ᠬᠠᠭᠠᠳ ᠤᠨ ᠳᠡᠳ᠋ ᠲᠠᠪᠤ
ᠨᠠᠮᠠᠨ ᠤ ᠤᠶᠠᠮᠠᠨ ᠡᠳᠡᠭᠡᠷᠡᠪᠡ
1 ᠠᠷᠠᠮ ᠤᠨ ᠬᠠᠭᠠᠨ ᠤ ᠴᠡᠷᠢᠭ ᠤᠨ ᠵᠠᠩᠵᠤᠨ ᠨᠠᠮᠠᠨ ᠡᠵᠡᠨ ᠦ ᠪᠠᠨ ᠬᠦᠨᠳᠦᠳᠬᠡᠯ ᠢ ᠣᠯᠣᠭᠰᠠᠨ ᠠᠭᠤᠤ ᠬᠥᠮᠦᠨ ᠪᠠᠢᠯ᠎ᠠ᠃ ᠤᠴᠢᠷ ᠨᠢ ᠶᠣᠬᠣᠸᠠ ᠲᠡᠭᠦᠨ ᠢᠶᠡᠷ ᠳᠠᠮᠵᠢᠭᠤᠯᠤᠨ ᠠᠷᠠᠮ ᠳᠤ ᠢᠯᠠᠯᠲᠠ ᠣᠯᠭᠣᠭᠰᠠᠨ ᠠᠵᠢ᠃ ᠡᠨᠡ ᠬᠥᠮᠦᠨ ᠬᠦᠴᠦᠲᠡᠢ ᠳᠠᠢᠴᠢᠨ ᠡᠷ᠎ᠡ ᠪᠣᠯᠪᠠᠴᠤ ᠤᠶᠠᠮᠠᠨ ᠡᠪᠡᠳᠴᠢᠨ ᠲᠡᠢ ᠪᠠᠢᠪᠠ᠃ 2 ᠠᠷᠠᠮᠴᠤᠳ ᠤᠨ ᠪᠦᠯᠦᠭᠯᠡᠨ ᠳᠣᠪᠲᠣᠯᠬᠤ ᠳᠠᠭᠠᠨ ᠢᠰᠷᠧᠯ ᠤᠨ ᠨᠤᠲᠤᠭ ᠠᠴᠠ ᠤᠤᠯᠭᠠᠯᠠᠨ ᠠᠪᠴᠢᠷᠠᠭᠰᠠᠨ ᠨᠢᠭᠡᠨ ᠪᠢᠴᠢᠬᠠᠨ ᠥᠬᠢᠨ ᠨᠠᠮᠠᠨ ᠤ ᠡᠬᠡᠨᠡᠷ ᠲᠦ ᠵᠠᠷᠤᠭᠳᠠᠳᠠᠭ ᠪᠠᠢᠪᠠ᠃ 3 ᠨᠢᠭᠡᠨ ᠡᠳᠦᠷ ᠥᠬᠢᠨ ᠡᠵᠡᠭᠲᠡᠢ ᠳᠡᠭᠡᠨ᠄ 《ᠮᠠᠨ ᠤ ᠡᠵᠡᠨᠲᠡᠨ ᠰᠠᠮᠠᠷᠢᠶ᠎ᠠ ᠳᠠᠬᠢ ᠡᠰᠢ ᠦᠵᠡᠭᠦᠯᠦᠭᠴᠢ ᠲᠠᠢ ᠠᠭᠤᠯᠵᠠᠬᠤ ᠴᠤ ᠪᠣᠯᠣᠭᠠᠰᠠᠢ︕ ᠲᠡᠷᠡ ᠬᠥᠮᠦᠨ ᠡᠵᠡᠨᠲᠡᠨ ᠦ ᠮᠠᠨᠢ ᠤᠶᠠᠮᠠᠨ ᠡᠪᠡᠳᠴᠢᠨ ᠢ ᠡᠳᠡᠭᠡᠭᠡᠨ᠎ᠡ ᠳᠠ》 ᠭᠡᠬᠦ ᠪᠡᠷ ᠨᠢ᠂ 4 ᠨᠠᠮᠠᠨ ᠡᠵᠡᠨ ᠳᠡᠭᠡᠨ ᠣᠴᠢᠵᠤ ᠪᠠᠷᠠᠭᠠᠯᠬᠠᠨ᠂ ᠢᠰᠷᠧᠯ ᠡᠴᠡ ᠠᠪᠴᠢᠷᠠᠭᠰᠠᠨ ᠲᠡᠷᠡ ᠥᠬᠢᠨ ᠤ ᠶᠠᠷᠢᠭᠰᠠᠨ ᠢ ᠳᠤᠭᠤᠯᠭᠠᠪᠠ᠃ 5 ᠠᠷᠠᠮ ᠤᠨ ᠬᠠᠭᠠᠨ᠄ 《ᠶᠠᠪᠤ᠂ ᠶᠠᠪᠤ᠃ ᠪᠢ ᠢᠰᠷᠧᠯ ᠤᠨ ᠬᠠᠭᠠᠨ ᠳᠤ ᠵᠠᠬᠢᠳᠠᠯ ᠢᠯᠡᠭᠡᠶ᠎ᠡ》 ᠭᠡᠯᠡ᠃ ᠢᠩᠭᠢᠭᠡᠳ ᠨᠠᠮᠠᠨ ᠠᠷᠪᠠᠨ ᠲᠠᠯᠠᠨᠲ 6 ᠮᠥᠩᠭᠥ᠂ ᠵᠢᠷᠭᠤᠭᠠᠨ ᠮᠢᠩ᠋ᠭᠠᠨ ᠱᠧᠺᠧᠯ 7 ᠠᠯᠲᠠ᠂ ᠠᠷᠪᠠᠨ ᠵᠠᠬ᠎ᠠ ᠬᠤᠪᠴᠠᠰᠤ ᠠᠪᠴᠤ ᠬᠦᠷᠦᠭᠡᠳ 6 ᠢᠰᠷᠧᠯ ᠤᠨ ᠬᠠᠭᠠᠨ ᠳᠤ ᠨᠥᠭᠥᠭᠡ ᠵᠠᠬᠢᠳᠠᠯ ᠢ ᠭᠠᠷᠳᠠᠭᠤᠯᠪᠠ᠃ ᠵᠠᠬᠢᠳᠠᠯ ᠳᠤ᠄ 《ᠪᠢ ᠵᠠᠷᠤᠴᠠ ᠨᠠᠮᠠᠨ ᠢᠶᠠᠨ ᠡᠨᠡ ᠵᠠᠬᠢᠳᠠᠯ ᠲᠠᠢ ᠬᠠᠮᠲᠤ ᠲᠠᠨ ᠤᠷᠤᠭᠤ ᠶᠠᠪᠤᠭᠤᠯᠤᠯ᠎ᠠ᠂ ᠲᠡᠭᠦᠨ ᠢ ᠲᠠ ᠤᠶᠠᠮᠠᠨ ᠡᠪᠡᠳᠴᠢᠨ ᠡᠴᠡ ᠨᠢ ᠡᠳᠡᠭᠡᠭᠡᠵᠦ ᠬᠠᠢᠷᠠᠯᠠᠨ᠎ᠠ ᠤᠤ︖》 ᠭᠡᠵᠦ ᠪᠢᠴᠢᠭᠰᠡᠨ ᠪᠠᠢᠪᠠ᠃ 7 ᠢᠰᠷᠧᠯ ᠤᠨ ᠬᠠᠭᠠᠨ ᠲᠡᠷᠡ ᠵᠠᠬᠢᠳᠠᠯ ᠢ ᠤᠩ᠋ᠰᠢᠭᠠᠳ ᠬᠤᠪᠴᠠᠰᠤ ᠪᠠᠨ ᠤᠷᠠᠨ᠄ 《ᠪᠢ ᠶᠠᠮᠠᠷ ᠬᠥᠮᠦᠨ ᠢ ᠦᠬᠦᠭᠦᠯᠵᠦ ᠠᠮᠢᠳᠤᠷᠠᠭᠤᠯᠳᠠᠭ ᠪᠤᠷᠬᠠᠨ ᠶᠤᠮ ᠤᠤ︖ ᠲᠡᠷᠡ ᠶᠠᠭᠠᠬᠢᠭᠠᠳ ᠨᠠᠳᠠ ᠤᠷᠤᠭᠤ ᠬᠥᠮᠦᠨ ᠶᠠᠪᠤᠭᠤᠯᠵᠤ᠂ ᠲᠡᠭᠦᠨ ᠦ ᠤᠶᠠᠮᠠᠨ ᠡᠪᠡᠳᠴᠢᠨ ᠢ ᠨᠢ ᠡᠳᠡᠭᠡᠭᠡᠭᠡᠴᠢ ᠭᠡᠬᠦ ᠨᠢ ᠪᠤᠢ︖ ᠡᠨᠡ ᠬᠥᠮᠦᠨ ᠦ ᠬᠡᠷᠬᠢᠨ ᠰᠢᠯᠲᠠᠭ ᠡᠷᠢᠵᠦ ᠪᠠᠢᠭ᠎ᠠ ᠶᠢ ᠲᠠ ᠨᠠᠷ ᠬᠠᠷᠠᠵᠠᠭ᠎ᠠ》 ᠭᠡᠪᠡ᠃
8 ᠪᠤᠷᠬᠠᠨ ᠤ ᠬᠥᠮᠦᠨ ᠡᠯᠢᠱᠠ ᠢᠰᠷᠧᠯ ᠤᠨ ᠬᠠᠭᠠᠨ ᠤ ᠬᠤᠪᠴᠠᠰᠤ ᠪᠠᠨ ᠤᠷᠠᠭᠰᠠᠨ ᠢ ᠰᠣᠨᠣᠰᠣᠭᠠᠳ ᠬᠠᠭᠠᠨ ᠳᠤ ᠦᠭᠡ ᠢᠯᠡᠭᠡᠨ᠄ 《ᠲᠠ ᠶᠠᠭᠤᠨ ᠳᠤ ᠬᠤᠪᠴᠠᠰᠤ ᠪᠠᠨ ᠤᠷᠠᠬᠤ ᠶᠤᠮ ᠪᠤᠢ︖ ᠲᠡᠷᠡ ᠬᠥᠮᠦᠨ ᠢ ᠨᠠᠳᠠ ᠤᠷᠤᠭᠤ ᠶᠠᠪᠤᠭᠤᠯ᠃ ᠢᠰᠷᠧᠯ ᠳᠤ ᠡᠰᠢ ᠦᠵᠡᠭᠦᠯᠦᠭᠴᠢ ᠪᠠᠢᠳᠠᠭ ᠭᠡᠳᠡᠭ ᠢ ᠲᠡᠷᠡ ᠮᠡᠳᠡᠬᠦ ᠪᠣᠯᠣᠨ᠎ᠠ》 ᠭᠡᠵᠦ ᠬᠡᠯᠡᠭᠦᠯᠦᠭᠰᠡᠨ ᠳᠦ᠂ 9 ᠨᠠᠮᠠᠨ ᠲᠡᠷᠭᠡ ᠮᠣᠷᠢᠳ ᠲᠠᠢ ᠪᠠᠨ ᠡᠯᠢᠱᠠ ᠶᠢᠨ ᠭᠡᠷ ᠦᠨ ᠡᠭᠦᠳᠡᠨ ᠳᠦ ᠢᠷᠡᠵᠦ ᠵᠣᠭᠰᠣᠪᠠ᠃ 10 ᠡᠯᠢᠱᠠ ᠡᠯᠴᠢ ᠶᠠᠪᠤᠭᠤᠯᠤᠨ ᠲᠡᠭᠦᠨ ᠳᠦ᠄ 《ᠶᠣᠷᠳᠠᠨ ᠭᠣᠣᠯ ᠳᠤ ᠣᠴᠢᠵᠤ ᠪᠡᠶ᠎ᠡ ᠪᠡᠨ ᠳᠣᠯᠣᠭᠠᠨ ᠤᠳᠠᠭ᠎ᠠ ᠤᠬᠢᠶᠠ᠃ ᠲᠡᠭᠡᠪᠡᠯ ᠪᠡᠶ᠎ᠡ ᠴᠢᠨᠢ ᠰᠡᠷᠭᠦᠵᠦ ᠴᠡᠪᠡᠷ ᠪᠣᠯᠣᠨ᠎ᠠ》 ᠭᠡᠵᠦ ᠬᠡᠯᠡᠭᠦᠯᠪᠡ᠃ 11 ᠬᠠᠷᠢᠨ ᠨᠠᠮᠠᠨ ᠠᠭᠤᠷᠯᠠᠨ ᠲᠡᠨᠳᠡ ᠡᠴᠡ ᠭᠠᠷᠴᠤ᠄ 《ᠬᠠᠷ᠎ᠠ᠂ ᠪᠢ ᠲᠡᠭᠦᠨ ᠢ ᠯᠠᠪ ᠭᠠᠷᠴᠤ ᠢᠷᠡᠭᠡᠳ ᠮᠢᠨᠦ ᠡᠮᠦᠨ᠎ᠡ ᠵᠣᠭᠰᠣᠵᠤ ᠥᠪᠡᠷ ᠦᠨ ᠢᠶᠠᠨ ᠪᠤᠷᠬᠠᠨ ᠶᠣᠬᠣᠸᠠ ᠶᠢᠨ ᠨᠡᠷ᠎ᠡ ᠶᠢ ᠳᠠᠭᠤᠳᠠᠨ᠂ ᠡᠪᠡᠳᠴᠢᠨ ᠲᠡᠢ ᠭᠠᠵᠠᠷ ᠢ ᠮᠢᠨᠢ ᠭᠠᠷ ᠢᠶᠠᠷ ᠢᠶᠠᠨ ᠢᠯᠢᠵᠦ᠂ ᠤᠶᠠᠮᠠᠨ ᠡᠪᠡᠳᠴᠢᠨ ᠢ ᠡᠳᠡᠭᠡᠭᠡᠨ᠎ᠡ ᠭᠡᠵᠦ ᠪᠣᠳᠣᠭᠰᠠᠨ ᠶᠤᠮ᠃ 12 ᠳ᠋ᠠᠮᠠᠰᠺᠦ᠋ᠰ ᠲᠤ ᠪᠠᠢᠭ᠎ᠠ ᠠᠪᠠᠨᠠ᠂ ᠹᠠᠷᠫᠠᠷ ᠵᠡᠷᠭᠡ ᠭᠣᠣᠯ ᠮᠥᠷᠡᠨ ᠨᠢ ᠢᠰᠷᠧᠯ ᠤᠨ ᠠᠯᠢ ᠴᠤ ᠤᠰᠤᠨ ᠠᠴᠠ ᠳᠡᠭᠡᠷ᠎ᠡ ᠪᠢᠰᠢ ᠭᠡᠵᠢ ᠤᠤ︖ ᠬᠠᠷᠢᠨ ᠲᠡᠳᠡᠭᠡᠷ ᠦᠨ ᠳᠣᠲᠣᠷ᠎ᠠ ᠤᠬᠢᠶᠠᠪᠠᠯ ᠴᠡᠪᠡᠷ ᠪᠣᠯᠵᠤ ᠪᠣᠯᠬᠤ ᠦᠭᠡᠢ ᠭᠡᠵᠢ ᠤᠤ︖》 ᠬᠡᠮᠡᠨ ᠠᠭᠤᠷ ᠲᠠᠢ ᠪᠠᠷ ᠡᠷᠭᠢᠵᠦ ᠶᠠᠪᠤᠵᠠᠢ᠃ 13 ᠲᠡᠭᠡᠲᠡᠯ᠎ᠡ ᠵᠠᠷᠤᠴᠠ ᠨᠠᠷ ᠨᠢ ᠳᠥᠭᠥᠨ ᠢᠷᠡᠵᠦ᠂ ᠲᠡᠭᠦᠨ ᠳᠦ᠄ 《ᠡᠴᠢᠭᠡ ᠮᠢᠨᠢ᠂ ᠬᠡᠷᠪᠡ ᠲᠡᠷᠡ ᠡᠰᠢ ᠦᠵᠡᠭᠦᠯᠦᠭᠴᠢ ᠡᠭᠦᠨ ᠡᠴᠡ ᠪᠡᠷᠬᠡ ᠵᠦᠢᠯ ᠢ ᠲᠠᠨ ᠳᠤ ᠶᠠᠷᠢᠭᠰᠠᠨ ᠴᠤ ᠲᠠ ᠲᠡᠭᠦᠨ ᠢ ᠪᠡᠶᠡᠯᠡᠭᠦᠯᠬᠦ ᠪᠢᠰᠢ ᠤᠤ︖ ᠬᠠᠷᠢᠨ᠄ 〈ᠤᠬᠢᠶᠠ᠂ ᠴᠡᠪᠡᠷᠰᠢ〉 ᠭᠡᠰᠡᠨ ᠭᠡᠳ ᠲᠠ ᠬᠢᠬᠦ ᠦᠭᠡᠢ ᠪᠠᠢᠨ᠎ᠠ ᠭᠡᠵᠢ ᠤᠤ︖》 ᠭᠡᠵᠡᠭᠡᠪᠡ᠃ 14 ᠨᠠᠮᠠᠨ ᠤᠷᠤᠭᠤᠳᠠᠨ ᠶᠠᠪᠤᠵᠤ᠂ ᠪᠤᠷᠬᠠᠨ ᠤ ᠬᠥᠮᠦᠨ ᠦ ᠦᠭᠡ ᠪᠡᠷ ᠶᠣᠷᠳᠠᠨ ᠭᠣᠣᠯ ᠳᠤ ᠳᠣᠯᠣᠭᠠᠨ ᠤᠳᠠᠭ᠎ᠠ ᠪᠤᠯᠬᠠᠭᠰᠠᠨ ᠳᠤ᠂ ᠲᠡᠭᠦᠨ ᠦ ᠪᠡᠶ᠎ᠡ ᠵᠢᠭᠠᠯ ᠬᠡᠦᠬᠡᠳ ᠦᠨ ᠪᠡᠶ᠎ᠡ ᠮᠡᠲᠦ ᠰᠡᠷᠭᠦᠵᠦ᠂ ᠴᠡᠪᠡᠷ ᠪᠣᠯᠵᠠᠢ᠃
15 ᠨᠠᠮᠠᠨ ᠪᠠᠷ᠎ᠠ ᠪᠣᠯᠣᠭᠴᠢ ᠪᠦᠭᠦᠳᠡ ᠶᠢᠨ ᠢᠶᠠᠨ ᠬᠠᠮᠲᠤ ᠪᠤᠷᠬᠠᠨ ᠤ ᠬᠥᠮᠦᠨ ᠤᠷᠤᠭᠤ ᠡᠷᠭᠢᠵᠦ ᠢᠷᠡᠨ ᠲᠡᠭᠦᠨ ᠦ ᠡᠮᠦᠨ᠎ᠡ ᠵᠣᠭᠰᠣᠭᠠᠳ᠄ 《ᠬᠠᠷ᠎ᠠ᠂ ᠪᠢ ᠣᠳᠣ ᠮᠡᠳᠡᠯ᠎ᠡ︕ ᠢᠰᠷᠧᠯ ᠡᠴᠡ ᠭᠠᠳᠠᠨ᠎ᠠ ᠪᠦᠬᠦ ᠳᠡᠯᠡᠬᠡᠢ ᠳᠦ ᠥᠭᠡᠷ᠎ᠡ ᠬᠠᠮᠢᠭ᠎ᠠ ᠴᠤ ᠪᠤᠷᠬᠠᠨ ᠪᠠᠢᠳᠠᠭ ᠦᠭᠡᠢ ᠶᠤᠮ ᠪᠠᠢᠨ᠎ᠠ᠃ ᠲᠠ ᠣᠳᠣ ᠵᠠᠷᠤᠴᠠ ᠶᠢᠨ ᠢᠶᠠᠨ ᠪᠡᠯᠡᠭ ᠢ ᠬᠦᠯᠢᠶᠡᠨ ᠠᠪᠤᠭᠠᠴᠢ》 ᠭᠡᠵᠡᠢ᠃ 16 ᠬᠠᠷᠢᠨ ᠡᠯᠢᠱᠠ᠄ 《ᠮᠢᠨᠦ ᠦᠢᠯᠡᠴᠢᠯᠡᠳᠡᠭ᠌ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠶᠠᠭᠤ ᠴᠤ ᠠᠪᠬᠤ ᠦᠭᠡᠢ》 ᠭᠡᠯᠡ᠃ ᠨᠠᠮᠠᠨ ᠳᠠᠬᠢᠨ ᠳᠠᠪᠲᠠᠨ ᠢᠳᠬᠠᠭᠰᠠᠨ ᠪᠣᠯᠪᠠᠴᠤ ᠲᠡᠷᠡ ᠠᠪᠬᠤ ᠦᠭᠡᠢ ᠪᠠᠢᠯ᠎ᠠ᠃ 17 ᠨᠠᠮᠠᠨ᠄ 《ᠠᠪᠬᠤ ᠦᠭᠡᠢ ᠶᠤᠮ ᠪᠣᠯ᠂ ᠲᠠ ᠵᠠᠷᠤᠴᠠ ᠳᠠᠭᠠᠨ ᠬᠣᠶᠠᠷ ᠯᠠᠭᠤᠰᠠᠨ ᠳᠤ ᠠᠴᠢᠬᠤ ᠬᠡᠮᠵᠢᠶᠡᠨ ᠦ ᠰᠢᠷᠣᠢ ᠥᠭᠭᠥᠨ᠎ᠡ ᠤᠤ︖ ᠣᠳᠣ ᠠᠴᠠ ᠡᠬᠢᠯᠡᠨ ᠲᠠᠨ ᠤ ᠵᠠᠷᠤᠴᠠ ᠰᠢᠲᠠᠭᠠᠯᠭᠠᠲᠤ ᠲᠠᠬᠢᠯ ᠪᠤᠶᠤ ᠪᠤᠰᠤᠳ ᠲᠠᠬᠢᠯ ᠢᠶᠠᠨ ᠥᠭᠡᠷ᠎ᠡ ᠪᠤᠷᠬᠠᠳ ᠲᠤ ᠡᠷᠭᠦᠬᠦ ᠦᠭᠡᠢ᠂ ᠵᠥᠪᠬᠡᠨ ᠶᠣᠬᠣᠸᠠ ᠳᠤ ᠯᠠ ᠡᠷᠭᠦᠬᠦ ᠪᠣᠯᠣᠨ᠎ᠠ᠃ 18 ᠬᠠᠷᠢᠨ ᠨᠢᠭᠡ ᠶᠠᠪᠤᠳᠠᠯ ᠳᠤ ᠲᠠᠨ ᠤ ᠵᠠᠷᠤᠴᠠ ᠶᠢ ᠶᠣᠬᠣᠸᠠ ᠠᠭᠤᠴᠢᠯᠠᠬᠤ ᠪᠣᠯᠲᠤᠭᠠᠢ᠃ ᠮᠢᠨᠦ ᠡᠵᠡᠨ ᠷᠢᠮᠣᠨ ᠤ ᠳᠤᠭᠠᠩ ᠳᠤ ᠮᠥᠷᠭᠥᠯ ᠦᠢᠯᠡᠳᠬᠦ ᠪᠡᠷ ᠣᠷᠣᠬᠤ ᠦᠶ᠎ᠡ ᠳᠡᠭᠡᠨ ᠮᠢᠨᠦ ᠭᠠᠷ ᠢ ᠲᠦᠰᠢᠳᠡᠭ ᠪᠣᠯᠬᠣᠷ ᠪᠢ ᠴᠤ ᠷᠢᠮᠣᠨ ᠤ ᠳᠤᠭᠠᠩ ᠳᠤ ᠪᠥᠬᠥᠢᠬᠦ ᠪᠣᠯᠳᠠᠭ ᠶᠤᠮ᠃ ᠶᠣᠬᠣᠸᠠ ᠲᠠᠨ ᠤ ᠵᠠᠷᠤᠴᠠ ᠨᠠᠮᠠᠶᠢ ᠷᠢᠮᠣᠨ ᠤ ᠳᠤᠭᠠᠩ ᠳᠤ ᠪᠥᠬᠥᠢᠬᠦ ᠶᠠᠪᠤᠳᠠᠯ ᠳᠡᠭᠡᠷ᠎ᠡ ᠠᠭᠤᠴᠢᠯᠠᠬᠤ ᠪᠣᠯᠲᠤᠭᠠᠢ》 ᠭᠡᠬᠦ ᠳᠦ᠂ 19 ᠡᠯᠢᠱᠠ᠄ 《ᠠᠮᠤᠷ ᠠᠮᠤᠭᠤᠯᠠᠩ ᠶᠠᠪᠤᠭᠲᠤᠨ》 ᠭᠡᠪᠡ᠃ ᠬᠠᠷᠢᠨ ᠨᠠᠮᠠᠨ ᠬᠣᠯᠠᠳᠠᠭ᠎ᠠ ᠦᠭᠡᠢ ᠪᠠᠢᠬᠤ ᠳᠤ᠂ 20 ᠪᠤᠷᠬᠠᠨ ᠤ ᠬᠥᠮᠦᠨ ᠡᠯᠢᠱᠠ ᠶᠢᠨ ᠵᠠᠷᠤᠴᠠ ᠭᠧᠬᠠᠽᠢ᠄ 《ᠬᠠᠷ᠎ᠠ᠂ ᠮᠢᠨᠦ ᠡᠵᠡᠨ ᠡᠨᠡ ᠠᠷᠠᠮ ᠬᠥᠮᠦᠨ ᠨᠠᠮᠠᠨ ᠳᠤ ᠳᠡᠩᠳᠡᠭᠦᠦ ᠵᠥᠭᠡᠯᠡᠨ ᠬᠠᠨᠳᠤᠭᠰᠠᠨ ᠪᠠᠢᠨ᠎ᠠ︕ ᠲᠡᠭᠦᠨ ᠦ ᠠᠪᠴᠢᠷᠠᠭᠰᠠᠨ ᠶᠠᠭᠤᠮᠠᠨ ᠠᠴᠠ ᠶᠠᠭᠤ ᠴᠤ ᠠᠪᠤᠭᠰᠠᠨ ᠦᠭᠡᠢ᠃ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠠᠷᠤ ᠠᠴᠠ ᠨᠢ ᠭᠦᠶᠦᠨ ᠣᠴᠢᠭᠠᠳ ᠲᠡᠭᠦᠨ ᠡᠴᠡ ᠵᠠᠪᠠᠯ ᠶᠠᠭᠤᠮ᠎ᠠ ᠠᠪᠤᠶ᠎ᠠ》 ᠬᠡᠮᠡᠭᠡᠳ 21 ᠨᠠᠮᠠᠨ ᠢ ᠨᠡᠬᠡᠨ ᠣᠳᠪᠠ᠃ ᠨᠠᠮᠠᠨ ᠲᠡᠭᠦᠨ ᠦ ᠭᠦᠶᠦᠵᠦ ᠢᠷᠡᠬᠦ ᠶᠢ ᠬᠠᠷᠠᠭᠠᠳ᠂ ᠲᠡᠭᠦᠨ ᠢ ᠤᠭᠲᠤᠬᠤ ᠪᠠᠷ ᠲᠡᠷᠭᠡᠨ ᠡᠴᠡ ᠪᠡᠨ ᠪᠠᠭᠤᠵᠤ᠄ 《ᠠᠮᠤᠷ ᠪᠠᠢᠨ᠎ᠠ ᠤᠤ︖》 ᠭᠡᠵᠦ ᠠᠰᠠᠭᠤᠪᠠ᠃ 22 ᠭᠧᠬᠠᠽᠢ᠄ 《ᠠᠮᠤᠷ ᠪᠠᠢᠨ᠎ᠠ᠃ ᠮᠢᠨᠦ ᠡᠵᠡᠨ ᠨᠠᠮᠠᠶᠢ ᠢᠯᠡᠭᠡᠵᠦ᠄ 〈ᠬᠠᠷ᠎ᠠ᠂ ᠡᠹᠷᠠᠢᠮ ᠤᠨ ᠠᠭᠤᠯᠠᠷᠬᠠᠭ ᠨᠤᠲᠤᠭ ᠤᠨ ᠡᠰᠢ ᠦᠵᠡᠭᠦᠯᠦᠭᠴᠢ ᠱᠠᠪᠢ ᠨᠠᠷ ᠠᠴᠠ ᠬᠣᠶᠠᠷ ᠵᠠᠯᠠᠭᠤ ᠨᠠᠳᠠ ᠤᠷᠤᠭᠤ ᠰᠠᠶ᠋ᠢᠬᠠᠨ ᠢᠷᠡᠯ᠎ᠡ᠃ ᠲᠡᠳᠡᠨ ᠳᠦ ᠨᠢᠭᠡ ᠲᠠᠯᠠᠨᠲ ᠮᠥᠩᠭᠥ ᠪᠣᠯᠣᠨ ᠬᠣᠶᠠᠷ ᠵᠠᠬ᠎ᠠ ᠬᠤᠪᠴᠠᠰᠤ ᠥᠭᠭᠥᠨ᠎ᠡ ᠤᠤ︖〉 ᠭᠡᠵᠦ ᠬᠡᠯᠡᠭᠦᠯᠵᠡᠢ》 ᠭᠡᠪᠡ᠃ 23 ᠨᠠᠮᠠᠨ᠄ 《ᠲᠡᠭᠡᠯ ᠦᠭᠡᠢ ᠶᠠᠭᠠᠬᠢᠬᠤ ᠪᠤᠢ᠂ ᠬᠣᠶᠠᠷ ᠲᠠᠯᠠᠨᠲ ᠠᠪᠴᠤ ᠬᠠᠢᠷᠠᠯᠠ》 ᠭᠡᠳ ᠭᠧᠬᠠᠽᠢ ᠶᠢ ᠢᠳᠬᠠᠨ᠂ ᠬᠣᠶᠠᠷ ᠲᠠᠯᠠᠨᠲ ᠮᠥᠩᠭᠥ ᠶᠢ ᠬᠣᠶᠠᠷ ᠵᠠᠬ᠎ᠠ ᠬᠤᠪᠴᠠᠰᠤ ᠲᠠᠢ ᠬᠠᠮᠲᠤ ᠬᠣᠶᠠᠷ ᠤᠭᠤᠲᠠᠨ ᠳᠤ ᠬᠢᠵᠦ᠂ ᠬᠣᠶᠠᠷ ᠵᠠᠷᠤᠴᠠ ᠳᠠᠭᠠᠨ ᠡᠭᠦᠷᠦᠭᠦᠯᠦᠭᠡᠳ ᠭᠧᠬᠠᠽᠢ ᠶᠢᠨ ᠡᠮᠦᠨ᠎ᠡ ᠶᠠᠪᠤᠭᠤᠯᠵᠠᠢ᠃ 24 ᠲᠡᠳᠡ ᠲᠣᠯᠣᠭᠠᠳ ᠳᠡᠭᠡᠷ᠎ᠡ ᠬᠦᠷᠴᠦ ᠢᠷᠡᠬᠦ ᠳᠦ᠂ ᠭᠧᠬᠠᠽᠢ ᠡᠳᠡᠭᠡᠷ ᠵᠦᠢᠯᠡᠰ ᠢ ᠵᠠᠷᠤᠴᠠ ᠶᠢᠨ ᠭᠠᠷ ᠠᠴᠠ ᠠᠪᠴᠤ᠂ ᠭᠡᠷ ᠲᠦ ᠣᠷᠣᠭᠤᠯᠤᠭᠠᠳ ᠲᠡᠳᠡᠨ ᠢ ᠪᠤᠴᠠᠭᠠᠯ᠎ᠠ᠃
25 ᠲᠡᠷᠡ ᠭᠡᠷ ᠲᠦ ᠣᠷᠣᠵᠤ ᠡᠵᠡᠨ ᠦ ᠪᠠᠨ ᠡᠮᠦᠨ᠎ᠡ ᠵᠣᠭᠰᠣᠬᠤ ᠳᠤ᠂ ᠡᠯᠢᠱᠠ᠄ 《ᠭᠧᠬᠠᠽᠢ᠂ ᠴᠢ ᠬᠠᠮᠢᠭ᠎ᠠ ᠪᠠᠢᠪᠠ︖》 ᠭᠡᠵᠦ ᠠᠰᠠᠭᠤᠪᠠ᠃ ᠲᠡᠷᠡ᠄ 《ᠲᠠᠨ ᠤ ᠵᠠᠷᠤᠴᠠ ᠬᠠᠮᠢᠭ᠎ᠠ ᠴᠤ ᠶᠠᠪᠤᠭᠰᠠᠨ ᠦᠭᠡᠢ》 ᠭᠡᠰᠡᠨ ᠳᠦ᠂ 26 ᠡᠯᠢᠱᠠ᠄ 《ᠨᠥᠭᠥᠭᠡ ᠬᠥᠮᠦᠨ ᠴᠢᠮᠠᠶᠢ ᠤᠭᠲᠤᠬᠤ ᠪᠠᠷ ᠲᠡᠷᠭᠡᠨ ᠡᠴᠡ ᠪᠡᠨ ᠪᠠᠭᠤᠬᠤ ᠳᠤ᠂ ᠮᠢᠨᠦ ᠵᠢᠷᠦᠬᠡ ᠬᠥᠳᠡᠯᠦᠭᠡ ᠦᠭᠡᠢ 8 ᠭᠡᠵᠢ ᠤᠤ︖ ᠣᠳᠣ ᠴᠢᠨᠢ ᠮᠥᠩᠭᠥ᠂ ᠬᠤᠪᠴᠠᠰᠤ᠂ ᠴᠢᠳᠦᠨ᠂ ᠦᠵᠦᠮ ᠦᠨ ᠬᠦᠷᠢᠶᠡᠯᠡᠩ᠂ ᠬᠣᠨᠢ᠂ ᠦᠬᠡᠷ᠂ ᠡᠷ᠎ᠡ ᠡᠮ᠎ᠡ ᠪᠣᠭᠣᠯ ᠵᠡᠷᠭᠡ ᠶᠢ ᠠᠪᠴᠤ ᠪᠣᠯᠬᠤ ᠴᠠᠭ ᠤᠤ︖ 27 ᠨᠠᠮᠠᠨ ᠤ ᠤᠶᠠᠮᠠᠨ ᠡᠪᠡᠳᠴᠢᠨ ᠴᠢᠮ᠎ᠠ ᠳᠤ ᠪᠣᠯᠣᠨ ᠴᠢᠨᠦ ᠦᠷ᠎ᠡ ᠤᠳᠤᠮ ᠳᠤ ᠮᠥᠩᠬᠡᠳᠡ ᠲᠤᠰᠬᠤ ᠪᠣᠯᠲᠤᠭᠠᠢ》 ᠭᠡᠪᠡ᠃ ᠭᠧᠬᠠᠽᠢ ᠡᠯᠢᠱᠠ ᠶᠢᠨ ᠬᠠᠵᠠᠭᠤ ᠠᠴᠠ ᠭᠠᠷᠴᠤ ᠢᠷᠡᠬᠦ ᠳᠡᠭᠡᠨ ᠤᠶᠠᠮᠠᠨ ᠡᠪᠡᠳᠴᠢᠨ ᠡᠴᠡ ᠪᠣᠯᠣᠭᠠᠳ ᠴᠠᠰᠤ ᠴᠠᠭᠠᠨ ᠪᠣᠯᠣᠭᠰᠠᠨ ᠪᠠᠢᠪᠠ᠃