1 2 3 4 5 6 7 8 9 10 11 12 13 14 15 16 17 18 19 20 21 22 23 24 25


ᠬᠠᠭᠠᠳ ᠤᠨ ᠳᠡᠳ᠋ ᠳᠣᠯᠣᠭ᠎ᠠ

1 ᠡᠯᠢᠱᠠ᠄ 《ᠶᠣᠬᠣᠸᠠ ᠶᠢᠨ ᠦᠭᠡ ᠶᠢ ᠰᠣᠨᠣᠰᠣᠭᠲᠤᠨ᠃ ᠶᠣᠬᠣᠸᠠ ᠡᠢᠨ ᠬᠦ ᠠᠢᠯᠠᠳᠴᠤ ᠪᠠᠢᠨ᠎ᠠ᠄ 〈ᠮᠠᠷᠭᠠᠰᠢ ᠶᠢᠨ ᠡᠳᠦᠢ ᠳᠦ ᠰᠠᠮᠠᠷᠢᠶ᠎ᠠ ᠬᠣᠲᠠ ᠶᠢᠨ ᠬᠠᠭᠠᠯᠭᠠᠨ ᠳᠡᠭᠡᠷ᠎ᠡ ᠨᠢᠭᠡ ᠰᠧᠶ᠎ᠠ 13 ᠭᠤᠯᠢᠷ ᠢ ᠨᠢᠭᠡ ᠱᠧᠺᠧᠯ 14  ᠢᠶᠠᠷ᠂ ᠬᠣᠶᠠᠷ ᠰᠧᠶ᠎ᠠ 15 ᠠᠷᠪᠠᠢ ᠶᠢ ᠨᠢᠭᠡ ᠱᠧᠺᠧᠯ ᠢᠶᠠᠷ ᠬᠤᠳᠠᠯᠳᠤᠬᠤ ᠪᠣᠯᠣᠨ᠎ᠠ〉》 ᠭᠡᠪᠡ᠃ 2 ᠬᠠᠷᠢᠨ ᠬᠠᠭᠠᠨ ᠤ ᠭᠠᠷ ᠢ ᠲᠦᠰᠢᠳᠡᠭ ᠲᠦᠰᠢᠮᠡᠯ ᠪᠤᠷᠬᠠᠨ ᠤ ᠬᠥᠮᠦᠨ ᠳᠦ᠄ 《ᠬᠠᠷᠠ᠂ ᠶᠣᠬᠣᠸᠠ ᠲᠩᠷᠢ ᠶᠢᠨ ᠴᠣᠩ᠋ᠬᠣ ᠨᠤᠭᠤᠳ ᠢ ᠨᠡᠭᠡᠭᠡᠭᠰᠡᠨ ᠴᠤ ᠡᠢᠮᠦ ᠶᠠᠪᠤᠳᠠᠯ ᠪᠣᠯᠣᠨ᠎ᠠ ᠭᠡᠵᠢ ᠤᠤ︖》 ᠭᠡᠵᠦ ᠬᠠᠷᠢᠭᠤᠯᠬᠤ ᠳᠤ᠂ ᠡᠯᠢᠱᠠ᠄ 《ᠬᠠᠷᠠ᠂ ᠲᠠ ᠲᠡᠭᠦᠨ ᠢ ᠨᠢᠳᠦ ᠪᠡᠷ ᠢᠶᠠᠨ ᠦᠵᠡᠬᠦ ᠪᠣᠯᠪᠠᠴᠤ ᠣᠯᠵᠤ ᠢᠳᠡᠬᠦ ᠦᠭᠡᠢ》 ᠭᠡᠵᠦ ᠬᠡᠯᠡᠪᠡ᠃
 ᠭᠠᠢᠬᠠᠮᠰᠢᠭᠲᠠᠢ ᠴᠢᠯᠥᠭᠡᠯᠡᠯᠲᠡ

3 ᠬᠣᠲᠠ ᠶᠢᠨ ᠬᠠᠭᠠᠯᠭᠠᠨ ᠤ ᠲᠡᠨᠳᠡ ᠤᠶᠠᠮᠠᠨ ᠡᠪᠡᠳᠴᠢᠨ ᠲᠡᠢ ᠳᠥᠷᠪᠡᠨ ᠬᠥᠮᠦᠨ ᠪᠠᠢᠵᠠᠢ᠃ ᠲᠡᠳᠡ ᠨᠢᠭᠡ ᠨᠢᠭᠡᠨ ᠳᠡᠭᠡᠨ᠄ 《ᠪᠢᠳᠡ ᠶᠠᠭᠤᠨ ᠳᠤ ᠡ᠊ᠨᠳᠡ ᠦᠬᠦᠬᠦ ᠪᠡᠨ ᠬᠦᠯᠢᠶᠡᠵᠦ ᠰᠠᠭᠤᠬᠤ ᠪᠤᠢ︖ 4 ᠪᠢᠳᠡ ᠬᠣᠲᠠ ᠳᠤ ᠣᠷᠣᠶ᠎ᠠ ᠭᠡᠰᠡᠨ ᠴᠤ ᠲᠡᠨᠳᠡ ᠥᠯᠥᠰᠬᠥᠯᠡᠩ ᠪᠣᠯᠣᠭᠰᠠᠨ ᠲᠤᠯᠠ ᠦᠬᠦᠬᠦ ᠯᠠ ᠪᠣᠯᠣᠨ᠎ᠠ᠂ ᠡ᠊ᠨᠳᠡ ᠪᠡᠨ ᠰᠠᠭᠤᠵᠤ ᠪᠠᠢᠭᠰᠠᠨ ᠴᠤ ᠮᠥᠨ ᠦᠬᠦᠨ᠎ᠡ᠃ ᠬᠠᠷᠢᠨ ᠪᠢᠳᠡ ᠠᠷᠠᠮᠴᠤᠳ ᠤᠨ ᠬᠤᠸᠠᠷᠠᠨ ᠤᠷᠤᠭᠤ ᠣᠴᠢᠵᠤ ᠲᠡᠳᠡᠨ ᠳᠦ ᠪᠠᠭᠤᠵᠤ ᠥᠭᠭᠥᠶ᠎ᠡ᠃ ᠬᠡᠷᠪᠡ ᠲᠡᠳᠡ ᠪᠢᠳᠡᠨ ᠦ ᠠᠮᠢ ᠶᠢ ᠥᠷᠥᠰᠢᠶᠡᠪᠡᠯ ᠪᠢᠳᠡ ᠠᠮᠢᠳᠤᠷᠠᠬᠤ ᠪᠣᠯᠣᠨ᠎ᠠ᠂ ᠠᠯᠠᠪᠠᠯ ᠪᠢᠳᠡ ᠦᠬᠦᠬᠦ ᠯᠠ ᠬᠡᠷᠡᠭ》 ᠭᠡᠯᠴᠡᠪᠡ᠃ 5 ᠲᠡᠳᠡ ᠦᠳᠡᠰᠢ ᠶᠢᠨ ᠪᠦᠷᠦᠢ ᠪᠠᠷ ᠪᠣᠰᠣᠭᠠᠳ ᠠᠷᠠᠮᠴᠤᠳ ᠤᠨ ᠬᠤᠸᠠᠷᠠᠨ ᠤᠷᠤᠭᠤ ᠣᠴᠢᠪᠠ᠃ ᠲᠡᠳᠡ ᠠᠷᠠᠮᠴᠤᠳ ᠤᠨ ᠬᠤᠸᠠᠷᠠᠨ ᠤ ᠵᠠᠬ᠎ᠠ ᠳᠤ ᠬᠦᠷᠦᠭᠡᠳ ᠦᠵᠡᠬᠦ ᠳᠦ᠂ ᠲᠡᠨᠳᠡ ᠭᠠᠭᠴᠠ ᠴᠤ ᠬᠥᠮᠦᠨ ᠪᠠᠢᠭᠰᠠᠨ ᠦᠭᠡᠢ᠃ 6 ᠤᠤᠯ ᠨᠢ ᠡᠵᠡᠨ ᠠᠷᠠᠮᠴᠤᠳ ᠲᠤ ᠲᠡᠷᠭᠡ ᠮᠣᠷᠢᠳ ᠤᠨ ᠳᠠᠭᠤ ᠴᠢᠮᠡᠭᠡ ᠪᠣᠯᠣᠨ ᠶᠡᠬᠡ ᠴᠡᠷᠢᠭ ᠤᠨ ᠳᠠᠭᠤ ᠴᠢᠮᠡᠭᠡ ᠶᠢ ᠰᠣᠨᠣᠰᠬᠠᠭᠰᠠᠨ ᠲᠤᠯᠠ ᠲᠡᠳᠡ ᠨᠢᠭᠡ ᠨᠢᠭᠡᠨ ᠳᠡᠭᠡᠨ᠄ 《ᠬᠠᠷᠠ᠂ ᠢᠰᠷᠧᠯ ᠤᠨ ᠬᠠᠭᠠᠨ ᠪᠢᠳᠡᠨ ᠢ ᠳᠠᠭᠠᠷᠢᠬᠤ ᠪᠠᠷ ᠾᠢᠲ᠋ᠴᠦᠳ ᠦᠨ ᠬᠠᠭᠠᠳ ᠪᠣᠯᠣᠨ ᠶᠧᠵᠢᠫᠲ᠋ᠴᠦᠳ ᠦᠨ ᠬᠠᠭᠠᠳ ᠢ ᠬᠥᠯᠥᠰᠥᠯᠡᠭᠰᠡᠨ ᠪᠠᠢᠨ᠎ᠠ》 ᠭᠡᠵᠡᠭᠡᠨ 7 ᠦᠳᠡᠰᠢ ᠶᠢᠨ ᠪᠦᠷᠦᠢ ᠪᠠᠷ ᠪᠣᠰᠴᠤ ᠵᠢᠭᠤᠲᠠᠭᠰᠠᠨ ᠠᠵᠢ᠃ ᠲᠡᠳᠡ ᠥᠪᠡᠷᠰᠡᠳ ᠦᠨ ᠢᠶᠠᠨ ᠮᠠᠢᠬᠠᠨ᠂ ᠮᠣᠷᠢ᠂ ᠡᠯᠵᠢᠭᠡ ᠶᠢ ᠬᠠᠶᠠᠵᠤ᠂ ᠬᠤᠸᠠᠷᠠᠨ ᠢᠶᠠᠨ ᠪᠠᠢᠭᠰᠠᠨ ᠴᠢᠭ ᠢᠶᠠᠷ ᠨᠢ ᠣᠷᠬᠢᠭᠠᠳ ᠠᠮᠢ ᠵᠤᠯᠪᠠᠬᠤ ᠪᠠᠷ ᠵᠢᠭᠤᠲᠠᠭᠰᠠᠨ ᠪᠠᠢᠯ᠎ᠠ᠃ 8 ᠡᠳᠡᠭᠡᠷ ᠤᠶᠠᠮᠠᠨ ᠡᠪᠡᠳᠴᠢᠲᠡᠨ ᠬᠤᠸᠠᠷᠠᠨ ᠤ ᠵᠠᠬ᠎ᠠ ᠳᠤ ᠬᠦᠷᠦᠭᠡᠳ ᠨᠢᠭᠡ ᠮᠠᠢᠬᠠᠨ ᠳᠤ ᠣᠷᠣᠵᠤ᠂ ᠢᠳᠡᠵᠦ ᠤᠤᠭᠤᠭᠠᠳ ᠲᠡᠨᠳᠡ ᠡᠴᠡ ᠠᠯᠲᠠ᠂ ᠮᠥᠩᠭᠥ᠂ ᠬᠤᠪᠴᠠᠰᠤ ᠠᠪᠴᠤ ᠶᠠᠪᠤᠭᠠᠳ ᠨᠢᠭᠤᠵᠠᠢ᠃ ᠲᠡᠳᠡ ᠪᠤᠴᠠᠵᠤ ᠢᠷᠡᠭᠡᠳ ᠥᠭᠡᠷ᠎ᠡ ᠨᠢᠭᠡᠨ ᠮᠠᠢᠬᠠᠨ ᠳᠤ ᠣᠷᠣᠵᠤ᠂ ᠲᠡᠨᠳᠡ ᠡᠴᠡ ᠶᠠᠭᠤᠮ᠎ᠠ ᠠᠪᠴᠤ ᠶᠠᠪᠤᠭᠠᠳ ᠨᠢᠭᠤᠵᠠᠢ᠃

9 ᠳᠠᠷᠠᠭ᠎ᠠ ᠨᠢ ᠲᠡᠳᠡ ᠪᠡᠶ᠎ᠡ ᠪᠡᠶᠡᠨ ᠳᠡᠭᠡᠨ᠄ 《ᠪᠢᠳᠡᠨ ᠦ ᠢᠩᠭᠢᠵᠦ ᠪᠠᠢᠬᠤ ᠨᠢ ᠵᠥᠪ ᠪᠢᠰᠢ᠃ ᠥᠨᠥᠳᠥᠷ ᠪᠣᠯ ᠪᠠᠶᠠᠷ ᠤᠨ ᠴᠢᠮᠡᠭᠡᠨ ᠦ ᠡᠳᠦᠷ ᠪᠠᠢᠲᠠᠯ᠎ᠠ ᠪᠢᠳᠡ ᠳᠠᠭᠤ ᠪᠠᠨ ᠬᠤᠷᠢᠶᠠᠵᠤ ᠪᠠᠢᠨ᠎ᠠ᠃ ᠬᠡᠷᠪᠡ ᠥᠷᠯᠥᠭᠡᠨ ᠦ ᠭᠡᠭᠡ ᠲᠤᠰᠲᠠᠯ᠎ᠠ ᠡ᠊ᠨᠳᠡ ᠪᠡᠨ ᠪᠠᠢᠵᠤ ᠪᠠᠢᠪᠠᠯ ᠪᠢᠳᠡᠨ ᠳᠡᠭᠡᠷ᠎ᠡ ᠰᠢᠳᠬᠡᠯ ᠪᠠᠭᠤᠬᠤ ᠪᠣᠯᠣᠨ᠎ᠠ᠃ ᠵᠠ ᠣᠳᠣ ᠶᠠᠪᠤᠵᠤ᠂ ᠬᠠᠭᠠᠨ ᠤ ᠣᠷᠳᠣᠨ ᠤ ᠬᠢᠨ ᠳᠤ ᠮᠡᠳᠡᠭᠦᠯᠦᠶ᠎ᠡ》 ᠭᠡᠵᠡᠭᠡᠨ 10 ᠲᠡᠨᠳᠡ ᠡᠴᠡ ᠣᠳᠴᠠᠢ᠃ ᠲᠡᠳᠡ ᠬᠠᠭᠠᠯᠭ᠎ᠠ ᠰᠠᠬᠢᠭᠴᠢᠳ ᠢ ᠳᠠᠭᠤᠳᠠᠨ᠂ ᠲᠡᠳᠡᠨ ᠳᠦ᠄ 《ᠪᠢᠳᠡ ᠠᠷᠠᠮᠴᠤᠳ ᠤᠨ ᠬᠤᠸᠠᠷᠠᠨ ᠳᠤ ᠣᠴᠢᠵᠤ ᠦᠵᠡᠬᠦ ᠳᠦ᠂ ᠲᠡᠨᠳᠡ ᠭᠠᠭᠴᠠ ᠴᠤ ᠬᠥᠮᠦᠨ ᠠᠯᠠᠭ᠎ᠠ᠂ ᠬᠥᠮᠦᠨ ᠦ ᠳᠠᠭᠤ ᠴᠤ ᠠᠯᠠᠭ᠎ᠠ᠂ ᠵᠥᠪᠬᠡᠨ ᠡᠯᠵᠢᠭᠡ ᠮᠣᠷᠢᠳ ᠨᠢ ᠤᠶᠠᠭ᠎ᠠ ᠲᠠᠢ᠂ ᠮᠠᠢᠬᠠᠨ ᠨᠤᠭᠤᠳ ᠨᠢ ᠴᠤ ᠪᠠᠢᠭᠰᠠᠨ ᠢᠶᠠᠷ ᠢᠶᠠᠨ ᠪᠠᠢᠪᠠ》 ᠭᠡᠵᠦ ᠮᠡᠳᠡᠭᠦᠯᠪᠡ᠃ 11 ᠬᠠᠭᠠᠯᠭ᠎ᠠ ᠰᠠᠬᠢᠭᠴᠢᠳ ᠥᠨᠳᠥᠷ ᠳᠠᠭᠤ ᠪᠠᠷ ᠲᠡᠷᠡ ᠮᠡᠳᠡᠭᠡ ᠶᠢ ᠬᠠᠭᠠᠨ ᠤ ᠣᠷᠳᠣᠨ ᠤ ᠬᠢᠨ ᠳᠤ ᠮᠡᠳᠡᠭᠦᠯᠵᠡᠢ᠃ 12 ᠬᠠᠭᠠᠨ ᠰᠥᠨᠢ ᠪᠠᠷ ᠪᠣᠰᠣᠭᠠᠳ᠂ ᠲᠦᠰᠢᠮᠡᠳ ᠲᠡᠭᠡᠨ᠄ 《ᠠᠷᠠᠮᠴᠤᠳ ᠶᠠᠭᠤ ᠲᠥᠯᠥᠪᠯᠡᠭᠰᠡᠨ ᠢ ᠪᠢ ᠲᠠ ᠨᠠᠷ ᠲᠤ ᠬᠡᠯᠡᠵᠦ ᠥᠭᠭᠥᠶ᠎ᠡ᠃ ᠲᠡᠳᠡ ᠪᠢᠳᠡᠨ ᠦ ᠥᠯᠥᠰᠴᠦ ᠪᠠᠢᠭ᠎ᠠ ᠶᠢ ᠮᠡᠳᠡᠭᠡᠳ ᠪᠢᠳᠡᠨ ᠢ ᠬᠣᠲᠠ ᠠᠴᠠ ᠭᠠᠷᠬᠤ ᠳᠤ ᠠᠮᠢᠳᠤ ᠪᠠᠷ ᠣᠯᠵᠠᠯᠠᠭᠰᠠᠨ ᠤ ᠳᠠᠷᠠᠭ᠎ᠠ ᠬᠣᠲᠠ ᠤᠷᠤᠭᠤ ᠣᠷᠣᠬᠤ ᠭᠡᠳ ᠬᠤᠸᠠᠷᠠᠨ ᠢᠶᠠᠨ ᠣᠷᠬᠢᠵᠤ᠂ ᠬᠡᠭᠡᠷ᠎ᠡ ᠲᠠᠯ᠎ᠠ ᠳᠤ ᠨᠢᠭᠤᠭᠳᠠᠭᠰᠠᠨ ᠪᠠᠢᠬ᠎ᠠ》 ᠭᠡᠵᠦ ᠬᠡᠯᠡᠵᠡᠢ᠃ 13 ᠲᠦᠰᠢᠮᠡᠳ ᠦᠨ ᠬᠢᠨᠢ ᠨᠢᠭᠡ ᠨᠢ᠄ 《ᠡ᠊ᠨᠳᠡ ᠦᠯᠡᠳᠡᠭᠰᠡᠳ ᠦᠨ ᠲᠡᠭᠦᠰᠬᠡᠯ ᠴᠤ ᠲᠠᠯᠢᠢᠭᠴᠢᠳ ᠤᠨ ᠬᠢ ᠲᠠᠢ ᠠᠳᠠᠯᠢ ᠪᠣᠯᠣᠨ᠎ᠠ᠃ ᠪᠢᠳᠡ ᠬᠥᠮᠦᠨ ᠶᠠᠪᠤᠭᠤᠯᠤᠨ ᠶᠠᠭᠤ ᠲᠣᠬᠢᠶᠠᠯᠳᠤᠭᠰᠠᠨ ᠢ ᠮᠡᠳᠡᠵᠦ ᠠᠪᠤᠶ᠎ᠠ᠂ ᠲᠡᠳᠡ ᠬᠣᠲᠠ ᠳᠤ ᠦᠯᠡᠳᠡᠭᠰᠡᠨ ᠲᠠᠪᠤᠨ ᠮᠣᠷᠢ ᠶᠢ ᠠᠪᠤᠭᠠᠳ ᠶᠠᠪᠤᠭ》 ᠭᠡᠰᠡᠨ ᠳᠦ᠂ 14 ᠲᠡᠳᠡ ᠬᠣᠶᠠᠷ ᠮᠣᠷᠢᠨ ᠲᠡᠷᠭᠡ ᠰᠢᠯᠢᠵᠦ ᠠᠪᠤᠪᠠ᠂ ᠬᠠᠭᠠᠨ᠄ 《ᠶᠠᠪᠤᠵᠤ᠂ ᠶᠠᠭᠤ ᠲᠣᠬᠢᠶᠠᠯᠳᠤᠭᠰᠠᠨ ᠢ ᠮᠡᠳᠡᠵᠦ ᠠᠪ》 ᠭᠡᠳ ᠲᠡᠳᠡᠨ ᠢ ᠠᠷᠠᠮᠴᠤᠳ ᠤᠨ ᠴᠡᠷᠢᠭ ᠤᠨ ᠠᠷᠤ ᠠᠴᠠ ᠢᠯᠡᠭᠡᠵᠡᠢ᠃ 15 ᠲᠡᠳᠡ ᠠᠷᠤ ᠠᠴᠠ ᠨᠢ ᠶᠣᠷᠳᠠᠨ ᠬᠦᠷᠲᠡᠯ᠎ᠡ ᠶᠠᠪᠤᠭᠰᠠᠨ ᠪᠥᠭᠡᠳ ᠵᠠᠮ ᠤᠨ ᠲᠤᠷᠰᠢ ᠠᠷᠠᠮᠴᠤᠳ ᠤᠨ ᠶᠠᠭᠠᠷᠠᠬᠤ ᠳᠠᠭᠠᠨ ᠬᠠᠶᠠᠭᠰᠠᠨ ᠬᠤᠪᠴᠠᠰᠤ ᠪᠠ ᠬᠡᠷᠡᠭᠰᠡᠯ ᠬᠦᠭᠯᠡᠷᠡᠭᠰᠡᠨ ᠪᠠᠢᠬᠤ ᠶᠢ ᠬᠠᠷᠠᠪᠠ᠃ ᠡᠯᠴᠢᠳ ᠪᠤᠴᠠᠵᠤ ᠢᠷᠡᠭᠡᠳ ᠬᠠᠭᠠᠨ ᠳᠤ ᠠᠢᠯᠠᠳᠬᠠᠪᠠ᠃

16 ᠢᠩᠭᠢᠭᠡᠳ ᠠᠷᠠᠳ ᠲᠦᠮᠡᠨ ᠶᠠᠪᠤᠵᠤ ᠠᠷᠠᠮᠴᠤᠳ ᠤᠨ ᠬᠤᠸᠠᠷᠠᠨ ᠢ ᠲᠣᠨᠣᠭᠰᠠᠭᠠᠷ ᠪᠠᠢᠭᠰᠠᠨ ᠳᠤ᠂ ᠨᠢᠭᠡ ᠰᠧᠶ᠎ᠠ ᠭᠤᠯᠢᠷ ᠨᠢ ᠨᠢᠭᠡ ᠱᠧᠺᠧᠯ᠂ ᠬᠣᠶᠠᠷ ᠰᠧᠶ᠎ᠠ ᠠᠷᠪᠠᠢ ᠨᠢ ᠨᠢᠭᠡ ᠱᠧᠺᠧᠯ ᠪᠣᠯᠣᠭᠰᠠᠨ ᠪᠠ ᠡᠨᠡ ᠨᠢ ᠶᠣᠬᠣᠸᠠ ᠶᠢᠨ ᠦᠭᠡ ᠶᠢᠨ ᠶᠣᠰᠣᠭᠠᠷ ᠪᠣᠯᠵᠠᠢ᠃ 17 ᠬᠠᠭᠠᠨ ᠭᠠᠷ ᠢ ᠨᠢ ᠲᠦᠰᠢᠳᠡᠭ ᠲᠦᠰᠢᠮᠡᠯ ᠢᠶᠡᠨ ᠬᠣᠲᠠ ᠶᠢᠨ ᠬᠠᠭᠠᠯᠭ᠎ᠠ ᠶᠢ ᠬᠠᠷᠢᠭᠤᠴᠠᠭᠤᠯᠬᠤ ᠪᠠᠷ ᠲᠣᠮᠢᠯᠠᠭᠰᠠᠨ ᠪᠣᠯᠪᠠᠴᠤ ᠲᠡᠷᠡ ᠪᠡᠷ ᠬᠠᠭᠠᠯᠭᠠᠨ ᠤ ᠡᠮᠦᠨ᠎ᠡ ᠠᠷᠠᠳ ᠣᠯᠠᠨ ᠳᠤ ᠭᠢᠰᠬᠢᠭᠳᠡᠵᠦ ᠦᠬᠦᠭᠰᠡᠨ ᠨᠢ ᠪᠤᠷᠬᠠᠨ ᠤ ᠬᠥᠮᠦᠨ ᠦ ᠬᠡᠯᠡᠭᠰᠡᠨ ᠶᠣᠰᠣᠭᠠᠷ ᠪᠣᠯᠵᠠᠢ᠃ ᠬᠠᠭᠠᠨ ᠪᠤᠷᠬᠠᠨ ᠤ ᠬᠥᠮᠦᠨ ᠤᠷᠤᠭᠤ ᠢᠷᠡᠬᠦ ᠳᠦ᠂ 18 ᠲᠡᠷᠡ ᠪᠡᠷ ᠬᠠᠭᠠᠨ ᠳᠤ᠄ 《ᠮᠠᠷᠭᠠᠰᠢ ᠶᠢᠨ ᠡᠳᠦᠢ ᠳᠦ ᠰᠠᠮᠠᠷᠢᠶ᠎ᠠ ᠬᠣᠲᠠ ᠶᠢᠨ ᠬᠠᠭᠠᠯᠭᠠᠨ ᠳᠡᠭᠡᠷ᠎ᠡ ᠨᠢᠭᠡ ᠰᠧᠶ᠎ᠠ ᠭᠤᠯᠢᠷ ᠢ ᠨᠢᠭᠡ ᠱᠧᠺᠧᠯ ᠢᠶᠠᠷ᠂ ᠬᠣᠶᠠᠷ ᠰᠧᠶ᠎ᠠ ᠠᠷᠪᠠᠢ ᠶᠢ ᠨᠢᠭᠡ ᠱᠧᠺᠧᠯ ᠢᠶᠠᠷ ᠬᠤᠳᠠᠯᠳᠤᠬᠤ ᠪᠣᠯᠣᠨ᠎ᠠ》 ᠭᠡᠵᠦ ᠬᠡᠯᠡᠭᠰᠡᠨ ᠠᠵᠢ᠃ 19 ᠲᠡᠷᠡ ᠦᠶ᠎ᠡ ᠳᠦ ᠬᠠᠭᠠᠨ ᠤ ᠲᠦᠰᠢᠮᠡᠯ ᠪᠤᠷᠬᠠᠨ ᠤ ᠬᠥᠮᠦᠨ ᠳᠦ ᠬᠠᠷᠢᠭᠤᠯᠤᠨ᠄ 《ᠬᠠᠷᠠ᠂ ᠶᠣᠬᠣᠸᠠ ᠲᠩᠷᠢ ᠶᠢᠨ ᠴᠣᠩ᠋ᠬᠣ ᠨᠤᠭᠤᠳ ᠢ ᠨᠡᠭᠡᠭᠡᠭᠰᠡᠨ ᠴᠤ ᠡᠢᠮᠦ ᠶᠠᠪᠤᠳᠠᠯ ᠪᠣᠯᠣᠨ᠎ᠠ ᠭᠡᠵᠢ ᠤᠤ︖》 ᠭᠡᠬᠦ ᠳᠦ᠂ 《ᠬᠠᠷᠠ᠂ ᠲᠠ ᠲᠡᠭᠦᠨ ᠢ ᠨᠢᠳᠦ ᠪᠡᠷ ᠢᠶᠠᠨ ᠦᠵᠡᠬᠦ ᠪᠣᠯᠪᠠᠴᠤ ᠣᠯᠵᠤ ᠢᠳᠡᠬᠦ ᠦᠭᠡᠢ》 ᠭᠡᠵᠦ ᠡᠯᠢᠱᠠ ᠶᠢᠨ ᠬᠡᠯᠡᠭᠰᠡᠨ ᠨᠢ 20 ᠲᠡᠷᠡ ᠲᠦᠰᠢᠮᠡᠯ ᠳᠡᠭᠡᠷ᠎ᠡ ᠪᠡᠶᠡᠯᠡᠭᠳᠡᠵᠡᠢ᠃ ᠲᠡᠷᠡ ᠪᠡᠷ ᠬᠠᠭᠠᠯᠭᠠᠨ ᠤ ᠡᠮᠦᠨ᠎ᠡ ᠠᠷᠠᠳ ᠣᠯᠠᠨ ᠳᠤ ᠭᠢᠰᠬᠢᠭᠳᠡᠵᠦ ᠦᠬᠦᠭᠰᠡᠨ ᠠᠵᠢ᠃