᠠᠮ ᠤᠨ ᠬᠠᠭᠠᠨ ᠬᠠᠽᠠᠶᠧᠯ ᠢᠰᠷᠧᠯ ᠢ ᠳᠠᠷᠤᠩ᠋ᠭᠤᠢᠯᠠᠪᠠ᠃ 23 ᠬᠠᠷᠢᠨ ᠶᠣᠬᠣᠸᠠ ᠠᠪᠷᠠᠬᠠᠮ᠂ ᠢᠰᠠᠺ᠂ ᠶᠠᠺᠣᠪ ᠲᠠᠢ ᠪᠠᠢᠭᠤᠯᠤᠭᠰᠠᠨ ᠭᠡᠷ᠎ᠡ ᠶᠢᠨ ᠢᠶᠠᠨ ᠤᠯᠠᠮ ᠢᠶᠠᠷ ᠢᠰᠷᠧᠯᠴᠦᠳ ᠢ ᠡᠨᠡᠷᠢᠨ ᠥᠷᠥᠪᠳᠥᠵᠦ᠂ ᠬᠠᠯᠠᠮᠵᠢᠯᠠᠭᠰᠠᠭᠠᠷ ᠥᠨᠥᠳᠥᠷ ᠬᠦᠷᠲᠡᠯ᠎ᠡ ᠤᠰᠠᠳᠬᠠᠬᠤ ᠪᠤᠶᠤ ᠥᠪᠡᠷ ᠦᠨ ᠢᠶᠠᠨ ᠣᠷᠣᠰᠢᠬᠤᠢ ᠠᠴᠠ ᠬᠥᠭᠡᠭᠡᠬᠦ ᠬᠦᠰᠡᠯ ᠦᠭᠡᠢ ᠪᠠᠢᠯ᠎ᠠ᠃

24 ᠠᠷᠠᠮ ᠤᠨ ᠬᠠᠭᠠᠨ ᠬᠠᠽᠠᠶᠧᠯ ᠨᠠᠰᠤ ᠪᠠᠷᠠᠭᠰᠠᠨ ᠳᠤ᠂ ᠬᠦᠦ ᠪᠧᠨ ᠬᠠᠳᠠᠳ᠋ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃ 25 ᠲᠡᠭᠡᠬᠦ ᠳᠦ ᠶᠧᠬᠣᠶᠠᠬᠠᠽ ᠤᠨ ᠬᠦᠦ ᠶᠧᠬᠣᠶᠠᠱ ᠬᠠᠽᠠᠶᠧᠯ ᠤᠨ ᠬᠦᠦ ᠪᠧᠨ ᠬᠠᠳᠠᠳ᠋ ᠤᠨ ᠭᠠᠷ ᠠᠴᠠ ᠬᠣᠲᠠ ᠨᠤᠭᠤᠳ ᠢᠶᠠᠨ ᠡᠷᠭᠢᠭᠦᠯᠦᠨ ᠠᠪᠴᠠᠢ᠃ ᠪᠧᠨ ᠬᠠᠳᠠᠳ᠋ ᠳᠠᠢᠨ ᠬᠢᠵᠦ ᠡᠳᠡᠭᠡᠷ ᠬᠣᠲᠠ ᠶᠢ ᠶᠧᠬᠣᠶᠠᠱ ᠤᠨ ᠡᠴᠢᠭᠡ ᠶᠧᠬᠣᠶᠠᠬᠠᠽ ᠤᠨ ᠭᠠᠷ ᠠᠴᠠ ᠪᠤᠯᠢᠶᠠᠨ ᠠᠪᠤᠭᠰᠠᠨ ᠪᠠᠢᠪᠠ᠃ ᠶᠧᠬᠣᠶᠠᠱ ᠭᠤᠷᠪᠠ ᠤᠳᠠᠭ᠎ᠠ ᠲᠡᠭᠦᠨ ᠢ ᠴᠣᠬᠢᠵᠤ᠂ ᠢᠰᠷᠧᠯ ᠤᠨ ᠬᠣᠲᠠ ᠨᠤᠭᠤᠳ ᠢ ᠪᠤᠴᠠᠭᠠᠨ ᠠᠪᠤᠭᠰᠠᠨ ᠪᠠᠢᠨ᠎ᠠ᠃