1 2 3 4 5 6 7 8 9 10 11 12 13 14 15 16 17 18 19 20 21 22 23 24 25


ᠬᠠᠭᠠᠳ ᠤᠨ ᠳᠡᠳ᠋ ᠠᠷᠪᠠ
 ᠠᠬᠠᠪ ᠤᠨ ᠭᠡᠷ ᠮᠥᠬᠥᠪᠡ

1 ᠠᠬᠠᠪ ᠤᠨ ᠳᠠᠯᠠᠨ ᠬᠦᠦ ᠰᠠᠮᠠᠷᠢᠶ᠎ᠠ ᠳᠤ ᠪᠠᠢᠪᠠ᠃ ᠶᠧᠾᠦ᠋ ᠵᠠᠬᠢᠳᠠᠯ ᠪᠢᠴᠢᠵᠦ᠂ ᠰᠠᠮᠠᠷᠢᠶ᠎ᠠ ᠳᠠᠬᠢ ᠶᠧᠽᠷᠧᠯ ᠤᠨ ᠨᠣᠶᠠᠳ ᠪᠣᠯᠣᠨ ᠠᠬᠠᠯᠠᠭᠴᠢᠳ᠂ ᠮᠥᠨ ᠠᠬᠠᠪ ᠤᠨ ᠬᠡᠦᠬᠡᠳ ᠤᠳ ᠤᠨ ᠬᠠᠷᠠᠭᠠᠯᠵᠠᠭᠴᠢᠳ ᠤᠷᠤᠭᠤ ᠢᠯᠡᠭᠡᠨ᠄ 2 《ᠲᠠ ᠨᠠᠷ ᠲᠤ ᠡᠵᠡᠨ ᠦ ᠪᠠᠨ ᠬᠥᠪᠡᠭᠦᠳ ᠡᠴᠡ ᠭᠠᠳᠠᠨ᠎ᠠ ᠲᠡᠷᠭᠡ᠂ ᠮᠣᠷᠢᠳ᠂ ᠪᠡᠬᠢᠯᠡᠯᠲᠡᠲᠦ ᠬᠣᠲᠠ ᠪᠣᠯᠣᠨ ᠵᠡᠷ ᠵᠡᠪᠰᠡᠭ ᠴᠤ ᠪᠠᠢᠭ᠎ᠠ᠂ ᠣᠳᠣ ᠡᠨᠡ ᠵᠠᠬᠢᠳᠠᠯ ᠢ ᠣᠯᠣᠩ᠋ᠭᠤᠲᠠ 3 ᠲᠠ ᠨᠠᠷ ᠡᠵᠡᠨ ᠦ ᠪᠠᠨ ᠬᠥᠪᠡᠭᠦᠳ ᠡᠴᠡ ᠬᠠᠮᠤᠭ ᠤᠨ ᠰᠠᠢᠨ᠂ ᠬᠠᠮᠤᠭ ᠤᠨ ᠵᠣᠬᠢᠰᠲᠠᠢ ᠶᠢ ᠰᠣᠩ᠋ᠭᠣᠵᠤ᠂ ᠡᠴᠢᠭᠡ ᠶᠢᠨ ᠬᠢᠨᠢ ᠬᠠᠭᠠᠨ ᠰᠢᠷᠡᠭᠡᠨ ᠳᠦ ᠰᠠᠭᠤᠯᠭᠠᠨ᠂ ᠡᠵᠡᠨ ᠦ ᠪᠠᠨ ᠭᠡᠷ ᠦᠨ ᠲᠥᠯᠥᠭᠡ ᠲᠡᠮᠡᠴᠡᠭᠲᠦᠨ》 ᠭᠡᠵᠡᠢ᠃ 4 ᠬᠠᠷᠢᠨ ᠲᠡᠳᠡ ᠠᠰᠤᠷᠤ ᠶᠡᠬᠡ ᠠᠢᠳᠠᠰ ᠲᠤ ᠠᠪᠲᠠᠵᠤ᠄ 《ᠬᠠᠷᠠ᠂ ᠬᠣᠶᠠᠷ ᠬᠠᠭᠠᠨ ᠬᠦᠷᠲᠡᠯ᠎ᠡ ᠲᠡᠭᠦᠨ ᠦ ᠡᠮᠦᠨ᠎ᠡ ᠵᠣᠭᠰᠣᠵᠤ ᠴᠢᠳᠠᠭ᠎ᠠ ᠦᠭᠡᠢ ᠪᠠᠢᠬᠤ ᠳᠤ᠂ ᠪᠢᠳᠡ ᠬᠡᠷᠬᠢᠨ ᠵᠣᠭᠰᠣᠵᠤ ᠴᠢᠳᠠᠬᠤ ᠪᠤᠢ︖》 ᠭᠡᠵᠡᠭᠡᠨ᠂ 5 ᠣᠷᠳᠣᠨ ᠤ ᠳᠠᠭᠠᠭᠠᠮᠠᠯ᠂ ᠬᠣᠲᠠ ᠶᠢᠨ ᠵᠠᠬᠢᠷᠤᠭᠴᠢ᠂ ᠠᠬᠠᠯᠠᠭᠴᠢᠳ ᠪᠣᠯᠣᠨ ᠬᠠᠷᠠᠭᠠᠯᠵᠠᠭᠴᠢᠳ ᠪᠦᠭᠦᠳᠡᠭᠡᠷ ᠶᠧᠾᠦ᠋ ᠳᠤ ᠬᠡᠯᠡ ᠢᠯᠡᠭᠡᠵᠦ᠄ 《ᠪᠢᠳᠡ ᠪᠣᠯ ᠲᠠᠨ ᠤ ᠵᠠᠷᠤᠴᠠ ᠪᠢᠯᠡ᠃ ᠪᠢᠳᠡᠨ ᠳᠦ ᠬᠡᠯᠡᠬᠦ ᠪᠦᠭᠦᠳᠡ ᠶᠢ ᠲᠠᠨᠢ ᠪᠢᠳᠡ ᠭᠦᠢᠴᠡᠳᠬᠡᠨ᠎ᠡ᠃ ᠪᠢᠳᠡ ᠶᠠᠮᠠᠷ ᠴᠤ ᠬᠥᠮᠦᠨ ᠢ ᠬᠠᠭᠠᠨ ᠢᠶᠠᠷ ᠡᠷᠭᠦᠮᠵᠢᠯᠡᠬᠦ ᠦᠭᠡᠢ᠂ ᠲᠠ ᠥᠪᠡᠷ ᠦᠨ ᠢᠶᠠᠨ ᠲᠠᠭᠠᠯᠠᠯ ᠳᠤ ᠨᠡᠢᠴᠡᠭᠰᠡᠨ ᠵᠦᠢᠯ ᠢ ᠦᠢᠯᠡᠳᠦᠭᠡᠴᠢ》 ᠭᠡᠪᠡ᠃ 6 ᠶᠧᠾᠦ᠋ ᠬᠣᠶᠠᠳᠠᠬᠢ ᠤᠳᠠᠭ᠎ᠠ ᠪᠠᠨ ᠲᠡᠳᠡᠨ ᠳᠦ ᠵᠠᠬᠢᠳᠠᠯ ᠪᠢᠴᠢᠵᠦ᠄ 《ᠬᠡᠷᠪᠡ ᠲᠠ ᠨᠠᠷ ᠮᠢᠨᠦ ᠲᠠᠯ᠎ᠠ ᠳᠤ ᠣᠷᠣᠵᠤ ᠮᠢᠨᠦᠬᠢ ᠶᠢ ᠳᠠᠭᠠᠶ᠎ᠠ ᠭᠡᠪᠡᠯ᠂ ᠡᠵᠡᠨ ᠦ ᠪᠠᠨ ᠬᠥᠪᠡᠭᠦᠳ ᠦᠨ ᠲᠣᠯᠣᠭᠠᠢ ᠶᠢ ᠠᠪᠴᠤ᠂ ᠮᠠᠷᠭᠠᠰᠢ ᠶᠢᠨ ᠡᠳᠦᠢ ᠳᠦ ᠶᠧᠽᠷᠧᠯ ᠳᠤ ᠨᠠᠳᠠ ᠤᠷᠤᠭᠤ ᠢᠷᠡᠭᠲᠦᠨ》 ᠭᠡᠵᠡᠢ᠃ ᠲᠡᠷᠡ ᠦᠶ᠎ᠡ ᠳᠦ ᠬᠣᠲᠠ ᠶᠢᠨ ᠤᠳᠤᠷᠢᠳᠤᠭᠴᠢ ᠬᠥᠮᠦᠰ ᠳᠠᠯᠠᠨ ᠬᠠᠨ ᠬᠦᠦ ᠶᠢ ᠬᠠᠷᠭᠠᠯᠵᠠᠵᠤ ᠪᠠᠢᠭᠰᠠᠨ ᠪᠣᠯᠪᠠᠴᠤ 7 ᠵᠠᠬᠢᠳᠠᠯ ᠢᠷᠡᠩᠭᠦᠲᠡ ᠳᠠᠯᠠᠨ ᠬᠠᠨ ᠬᠦᠦ ᠶᠢ ᠪᠠᠷᠢᠵᠤ ᠠᠯᠠᠭᠠᠳ ᠲᠣᠯᠣᠭᠠᠢ ᠨᠤᠭᠤᠳ ᠢ ᠨᠢ ᠰᠠᠭᠰᠤᠨ ᠳᠤ ᠬᠢᠵᠦ᠂ ᠶᠧᠽᠷᠧᠯ ᠳᠤ ᠪᠤᠢ ᠶᠧᠾᠦ᠋ ᠤᠷᠤᠭᠤ ᠢᠯᠡᠭᠡᠵᠡᠢ᠃ 8 ᠡᠯᠴᠢ ᠢᠷᠡᠭᠡᠳ᠂ ᠶᠧᠾᠦ᠋ ᠳᠤ᠄ 《ᠲᠡᠳᠡ ᠬᠠᠨ ᠬᠥᠪᠡᠭᠦᠳ ᠦᠨ ᠲᠣᠯᠣᠭᠠᠢ ᠶᠢ ᠠᠪᠴᠢᠷᠠᠯ᠎ᠠ》 ᠭᠡᠵᠦ ᠳᠤᠭᠤᠯᠭᠠᠬᠤ ᠳᠤ᠂ ᠶᠧᠾᠦ᠋᠄ 《ᠥᠷᠯᠥᠭᠡ ᠪᠣᠯᠲᠠᠯ᠎ᠠ ᠲᠡᠳᠡᠭᠡᠷ ᠢ ᠬᠣᠲᠠ ᠶᠢᠨ ᠬᠠᠭᠠᠯᠭᠠᠨ ᠤ ᠡᠮᠦᠨ᠎ᠡ ᠬᠣᠶᠠᠷ ᠬᠡᠰᠡᠭ ᠪᠣᠯᠭᠠᠨ ᠣᠪᠣᠭᠠᠯᠠᠭᠲᠤᠨ》 ᠭᠡᠪᠡ᠃ 9 ᠥᠷᠯᠥᠭᠡ ᠨᠢ ᠶᠧᠾᠦ᠋ ᠭᠠᠳᠠᠨ᠎ᠠ ᠭᠠᠷᠴᠤ ᠵᠣᠭᠰᠣᠭᠠᠳ᠂ ᠪᠦᠬᠦ ᠠᠷᠠᠳ ᠲᠦᠮᠡᠨ ᠳᠦ᠄ 《ᠲᠠ ᠨᠠᠷ ᠭᠡᠮ ᠪᠤᠷᠤᠭᠤ ᠦᠭᠡᠢ᠃ ᠬᠠᠭᠠᠨ ᠠᠴᠠ ᠪᠠᠨ ᠤᠷᠪᠠᠨ ᠬᠤᠤᠪᠢᠯᠳᠤᠵᠤ᠂ ᠲᠡᠭᠦᠨ ᠢ ᠠᠯᠠᠭᠰᠠᠨ ᠨᠢ ᠶᠠᠭ ᠪᠢ ᠮᠥᠨ᠂ ᠬᠠᠷᠢᠨ ᠡᠳᠡ ᠨᠠᠷ ᠢ ᠠᠯᠠᠭᠰᠠᠨ ᠨᠢ ᠬᠡᠨ ᠪᠤᠢ︖ 10 ᠲᠠ ᠨᠠᠷ ᠡᠭᠦᠨ ᠢ ᠮᠡᠳᠡᠵᠦ ᠠᠪ᠂ ᠠᠬᠠᠪ ᠤᠨ ᠭᠡᠷ ᠦᠨ ᠲᠠᠯ᠎ᠠ ᠪᠠᠷ ᠶᠣᠬᠣᠸᠠ ᠶᠢᠨ ᠠᠢᠯᠠᠳᠤᠭᠰᠠᠨ ᠦᠭᠡᠨ ᠡᠴᠡ ᠠᠯᠢ ᠨᠢ ᠴᠤ ᠭᠠᠵᠠᠷ ᠲᠤ ᠤᠨᠠᠭ᠎ᠠ ᠦᠭᠡᠢ᠃ ᠶᠣᠬᠣᠸᠠ ᠥᠪᠡᠷ ᠦᠨ ᠢᠶᠠᠨ ᠵᠠᠷᠤᠴᠠ ᠧᠯᠢᠶ᠎ᠠ ᠪᠠᠷ ᠳᠠᠮᠵᠢᠭᠤᠯᠤᠨ ᠠᠢᠯᠠᠳᠤᠭᠰᠠᠨ ᠢᠶᠠᠨ ᠪᠡᠶᠡᠯᠡᠭᠦᠯᠦᠭᠰᠡᠨ ᠶᠤᠮ》 ᠭᠡᠪᠡ᠃ 11 ᠶᠧᠾᠦ᠋ ᠶᠧᠽᠷᠧᠯ ᠳᠤ ᠦᠯᠡᠳᠡᠭᠰᠡᠨ ᠠᠬᠠᠪ ᠤᠨ ᠭᠡᠷ ᠦᠨ ᠪᠦᠭᠦᠳᠡ ᠡᠴᠡ ᠭᠠᠳᠠᠨ᠎ᠠ᠂ ᠰᠢᠳᠠᠷ ᠲᠦᠰᠢᠮᠡᠳ᠂ ᠳᠣᠲᠣᠨᠣ ᠶᠢᠨ ᠠᠨᠳᠠ ᠨᠠᠷ᠂ ᠲᠠᠬᠢᠯᠴᠢᠳ ᠠᠴᠠ ᠨᠢ ᠨᠢᠭᠡ ᠶᠢ ᠴᠤ ᠦᠯᠡᠳᠡᠭᠡᠯ ᠦᠭᠡᠢ ᠪᠦᠭᠦᠳᠡ ᠶᠢ ᠬᠣᠷᠣᠭᠠᠪᠠ᠃

12 ᠳᠠᠷᠠᠭ᠎ᠠ ᠨᠢ ᠶᠧᠾᠦ᠋ ᠬᠥᠳᠡᠯᠵᠦ᠂ ᠰᠠᠮᠠᠷᠢᠶ᠎ᠠ ᠤᠷᠤᠭᠤ ᠶᠠᠪᠤᠪᠠ᠃ ᠲᠡᠷᠡ ᠵᠠᠮ ᠳᠠᠭᠠᠨ ᠬᠣᠨᠢᠴᠢᠳ ᠤᠨ ᠨᠣᠣᠰᠣ ᠬᠢᠷᠭᠠᠬᠤ ᠭᠡᠷ ᠲᠦ᠂ 13 ᠶᠦᠳᠠ ᠶᠢᠨ ᠬᠠᠭᠠᠨ ᠠᠬᠠᠽᠢᠶ᠎ᠠ ᠶᠢᠨ ᠲᠥᠷᠥᠯ ᠰᠠᠳᠤᠨ ᠨᠤᠭᠤᠳ ᠢ ᠣᠯᠵᠤ ᠬᠠᠷᠠᠪᠠ᠃ ᠲᠡᠷᠡ᠄ 《ᠲᠠ ᠨᠠᠷ ᠬᠡᠨ ᠪᠤᠢ︖》 ᠭᠡᠬᠦ ᠳᠦ᠂ ᠲᠡᠳᠡ᠄ 《ᠪᠢᠳᠡ ᠠᠬᠠᠽᠢᠶ᠎ᠠ ᠶᠢᠨ ᠲᠥᠷᠥᠯ ᠰᠠᠳᠤᠨ ᠶᠤᠮ᠃ ᠪᠢᠳᠡ ᠬᠠᠭᠠᠨ ᠤ ᠬᠥᠪᠡᠭᠦᠳ ᠪᠣᠯᠣᠨ ᠡᠬᠡ ᠬᠠᠲᠤᠨ ᠤ ᠬᠥᠪᠡᠭᠦᠳ ᠦᠨ ᠮᠡᠨᠳᠦ ᠶᠢ ᠠᠰᠠᠭᠤᠬᠤ ᠭᠡᠵᠦ ᠶᠠᠪᠤᠵᠤ ᠪᠠᠢᠨ᠎ᠠ》 ᠭᠡᠵᠦ ᠬᠠᠷᠢᠭᠤᠯᠪᠠ᠃ 14 ᠶᠧᠾᠦ᠋᠄ 《ᠲᠡᠳᠡᠨ ᠢ ᠠᠮᠢᠳᠤ ᠪᠠᠷ ᠨᠢ ᠪᠠᠷᠢᠭᠲᠤᠨ》 ᠭᠡᠬᠦ ᠳᠦ᠂ ᠬᠠᠮᠲᠤᠷᠠᠭᠴᠢᠳ ᠨᠢ ᠲᠡᠷᠡ ᠳᠥᠴᠢᠨ ᠬᠣᠶᠠᠷ ᠬᠥᠮᠦᠨ ᠢ ᠠᠮᠢᠳᠤ ᠪᠠᠷ ᠨᠢ ᠪᠠᠷᠢᠵᠤ᠂ ᠬᠣᠨᠢᠴᠢᠳ ᠤᠨ ᠨᠣᠣᠰᠣ ᠬᠢᠷᠭᠠᠬᠤ ᠭᠡᠷ ᠦᠨ ᠨᠦᠬᠡᠨ ᠦ ᠬᠠᠵᠠᠭᠤ ᠳᠤ ᠠᠪᠠᠴᠢᠵᠤ᠂ ᠨᠢᠭᠡ ᠶᠢ ᠨᠢ ᠴᠤ ᠦᠯᠡᠳᠡᠭᠡᠯ ᠦᠭᠡᠢ ᠪᠦᠭᠦᠳᠡ ᠶᠢ ᠬᠣᠷᠣᠭᠠᠵᠠᠢ᠃

15 ᠶᠧᠾᠦ᠋ ᠲᠡᠨᠳᠡ ᠡᠴᠡ ᠶᠠᠪᠤᠬᠤ ᠳᠠᠭᠠᠨ ᠥᠪᠡᠷ ᠲᠡᠢ ᠨᠢ ᠠᠭᠤᠯᠵᠠᠬᠤ ᠪᠠᠷ ᠢᠷᠡᠵᠦ ᠪᠤᠢ ᠷᠧᠺᠠᠪ ᠤᠨ ᠬᠦᠦ ᠶᠧᠬᠣᠨᠠᠳᠠᠪ ᠲᠠᠢ ᠲᠠᠭᠠᠷᠠᠯᠳᠤᠵᠠᠢ᠃ ᠶᠧᠾᠦ᠋ ᠲᠡᠭᠦᠨ ᠲᠡᠢ ᠮᠡᠨᠳᠦᠯᠡᠭᠡᠳ᠂ ᠲᠡᠭᠦᠨ ᠳᠦ᠄ 《ᠮᠢᠨᠦ ᠵᠢᠷᠦᠬᠡ ᠴᠢᠨᠦ ᠵᠢᠷᠦᠬᠡᠨ ᠦ ᠡᠮᠦᠨ᠎ᠡ ᠰᠢᠳᠤᠷᠭᠤ ᠪᠠᠢᠬᠤ ᠶᠢᠨ ᠠᠳᠠᠯᠢ ᠴᠢᠨᠦ ᠵᠢᠷᠦᠬᠡ ᠴᠤ ᠰᠢᠳᠤᠷᠭᠤ ᠪᠠᠢᠭ᠎ᠠ ᠤᠤ︖》 ᠭᠡᠬᠦ ᠳᠦ᠂ ᠶᠧᠬᠣᠨᠠᠳᠠᠪ᠄ 《ᠲᠡᠢᠮᠦ ᠪᠠᠢᠨ᠎ᠠ》 ᠭᠡᠵᠦ ᠬᠠᠷᠢᠭᠤᠯᠪᠠ᠃ ᠶᠧᠾᠦ᠋᠄ 《ᠲᠡᠢᠮᠦ ᠪᠣᠯ ᠭᠠᠷ ᠢᠶᠠᠨ ᠥᠭᠭᠥᠭᠲᠦᠨ》 ᠭᠡᠬᠦ ᠳᠦ᠂ ᠶᠧᠬᠣᠨᠠᠳᠠᠪ ᠲᠡᠭᠦᠨ ᠳᠦ ᠭᠠᠷ ᠢᠶᠠᠨ ᠥᠭᠪᠡ᠃ ᠶᠧᠾᠦ᠋ ᠲᠡᠭᠦᠨ ᠢ ᠲᠡᠷᠭᠡᠨ ᠳᠡᠭᠡᠨ ᠣᠷᠣᠭᠤᠯᠤᠭᠠᠳ᠄ 16 《ᠨᠠᠳᠠ ᠲᠠᠢ ᠬᠠᠮᠲᠤ ᠶᠠᠪᠤᠵᠤ᠂ ᠶᠣᠬᠣᠸᠠ ᠶᠢᠨ ᠲᠥᠯᠥᠭᠡᠬᠢ ᠮᠢᠨᠦ ᠵᠢᠳᠬᠦᠯ ᠢ ᠬᠠᠷᠠ》 ᠭᠡᠪᠡ᠃ ᠢᠩᠭᠢᠭᠡᠳ ᠶᠧᠾᠦ᠋ ᠲᠡᠭᠦᠨ ᠢ ᠲᠡᠷᠭᠡᠨ ᠳᠡᠭᠡᠨ ᠰᠠᠭᠤᠯᠭᠠᠭᠠᠳ 17 ᠰᠠᠮᠠᠷᠢᠶ᠎ᠠ ᠳᠤ ᠣᠴᠢᠵᠤ᠂ ᠲᠡᠨᠳᠡ ᠦᠯᠡᠳᠡᠭᠰᠡᠨ ᠠᠬᠠᠪ ᠤᠨ ᠬᠢᠨ ᠤ ᠪᠦᠭᠦᠳᠡ ᠶᠢ ᠴᠣᠬᠢᠵᠤ ᠤᠰᠠᠳᠬᠠᠭᠰᠠᠨ ᠳᠤ᠂ ᠡᠨᠡ ᠨᠢ ᠶᠣᠬᠣᠸᠠ ᠶᠢᠨ ᠧᠯᠢᠶ᠎ᠠ ᠳᠤ ᠠᠢᠯᠠᠳᠤᠭᠰᠠᠨ ᠦᠭᠡ ᠶᠢᠨ ᠳᠠᠭᠠᠤ ᠪᠣᠯᠵᠠᠢ᠃
 ᠪᠠᠯ ᠤᠨ ᠵᠠᠷᠤᠴᠠ ᠨᠠᠷ ᠮᠥᠬᠥᠪᠡ

18 ᠶᠧᠾᠦ᠋ ᠪᠦᠬᠦ ᠠᠷᠠᠳ ᠲᠦᠮᠡᠨ ᠢ ᠴᠤᠭᠯᠠᠭᠤᠯᠤᠭᠠᠳ᠂ ᠲᠡᠳᠡᠨ ᠳᠦ᠄ 《ᠠᠬᠠᠪ ᠪᠠᠯ ᠳᠤ ᠪᠠᠭ᠎ᠠ ᠰᠠᠭ᠎ᠠ ᠦᠢᠯᠡᠴᠢᠯᠡᠳᠡᠭ᠌ ᠪᠠᠢᠭᠰᠠᠨ ᠪᠣᠯ᠂ ᠶᠧᠾᠦ᠋ ᠪᠢ ᠶᠡᠬᠡ ᠪᠡᠷ ᠦᠢᠯᠡᠴᠢᠯᠡᠨ᠎ᠡ᠃ 19 ᠡᠢᠮᠦ ᠡᠴᠡ ᠪᠠᠯ ᠤᠨ ᠪᠦᠬᠦ ᠡᠰᠢ ᠦᠵᠡᠭᠦᠯᠦᠭᠴᠢ᠂ ᠪᠦᠬᠦ ᠵᠠᠷᠤᠴᠠ ᠪᠣᠯᠣᠨ ᠪᠦᠬᠦ ᠲᠠᠬᠢᠯᠴᠢ ᠶᠢ ᠨᠠᠳᠠ ᠤᠷᠤᠭᠤ ᠴᠤᠭᠯᠠᠭᠤᠯ᠃ ᠪᠢ ᠪᠠᠯ ᠳᠤ ᠶᠡᠬᠡ ᠲᠠᠬᠢᠯ ᠡᠷᠭᠦᠬᠦ ᠲᠤᠯᠠ ᠨᠢᠭᠡ ᠶᠢ ᠨᠢ ᠴᠤ ᠪᠦᠦ ᠣᠷᠬᠢᠭᠳᠠᠭᠤᠯ᠃ ᠣᠷᠬᠢᠭᠳᠠᠭᠰᠠᠨ ᠨᠢ ᠠᠮᠢᠳᠤ ᠦᠯᠡᠳᠡᠬᠦ ᠦᠭᠡᠢ》 ᠭᠡᠪᠡ᠃ ᠬᠠᠷᠢᠨ ᠶᠧᠾᠦ᠋ ᠪᠠᠯ ᠤᠨ ᠵᠠᠷᠤᠴᠠ ᠨᠠᠷ ᠢ ᠤᠰᠠᠳᠬᠠᠬᠤ ᠶᠢᠨ ᠲᠤᠯᠠᠳᠠ ᠢᠩᠭᠢᠵᠦ ᠵᠠᠯᠢ ᠭᠠᠷᠭᠠᠵᠠᠢ᠃ 20 ᠶᠧᠾᠦ᠋᠄ 《ᠪᠠᠯ ᠳᠤ ᠵᠣᠷᠢᠭᠤᠯᠤᠨ ᠠᠷᠢᠭᠤᠨ ᠴᠢᠭᠤᠯᠭᠠᠨ ᠢ ᠲᠤᠩ᠋ᠬᠠᠭᠯᠠᠭᠲᠤᠨ》 ᠭᠡᠰᠡᠨ ᠳᠦ᠂ ᠲᠡᠳᠡ ᠲᠤᠩ᠋ᠬᠠᠭᠯᠠᠪᠠ᠃ 21 ᠶᠧᠾᠦ᠋ ᠢᠰᠷᠧᠯ ᠳᠠᠶᠠᠭᠠᠷ ᠬᠡᠯᠡ ᠶᠠᠪᠤᠭᠤᠯᠤᠭᠰᠠᠨ ᠳᠤ᠂ ᠪᠠᠯ ᠤᠨ ᠵᠠᠷᠤᠴᠠ ᠨᠠᠷ ᠪᠦᠭᠦᠳᠡ ᠢᠷᠡᠵᠦ᠂ ᠢᠷᠡᠭᠡ ᠦᠭᠡᠢ ᠬᠥᠮᠦᠨ ᠭᠠᠭᠴᠠ ᠴᠤ ᠦᠭᠡᠢ ᠪᠠᠢᠪᠠ᠃ ᠲᠡᠳᠡ ᠪᠠᠯ ᠤᠨ ᠰᠦᠮ᠎ᠡ ᠳᠦ ᠣᠷᠣᠵᠤ᠂ ᠪᠠᠯ ᠤᠨ ᠰᠦᠮ᠎ᠡ ᠶᠢ ᠨᠢᠭᠡ ᠵᠠᠬ᠎ᠠ ᠠᠴᠠ ᠨᠢ ᠨᠥᠭᠥᠭᠡ ᠵᠠᠬ᠎ᠠ ᠬᠦᠷᠲᠡᠯ᠎ᠡ ᠳᠦᠭᠦᠷᠭᠡᠭᠰᠡᠨ ᠪᠠᠢᠪᠠ᠃ 22 ᠶᠧᠾᠦ᠋ ᠬᠤᠪᠴᠠᠰᠤ ᠬᠠᠮᠢᠶᠠᠷᠤᠭᠴᠢ ᠳᠤ᠄ 《ᠪᠠᠯ ᠤᠨ ᠵᠠᠷᠤᠴᠠ ᠨᠠᠷ ᠤᠨ ᠡᠮᠦᠰᠬᠦ ᠬᠤᠪᠴᠠᠰᠤ ᠶᠢ ᠠᠪᠴᠢᠷᠠ》 ᠭᠡᠰᠡᠨ ᠳᠦ᠂ ᠲᠡᠷᠡ ᠠᠪᠴᠢᠷᠠᠪᠠ᠃ 23 ᠶᠧᠾᠦ᠋ ᠷᠧᠺᠠᠪ ᠤᠨ ᠬᠦᠦ ᠶᠧᠬᠣᠨᠠᠳᠠᠪ ᠤᠨ ᠬᠠᠮᠲᠤ ᠪᠠᠯ ᠤᠨ ᠰᠦᠮ᠎ᠡ ᠳᠦ ᠣᠷᠣᠭᠠᠳ ᠪᠠᠯ ᠤᠨ ᠵᠠᠷᠤᠴᠠ ᠨᠠᠷ ᠲᠤ᠄ 《ᠲᠠ ᠨᠠᠷ ᠯᠠᠪᠯᠠᠵᠤ ᠦᠵᠡ᠂ ᠡ᠊ᠨᠳᠡ ᠶᠣᠬᠣᠸᠠ ᠶᠢᠨ ᠵᠠᠷᠤᠴᠠ ᠨᠠᠷ ᠠᠴᠠ ᠨᠢᠭᠡ ᠴᠤ ᠬᠥᠮᠦᠨ ᠲᠠ ᠨᠠᠷ ᠲᠠᠢ ᠬᠠᠮᠲᠤ ᠪᠠᠢᠵᠤ ᠪᠣᠯᠬᠤ ᠦᠭᠡᠢ᠂ ᠪᠠᠯ ᠤᠨ ᠵᠠᠷᠤᠴᠠ ᠨᠠᠷ ᠯᠠ ᠪᠠᠢᠬᠤ ᠶᠣᠰᠣᠲᠠᠢ》 ᠭᠡᠪᠡ᠃ 24 ᠲᠡᠭᠡᠭᠡᠳ ᠲᠡᠳᠡ ᠡᠷᠭᠦᠯ ᠪᠣᠯᠣᠨ ᠰᠢᠲᠠᠭᠠᠯᠭᠠᠲᠤ ᠲᠠᠬᠢᠯ ᠡᠷᠭᠦᠬᠦ ᠪᠡᠷ ᠳᠣᠲᠣᠭᠰᠢ ᠣᠷᠣᠪᠠ᠃ ᠤᠤᠯ ᠨᠢ ᠶᠧᠾᠦ᠋ ᠭᠠᠳᠠᠨ᠎ᠠ ᠨᠠᠶᠠᠨ ᠬᠥᠮᠦᠨ ᠪᠠᠢᠷᠢᠯᠠᠭᠤᠯᠤᠨ᠄ 《ᠪᠢ ᠥᠪᠡᠷ ᠢᠶᠡᠨ ᠡᠳᠡᠭᠡᠷ ᠬᠥᠮᠦᠰ ᠢ ᠲᠠ ᠨᠠᠷ ᠤᠨ ᠭᠠᠷ ᠲᠤ ᠲᠤᠰᠢᠶᠠᠵᠤ ᠪᠠᠢᠨ᠎ᠠ᠃ ᠡᠳᠡ ᠨᠠᠷ ᠠᠴᠠ ᠨᠢᠭᠡ ᠶᠢ ᠳᠤᠲᠠᠭᠠᠯᠭᠠᠭᠰᠠᠨ ᠬᠥᠮᠦᠨ ᠴᠤ ᠲᠡᠭᠦᠨ ᠦ ᠣᠷᠣᠨ ᠳᠤ ᠥᠪᠡᠷ ᠦᠨ ᠢᠶᠠᠨ ᠠᠮᠢ ᠶᠢ ᠥᠭᠭᠥᠨ᠎ᠡ ᠰᠢᠦ》 ᠭᠡᠵᠦ ᠬᠡᠯᠡᠭᠰᠡᠨ ᠪᠠᠢᠪᠠ᠃ 25 ᠰᠢᠲᠠᠭᠠᠯᠭᠠᠲᠤ ᠲᠠᠬᠢᠯ ᠡᠷᠭᠦᠵᠦ ᠳᠠᠭᠤᠰᠤᠮᠠᠭᠴᠠ ᠶᠧᠾᠦ᠋ ᠲᠣᠷᠭᠠᠨ ᠴᠡᠷᠢᠭ ᠤᠳ ᠪᠣᠯᠣᠨ ᠵᠠᠩᠵᠤᠨ ᠨᠠᠷ ᠲᠠᠭᠠᠨ᠄ 《ᠳᠣᠲᠣᠭᠰᠢ ᠣᠷᠣᠵᠤ ᠲᠡᠳᠡᠨ ᠢ ᠠᠯᠠ᠃ ᠨᠢᠭᠡ ᠬᠥᠮᠦᠨ ᠢ ᠴᠤ ᠳᠤᠲᠠᠭᠠᠯᠭᠠᠵᠤ ᠪᠣᠯᠬᠤ ᠦᠭᠡᠢ》 ᠭᠡᠬᠦ ᠳᠦ᠂ ᠲᠡᠳᠡ ᠢᠯᠳᠦ ᠪᠡᠷ ᠲᠡᠳᠡᠨ ᠢ ᠠᠯᠠᠪᠠ᠃ ᠲᠣᠷᠭᠠᠨ ᠴᠡᠷᠢᠭ ᠤᠳ ᠪᠣᠯᠣᠨ ᠵᠠᠩᠵᠤᠨ ᠨᠠᠷ ᠲᠡᠳᠡᠨ ᠢ ᠭᠠᠷᠭᠠᠨ ᠬᠠᠶᠠᠵᠤ᠂ ᠪᠠᠯ ᠤᠨ ᠰᠦᠮ᠎ᠡ ᠶᠢᠨ ᠳᠣᠲᠣᠭᠠᠳᠤ ᠥᠷᠥᠭᠡ ᠤᠷᠤᠭᠤ ᠣᠷᠣᠭᠠᠳ 26 ᠪᠠᠯ ᠤᠨ ᠰᠦᠮ᠎ᠡ ᠶᠢᠨ ᠪᠠᠭᠠᠨ᠎ᠠ ᠨᠤᠭᠤᠳ ᠢ ᠭᠠᠷᠭᠠᠨ ᠰᠢᠲᠠᠭᠠᠭᠰᠠᠨ ᠪᠥᠭᠡᠳ 27 ᠪᠠᠰᠠ ᠪᠠᠯ ᠤᠨ ᠪᠠᠭᠠᠨ᠎ᠠ ᠶᠢ ᠬᠤᠭᠤᠯᠤᠨ ᠪᠠᠯ ᠤᠨ ᠰᠦᠮ᠎ᠡ ᠶᠢ ᠨᠤᠷᠠᠭᠠᠵᠤ᠂ ᠵᠣᠷᠯᠣᠩ ᠪᠣᠯᠭᠠᠵᠤ ᠣᠷᠬᠢᠭᠰᠠᠨ ᠨᠢ ᠥᠨᠥᠳᠥᠷ ᠬᠦᠷᠲᠡᠯ᠎ᠡ ᠪᠠᠢᠭ᠎ᠠ ᠪᠢᠯᠡ᠃ 28 ᠡᠢᠨ ᠬᠦ ᠶᠧᠾᠦ᠋ ᠪᠠᠯ ᠢ ᠢᠰᠷᠧᠯ ᠡᠴᠡ ᠤᠰᠠᠳᠬᠠᠪᠠ᠃

29 ᠬᠠᠷᠢᠨ ᠶᠧᠾᠦ᠋ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠧᠪᠠᠲ ᠤᠨ ᠬᠦᠦ ᠶᠧᠷᠣᠪᠣᠶᠠᠮ ᠤᠨ ᠨᠢᠭᠦᠯ ᠡᠴᠡ ᠰᠠᠯᠤᠭᠰᠠᠨ ᠦᠭᠡᠢ ᠲᠤᠯᠠ ᠪᠧᠲ᠋ᠧᠯ ᠪᠣᠯᠣᠨ ᠳ᠋ᠠᠨ ᠳᠠᠬᠢ ᠠᠯᠲᠠᠨ ᠲᠤᠭᠤᠯ ᠤᠳ ᠦᠯᠡᠳᠡᠭᠰᠡᠭᠡᠷ ᠪᠠᠢᠯ᠎ᠠ᠃ 30 ᠶᠣᠬᠣᠸᠠ ᠶᠧᠾᠦ᠋ ᠳᠤ᠄ 《ᠮᠢᠨᠦ ᠮᠡᠯᠮᠡᠢ ᠳᠦ ᠵᠥᠪ ᠢ ᠭᠦᠢᠴᠡᠳᠬᠡᠬᠦ ᠲᠠᠯ᠎ᠠ ᠪᠠᠷ ᠴᠢ ᠰᠠᠢᠨ ᠬᠢᠵᠦ᠂ ᠮᠢᠨᠦ ᠰᠠᠨᠠᠭᠠᠨ ᠳᠤ ᠨᠡᠢᠴᠡᠭᠦᠯᠦᠨ ᠠᠬᠠᠪ ᠤᠨ ᠭᠡᠷ ᠲᠦ ᠦᠢᠯᠡᠳᠦᠭᠰᠡᠨ ᠲᠤᠯᠠ ᠴᠢᠨᠦ ᠦᠷ᠎ᠡ ᠤᠳᠤᠮ ᠳᠥᠷᠪᠡᠳᠡᠬᠢ ᠦᠶ᠎ᠡ ᠬᠦᠷᠲᠡᠯ᠎ᠡ ᠪᠡᠨ ᠢᠰᠷᠧᠯ ᠤᠨ ᠬᠠᠭᠠᠨ ᠤ ᠰᠡᠨᠲᠢ ᠳᠤ ᠰᠠᠭᠤᠨ᠎ᠠ》 ᠭᠡᠵᠦ ᠠᠢᠯᠠᠳᠴᠠᠢ᠃ 31 ᠬᠠᠷᠢᠨ ᠶᠧᠾᠦ᠋ ᠢᠰᠷᠧᠯ ᠤᠨ ᠪᠤᠷᠬᠠᠨ ᠶᠣᠬᠣᠸᠠ ᠶᠢᠨ ᠰᠤᠷᠭᠠᠯ ᠢ ᠪᠦᠬᠦ ᠵᠢᠷᠦᠬᠡ ᠪᠡᠷ ᠢᠶᠠᠨ ᠳᠠᠭᠠᠬᠤ ᠶᠢ ᠬᠢᠴᠢᠶᠡᠭᠰᠡᠨ ᠦᠭᠡᠢ᠂ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠶᠧᠷᠣᠪᠣᠶᠠᠮ ᠤᠨ ᠨᠢᠭᠦᠯ ᠡᠴᠡ ᠰᠠᠯᠤᠭᠰᠠᠨ ᠦᠭᠡᠢ᠃

32 ᠲᠡᠷᠡ ᠡᠳᠦᠷ ᠤᠳ ᠲᠤ ᠶᠣᠬᠣᠸᠠ ᠢᠰᠷᠧᠯ ᠢ ᠲᠠᠰᠤᠳᠠᠵᠤ ᠡᠬᠢᠯᠡᠭᠰᠡᠨ ᠶᠤᠮ᠃ ᠬᠠᠽᠠᠶᠧᠯ ᠢᠰᠷᠧᠯᠴᠦᠳ ᠦᠨ ᠪᠦᠬᠦ ᠬᠢᠯᠢ ᠶᠢ ᠳᠠᠭᠠᠷᠢᠵᠤ᠂ 33 ᠶᠣᠷᠳᠠᠨ ᠤ ᠵᠡᠭᠦᠨᠲᠡᠬᠢ ᠭᠢᠯᠧᠶᠠᠳ᠋ ᠤᠨ ᠪᠦᠬᠦ ᠨᠤᠲᠤᠭ᠂ ᠲᠤᠬᠠᠢᠯᠠᠪᠠᠯ ᠭᠠᠳ᠋ᠴᠤᠳ᠂ ᠷᠧᠣᠪᠧᠨᠴᠤᠳ᠂ ᠮᠠᠨᠠᠰᠧᠴᠤᠳ ᠤᠨ ᠨᠤᠲᠤᠭ᠂ ᠠᠷᠨᠣᠨ ᠤ ᠬᠥᠨᠳᠡᠢ ᠳᠠᠬᠢ ᠠᠷᠣᠶᠧᠷ ᠡᠴᠡ ᠭᠢᠯᠧᠶᠠᠳ᠋ ᠢᠶᠠᠷ ᠳᠠᠭᠠᠷᠢᠨ ᠪᠠᠱᠠᠨ ᠬᠦᠷᠲᠡᠯ᠎ᠡ ᠡᠵᠡᠯᠡᠭᠰᠡᠨ ᠶᠤᠮ᠃ 34 ᠶᠧᠾᠦ᠋ ᠶᠢᠨ ᠪᠤᠰᠤᠳ ᠶᠠᠪᠤᠳᠠᠯ᠂ ᠲᠡᠭᠦᠨ ᠦ ᠬᠢᠭᠰᠡᠨ ᠪᠦᠭᠦᠳᠡ᠂ ᠡᠷᠬᠡ ᠮᠡᠳᠡᠯ ᠵᠡᠷᠭᠡ ᠨᠢ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 35 ᠶᠧᠾᠦ᠋ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠥᠮᠦᠰ ᠲᠡᠭᠦᠨ ᠢ ᠰᠠᠮᠠᠷᠢᠶ᠎ᠠ ᠳᠤ ᠣᠷᠣᠰᠢᠭᠤᠯᠪᠠ᠃ ᠬᠦᠦ ᠶᠧᠬᠣᠶᠠᠬᠠᠽ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃ 36 ᠶᠧᠾᠦ᠋ ᠰᠠᠮᠠᠷᠢᠶ᠎ᠠ ᠳᠤ ᠢᠰᠷᠧᠯ ᠢ ᠬᠣᠷᠢᠨ ᠨᠠᠢ᠌ᠮᠠᠨ ᠵᠢᠯ ᠵᠠᠬᠢᠷᠤᠯ᠎ᠠ᠃